ᠪᠠᠶᠠᠨ ᠴᠠᠭᠠᠨ ᠰᠠᠬᠠᠯ
ᠨᠡᠶᠢᠲᠡᠯᠡᠭᠰᠡᠨ ᠴᠠᠭ᠄
2019/12/18
     ᠲᠠᠷᠢᠶᠠᠴᠢᠨ ᠮᠤᠩᠭᠤᠯᠴᠤᠳ ᠨᠠᠮᠤᠷ ᠲᠠᠷᠢᠶ᠎ᠠ ᠪᠠᠨ ᠬᠠᠳᠤᠵᠤ ᠬᠤᠷᠢᠶᠠᠬᠤ ᠳᠤ ᠪᠠᠨ ᠬᠠᠮᠤᠭ ᠰᠡᠭᠦᠯ ᠳᠤ ᠨᠢ ᠤᠷᠭᠤᠴᠠ ᠰᠠᠶᠢᠲᠠᠢ ᠨᠢᠭᠡ ᠬᠡᠰᠡᠭ ᠢ ᠨᠢ ᠬᠠᠳᠤᠬᠤ ᠦᠭᠡᠢ ᠦᠯᠡᠳᠡᠭᠡᠨ᠎ᠡ᠃ ᠡᠭᠦᠨ ᠢᠶᠠᠨ ︽ᠪᠠᠶᠠᠨ ᠴᠠᠭᠠᠨ ᠰᠠᠬᠠᠯ︾ ᠭᠡᠳᠡᠭ᠃ ᠲᠠᠷᠢᠶ᠎ᠠ ᠬᠠᠳᠤᠵᠤ ᠳᠠᠭᠤᠰᠬᠤ ᠡᠳᠦᠷ ᠬᠦᠮᠦᠰ ᠴᠠᠭᠠᠨ ᠢᠳᠡᠭᠡ ᠪᠠ ᠠᠷᠢᠬᠢ ᠳᠠᠷᠠᠰᠤ ᠪᠠᠷ ᠢᠶᠠᠨ ᠪᠠᠶᠠᠨ ᠴᠠᠭᠠᠨ ᠰᠠᠬᠠᠯ ᠢᠶᠠᠨ ᠲᠠᠬᠢᠵᠤ᠄      ︽ᠬᠠᠷ᠎ᠠ ᠦᠬᠡᠷ ᠤᠨ ᠬᠠᠪᠢᠷᠭ᠎ᠠ ᠴᠢᠨᠡᠭᠡ ᠤᠷᠭᠤᠵᠤ      ᠬᠠᠮᠤᠭ ᠪᠦᠭᠦᠳᠡ ᠶᠢ ᠭᠠᠶᠢᠬᠠᠲᠠᠯ᠎ᠠ ᠤᠷᠭᠤᠵᠤ      ᠤᠨᠤᠭ᠎ᠠ ᠪᠠᠷ ᠭᠠᠷᠬᠤ ᠬᠦᠮᠦᠨ ᠪᠠᠭᠤᠭᠠᠳ ᠦᠵᠡᠮᠡᠷ      ᠶᠠᠪᠠᠭᠠᠨ ᠭᠠᠷᠬᠤ ᠬᠦᠮᠦᠨ ᠰᠠᠭᠤᠭᠠᠳ ᠦᠵᠡᠮᠡᠷ      ᠡᠨᠡ ᠵᠢᠯ ᠮᠢᠩᠭᠠᠨ ᠪᠤᠭᠤᠵᠢ ᠬᠠᠳᠤᠵᠤ      ᠡᠷᠭᠢᠬᠦ ᠵᠢᠯ ᠡᠨᠡ ᠵᠢᠯ ᠠᠴᠠ ᠢᠯᠡᠭᠦᠦ ᠤᠷᠭᠤᠬᠤ ᠪᠤᠯᠲᠤᠭᠠᠢ︕︾ ᠭᠡᠬᠦ ᠮᠡᠲᠦ ᠪᠠᠷ ᠢᠷᠦᠭᠡᠳᠡᠭ᠃       ︵ᠱᠠᠭᠠᠯᠠᠢ ᠠᠯᠳᠠᠷᠠᠢ ᠶᠢᠨ ᠨᠠᠶᠢᠷᠠᠭᠤᠯᠤᠭᠰᠠᠨ  ︽ᠮᠤᠩᠭᠤᠯ ᠤᠯᠠᠮᠵᠢᠯᠠᠯᠲᠤ ᠶᠤᠰᠤ ᠵᠠᠩᠰᠢᠯ ︵ᠠᠵᠤ ᠠᠮᠢᠳᠤᠷᠠᠯ︶︾ ᠭᠡᠬᠦ ᠨᠤᠮ ᠠᠴᠠ ᠰᠤᠩᠭᠤᠨ ᠰᠡᠶᠢᠷᠡᠭᠦᠯᠪᠠ᠃︶
 
ᠢᠷᠡᠯᠲᠡ᠄ ᠮᠤᠩᠭᠤᠯ ᠤᠯᠠᠮᠵᠢᠯᠠᠯᠲᠤ ᠶᠤᠰᠤ ᠵᠠᠩᠰᠢᠯ ︵ᠠᠵᠤ ᠠᠮᠢᠳᠤᠷᠠᠯ︶
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号