︵1997 ᠤᠨ ᠤ 7 ᠰᠠᠷ᠎ᠠ ᠶᠢᠨ 3 ᠤ ᠡᠳᠤᠷ ᠨᠠᠢᠮᠠᠳᠤᠭᠠᠷ ᠤᠳᠠᠭᠠᠨ ᠤ ᠪᠦᠬᠦ ᠤᠯᠤᠰ ᠤᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠭᠡᠰᠢᠭᠦᠨ ᠤ ᠬᠤᠷᠠᠯ ᠤᠨ ᠬᠤᠷᠢᠨ ᠵᠢᠷᠭᠤᠳᠤᠭᠠᠷ ᠬᠤᠷᠠᠯ ᠠᠴᠠ | ᠵᠦᠪᠰᠢᠶᠡᠷᠡᠭᠰᠡᠨ 2007 ᠤᠨ ᠤ 8 ᠰᠠᠷ᠎ᠠ ᠶᠢᠨ 30 ᠤ ᠡᠳᠤᠷ ᠠᠷᠪᠠᠳᠤᠭᠠᠷ ᠤᠳᠠᠭᠠᠨ ᠤ ᠪᠦᠬᠦ ᠤᠯᠤᠰ ᠤᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠭᠡᠰᠢᠭᠦᠨ ᠤ ᠬᠤᠷᠠᠯ ᠤᠨ ᠬᠤᠷᠢᠨ ᠶᠢᠰᠦᠳᠦᠭᠡᠷ ᠬᠤᠷᠠᠯ ᠤᠨ ᠬᠢᠨᠠᠨ | ᠵᠠᠰᠠᠯᠲᠠ︶ | | ᠭᠠᠷᠴᠠᠭ | ᠨᠢᠭᠡᠳᠦᠭᠡᠷ ᠪᠦᠯᠦᠭ ᠶᠡᠷᠦᠩᠭᠡᠢ ᠳᠦᠷᠢᠮ | ᠬᠤᠶᠠᠳᠤᠭᠠᠷ ᠪᠦᠯᠦᠭ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ | ᠭᠤᠷᠪᠠᠳᠤᠭᠠᠷ ᠪᠦᠯᠦᠭ ᠠᠮᠢᠲᠠᠨ ᠤ ᠬᠢᠵᠢᠭ ᠤᠨ ᠪᠠᠶᠢᠳᠠᠯ ᠢ ᠮᠡᠳᠡᠭᠦᠯᠬᠦ᠂ ᠮᠡᠳᠡᠭᠳᠡᠬᠦ ᠪᠠ ᠨᠡᠶᠢᠳᠡᠯᠡᠬᠦ | ᠳᠦᠷᠪᠡᠳᠦᠭᠡᠷ ᠪᠦᠯᠦᠭ ᠠᠮᠢᠲᠠᠨ ᠤ ᠬᠢᠵᠢᠭ ᠡᠪᠡᠳᠴᠢᠨ ᠢ ᠬᠢᠵᠠᠭᠠᠷᠯᠠᠬᠤ ᠪᠠ ᠠᠷᠢᠯᠭᠠᠬᠤ | ᠲᠠᠪᠤᠳᠤᠭᠠᠷ ᠪᠦᠯᠦᠭ ᠠᠮᠢᠲᠠᠨ ᠪᠠ ᠠᠮᠢᠲᠠᠨ ᠤ ᠠᠰᠢᠬ ᠰᠢᠮ᠎ᠠ ᠶᠢᠨ ᠬᠢᠵᠢᠭ ᠢ ᠪᠠᠶᠢᠴᠠᠭᠠᠬᠤ | ᠵᠢᠷᠭᠤᠳᠤᠭᠠᠷ ᠪᠦᠯᠦᠭ ᠠᠮᠢᠲᠠᠨ ᠢ ᠤᠨᠤᠰᠢᠯᠠᠨ ᠡᠮᠨᠡᠯᠭᠡ | ᠳᠤᠯᠤᠳᠤᠭᠠᠷ ᠪᠦᠯᠦᠭ ᠬᠢᠨᠠᠵᠦ ᠬᠠᠮᠢᠶᠠᠷᠬᠤ | ᠨᠠᠢᠮᠠᠳᠤᠭᠠᠷ ᠪᠦᠯᠦᠭ ᠪᠠᠳᠤᠯᠠᠬᠤ ᠠᠷᠭ᠎ᠠ ᠬᠡᠮᠵᠢᠶ᠎ᠡ | ᠶᠢᠰᠦᠳᠦᠭᠡᠷ ᠪᠦᠯᠦᠭ ᠬᠠᠤᠯᠢ ᠴᠠᠭᠠᠵᠠ ᠶᠢᠨ ᠬᠠᠷᠢᠭᠤᠴᠠᠯᠭ᠎ᠠ | ᠠᠷᠪᠠᠳᠤᠭᠠᠷ ᠪᠦᠯᠦᠭ ᠳᠠᠭᠠᠯᠳᠤᠭᠤᠯᠤᠭᠰᠠᠨ ᠳᠦᠷᠢᠮ | | ᠨᠢᠭᠡᠳᠦᠭᠡᠷ ᠪᠦᠯᠦᠭ ᠶᠡᠷᠦᠩᠭᠡᠢ ᠳᠦᠷᠢᠮ | ᠨᠢᠭᠡᠳᠦᠭᠡᠷ ᠵᠦᠢᠯ ᠠᠮᠢᠳᠠᠨ ᠤ ᠬᠢᠵᠢᠭ ᠢ ᠰᠠᠷᠬᠡᠶᠢᠯᠡᠬᠦ ᠠᠵᠢᠯᠯᠠᠭᠠᠨ ᠤ ᠬᠠᠮᠢᠶᠠᠷᠤᠯᠲᠠ ᠶᠢ ᠴᠢᠩᠭᠠᠳᠬᠠᠵᠤ᠂ ᠠᠮᠢᠲᠠᠨ | ᠤ ᠬᠢᠵᠢᠭ ᠡᠪᠡᠳᠴᠢᠨ ᠢ ᠤᠷᠢᠳᠴᠢᠯᠠᠨ ᠰᠠᠷᠬᠡᠶᠢᠯᠡᠵᠦ᠂ ᠬᠢᠵᠠᠭᠠᠷᠯᠠᠬᠤ ᠪᠠ ᠠᠷᠢᠯᠭᠠᠵᠦ᠂ ᠲᠡᠵᠢᠭᠡᠨ ᠦᠷᠡᠵᠢᠭᠦᠯᠬᠦ | ᠦᠢᠯᠡᠰ ᠤᠨ ᠬᠦᠭᠵᠢᠯᠲᠡ ᠶᠢ ᠠᠭᠢᠭᠤᠯᠵᠤ᠂ ᠬᠦᠮᠦᠨ ᠤ ᠪᠡᠶ᠎ᠡ ᠶᠢᠨ ᠡᠷᠡᠭᠦᠯ ᠮᠡᠨᠳᠦ ᠶᠢ ᠬᠠᠮᠠᠭᠠᠯᠠᠵᠤ᠂ ᠣᠯᠠᠨ ᠨᠡᠶᠢᠳᠡ ᠶᠢᠨ | ᠡᠷᠡᠭᠦᠯ ᠬᠠᠮᠠᠭᠠᠯᠠᠯ ᠤᠨ ᠠᠮᠤᠷ ᠲᠦᠪᠰᠢᠨ ᠢ ᠬᠠᠮᠠᠭᠠᠯᠠᠬᠤ ᠶᠢᠨ ᠲᠦᠯᠦᠭᠡ ᠲᠤᠰ ᠬᠠᠤᠯᠢ ᠶᠢ ᠲᠤᠭᠲᠠᠭᠠᠪᠠ᠃ | ᠬᠤᠶᠠᠳᠤᠭᠠᠷ ᠵᠦᠢᠯ ᠲᠤᠰ ᠬᠠᠤᠯᠢ ᠶᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠤᠳᠤᠭ ᠳᠡᠪᠢᠰᠭᠡᠷ | ᠳᠤᠲᠤᠷᠠᠬᠢ ᠠᠮᠢᠲᠠᠨ ᠤ ᠬᠢᠵᠢᠭ ᠢ ᠰᠡᠷᠬᠡᠶᠢᠯᠡᠬᠦ ᠪᠠ ᠲᠡᠭᠦᠨ ᠢ ᠬᠢᠨᠠᠵᠤ ᠬᠠᠮᠢᠶᠠᠷᠬᠤ ᠠᠵᠢᠯᠯᠠᠭ᠎ᠠ ᠳᠤ ᠬᠡᠷᠡᠭᠯᠡᠨ᠎ᠠ ᠬᠢᠯᠢ ᠪᠠᠷ | ᠤᠷᠤᠭᠤᠯᠵᠤ ᠭᠠᠷᠭᠠᠬᠤ ᠠᠮᠢᠲᠠᠨ᠂ ᠠᠮᠢᠲᠠᠨ ᠤ ᠠᠰᠢᠭ ᠰᠢᠮ᠎ᠡ ᠶᠢᠨ ᠬᠢᠵᠢᠭ ᠢ ᠪᠠᠶᠢᠴᠠᠭᠠᠬᠤ ᠳᠤ ︽ᠪᠦᠭᠦᠳᠡ ᠨᠠᠶᠢᠷᠠᠮᠳᠠᠬᠤ | ᠳᠤᠮᠳᠠᠳᠤ ᠠᠷᠠᠳ ᠤᠯᠤᠰ ᠤᠨ ᠬᠢᠯᠢ ᠪᠠᠷ ᠤᠷᠤᠭᠤᠯᠵᠤ ᠭᠠᠷᠭᠠᠬᠤ ᠠᠮᠢᠲᠠᠨ ᠤᠷᠭᠤᠮᠠᠯ ᠤᠨ ᠬᠢᠵᠢᠭ ᠢ | ᠪᠠᠶᠢᠴᠠᠭᠠᠬᠤ ᠬᠠᠤᠯᠢ︾ ᠶᠢ ᠬᠡᠷᠡᠭᠯᠡᠨ᠎ᠠ᠃ | ᠭᠤᠷᠪᠠᠳᠤᠭᠠᠷ ᠵᠦᠢᠯ ᠲᠤᠰ ᠬᠠᠤᠯᠢ ᠳᠤ ᠬᠡᠯᠡᠵᠦ ᠪᠠᠶᠢᠭ᠎ᠠ ᠠᠮᠢᠲᠠᠨ ᠭᠡᠳᠡᠭ ᠪᠤᠯ ᠳᠠᠵᠢᠭᠡᠪᠦᠷᠢ ᠮᠠᠯ ᠵᠢᠭᠦᠷᠳᠡᠨ ᠪᠠ | ᠬᠦᠮᠦᠨ ᠤ ᠬᠦᠴᠤ ᠪᠠᠷ ᠠᠷᠠᠴᠢᠯᠠᠵᠤ ᠲᠡᠵᠢᠭᠡᠭᠰᠡᠨ᠂ ᠬᠠᠤᠯᠢ ᠶᠤᠰᠤᠭᠠᠷ ᠠᠩᠨᠠᠵᠤ ᠪᠠᠷᠢᠭᠰᠠᠨ ᠪᠤᠰᠤᠳ ᠠᠮᠢᠲᠠᠨ ᠢ ᠵᠢᠭᠠᠵᠤ | ᠪᠠᠶᠢᠨ᠎ᠠ ᠲᠤᠰ ᠬᠠᠤᠯᠢ ᠳᠤ ᠬᠡᠯᠡᠵᠦ ᠪᠠᠶᠢᠭ᠎ᠠ ᠠᠮᠢᠲᠠᠨ ᠤ ᠠᠰᠢᠭ ᠰᠢᠮ᠎ᠡ ᠭᠡᠳᠡᠭ ᠪᠤᠯ ᠠᠮᠢᠲᠠᠨ ᠤ ᠮᠢᠬ᠎ᠠ᠂ ᠲᠦᠭᠦᠬᠡᠢ | ᠠᠷᠠᠰᠤ᠂ ᠴᠤᠯᠭᠤᠢ ᠨᠤᠤᠰᠤ᠂ ᠨᠤᠣᠯᠤᠭᠤᠷ᠂ ᠳᠤᠳᠤᠷ ᠡᠷᠬᠡᠳᠡᠨ᠂ ᠦᠭᠡᠬᠦ᠂ ᠴᠢᠰᠤ᠂ ᠦᠷ᠎ᠡ ᠶᠢᠨ ᠰᠢᠩᠭᠡᠨ᠂ ᠦᠨᠳᠡᠭᠡ᠂ | ᠬᠦᠪᠦᠷᠡᠯ᠂ ᠶᠠᠰᠤ᠂ ᠲᠤᠭᠤᠷᠠᠢ᠂ ᠲᠤᠯᠤᠭᠠᠢ᠂ ᠡᠪᠡᠷ᠂ ᠰᠢᠷᠪᠦᠰᠦ ᠵᠢᠴᠢ ᠠᠮᠢᠲᠠᠨ ᠤ ᠬᠢᠵᠢᠭ ᠡᠪᠡᠳᠴᠢᠨ ᠢ ᠬᠠᠯᠳᠠᠭᠠᠨ | ᠳᠡᠯᠭᠡᠷᠡᠭᠦᠯᠵᠦ ᠮᠡᠳᠡᠬᠦ ᠰᠦ᠂ ᠦᠨᠳᠡᠭᠡ ᠵᠡᠷᠭᠡ ᠶᠢ ᠵᠢᠭᠠᠵᠤ ᠪᠠᠶᠢᠨ᠎ᠠ ᠲᠤᠰ ᠬᠠᠤᠯᠢ ᠳᠤ ᠬᠡᠯᠡᠵᠦ ᠪᠠᠶᠢᠭ᠎ᠠ ᠠᠮᠢᠲᠠᠨ ᠤ ᠬᠢᠵᠢᠭ | ᠡᠪᠡᠳᠴᠢᠨ ᠭᠡᠳᠡᠭ ᠪᠤᠯ ᠠᠮᠢᠲᠠᠨ ᠤ ᠬᠠᠯᠳᠠᠪᠤᠷᠢᠳᠤ ᠡᠪᠡᠳᠴᠢᠨ᠂ ᠰᠢᠮᠡᠭᠦᠷ ᠬᠤᠷᠤᠬᠠᠶᠢᠲᠤ ᠡᠪᠡᠳᠴᠢᠨ ᠢ ᠵᠢᠭᠠᠵᠤ ᠪᠠᠶᠢᠨ᠎ᠠ | ᠲᠤᠰ ᠬᠠᠤᠯᠢ ᠳᠤ ᠬᠡᠯᠡᠵᠦ ᠪᠠᠶᠢᠭ᠎ᠠ ᠠᠮᠢᠲᠠᠨ ᠤ ᠬᠢᠵᠢᠭ ᠢ ᠰᠠᠷᠬᠡᠶᠢᠯᠡᠬᠦ ᠭᠡᠳᠡᠭ ᠪᠤᠯ ᠠᠮᠢᠲᠠᠨ ᠤ ᠬᠢᠵᠢᠭ ᠡᠪᠡᠳᠴᠢᠨ ᠢ | ᠤᠷᠢᠳᠴᠢᠯᠠᠨ ᠰᠡᠷᠬᠡᠶᠢᠯᠡᠬᠦ᠂ ᠬᠢᠵᠠᠭᠠᠷᠯᠠᠬᠤ᠂ ᠠᠷᠢᠯᠭᠠᠬᠤ ᠪᠠ ᠠᠮᠢᠲᠠᠨ᠂ ᠠᠮᠢᠲᠠᠨ ᠤ ᠠᠰᠢᠭ ᠰᠢᠮ᠎ᠡ ᠶᠢᠨ ᠬᠢᠵᠢᠭ ᠢ | ᠪᠠᠶᠢᠴᠠᠭᠠᠬᠤ ᠶᠢ ᠵᠢᠭᠠᠵᠤ ᠪᠠᠶᠢᠨ᠎ᠠ᠃ | ᠳᠦᠷᠪᠡᠳᠦᠭᠡᠷ ᠵᠦᠢᠯ ᠠᠮᠢᠲᠠᠨ ᠤ ᠬᠢᠵᠢᠭ ᠡᠪᠡᠳᠴᠢᠨ ᠠᠴᠠ ᠲᠡᠵᠢᠭᠡᠨ ᠦᠷᠡᠵᠢᠬᠦᠯᠬᠦ ᠦᠢᠯᠡᠰ ᠤᠨ ᠦᠢᠯᠡᠳᠪᠦᠷᠢᠯᠡᠯ | ᠪᠠ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠤᠴᠠᠷᠠᠭᠤᠯᠬᠤ ᠬᠤᠤᠷ ᠬᠦᠨᠦᠭᠡᠯ ᠤᠨ ᠬᠡᠮᠵᠢᠶ᠎ᠡ ᠶᠢ ᠦᠨᠳᠦᠰᠦᠯᠡᠨ᠂ ᠲᠤᠰ | ᠬᠠᠤᠯᠢ ᠳᠤ ᠬᠠᠮᠢᠶᠠᠷᠬᠤ ᠪᠠᠷ ᠲᠣᠭᠲᠠᠭᠠᠭᠰᠠᠨ ᠠᠮᠢᠲᠠᠨ ᠤ ᠬᠢᠵᠢᠭ ᠡᠪᠡᠳᠴᠢᠨ ᠢ ᠳᠤᠤᠷ᠎ᠠ ᠵᠢᠭᠰᠠᠭᠠᠭᠰᠠᠨ ᠭᠤᠷᠪᠠᠨ | ᠲᠦᠷᠦᠯ ᠳᠤ ᠬᠤᠪᠢᠶᠠᠨ᠎ᠠ᠃ | ︵ᠨᠢᠭᠡ︶ ᠨᠢᠭᠡᠳᠦᠭᠡᠷ ᠲᠦᠷᠦᠯ ᠤᠨ ᠬᠢᠵᠢᠭ ᠡᠪᠡᠳᠴᠢᠨ ᠭᠡᠳᠡᠭ ᠪᠤᠯ ᠠᠯᠪᠠᠳᠠᠯᠭ᠎ᠠ ᠪᠠᠷ ᠤᠷᠢᠳᠴᠢᠯᠠᠨ ᠰᠡᠷᠬᠡᠶᠢᠯᠡᠬᠦ᠂ | ᠬᠢᠵᠠᠭᠠᠷᠯᠠᠬᠤ᠂ ᠠᠷᠢᠯᠭᠠᠬᠤ ᠵᠡᠷᠭᠡ ᠪᠠᠴᠢᠮ ᠪᠦᠭᠡᠳ ᠴᠢᠩᠭ᠎ᠠ ᠠᠷᠭ᠎ᠠ ᠬᠡᠮᠵᠢᠶ᠎ᠡ ᠠᠪᠬᠤ ᠴᠢᠬᠤᠯᠠᠲᠠᠢ ᠬᠦᠮᠦᠨ ᠪᠣᠯᠤᠨ ᠮᠠᠯ ᠳᠤ | ᠬᠦᠨᠳᠦ ᠨᠣᠴᠢᠲᠠᠢ ᠬᠤᠤᠷ ᠬᠦᠨᠦᠭᠡᠯ ᠤᠴᠠᠷᠠᠭᠤᠯᠳᠠᠭ ᠬᠢᠵᠢᠭ ᠡᠪᠡᠳᠴᠢᠨ ᠢ ᠵᠢᠭᠠᠵᠤ ᠪᠠᠶᠢᠨ᠎ᠠ︔ | ︵ᠬᠤᠶᠠᠷ︶ ᠬᠤᠶᠠᠳᠤᠭᠠᠷ ᠲᠦᠷᠦᠯ ᠤᠨ ᠬᠢᠵᠢᠭ ᠡᠪᠡᠳᠴᠢᠨ ᠭᠡᠳᠡᠭ ᠪᠤᠯ ᠴᠢᠩᠭ᠎ᠠ ᠬᠢᠵᠠᠭᠠᠷᠯᠠᠬᠤ᠂ ᠠᠷᠢᠯᠭᠠᠬᠤ | ᠵᠡᠷᠭᠡ ᠠᠷᠭ᠎ᠠ ᠬᠡᠮᠵᠢᠶ᠎ᠡ ᠠᠪᠴᠤ ᠪᠠᠶᠢᠭᠠᠳ ᠲᠡᠷᠬᠠᠨ ᠳᠠᠯᠭᠡᠷᠡᠬᠦ ᠶᠢ ᠨᠢ ᠰᠡᠷᠬᠡᠶᠢᠯᠡᠨ ᠬᠤᠷᠢᠭᠯᠠᠬᠤ ᠴᠢᠬᠤᠯᠠᠲᠠᠢ ᠠᠵᠤ | ᠠᠬᠤᠢ ᠶᠢᠨ ᠬᠦᠨᠳᠦ ᠶᠡᠭᠡ ᠬᠤᠬᠢᠷᠠᠯ ᠤᠴᠠᠷᠠᠭᠤᠯᠵᠤ ᠮᠡᠳᠡᠬᠦ ᠬᠢᠵᠢᠭ ᠡᠪᠡᠳᠴᠢᠨ ᠢ ᠵᠢᠭᠠᠵᠤ ᠪᠠᠶᠢᠨ᠎ᠠ︔ | ︵ᠭᠤᠷᠪᠠ︶ ᠭᠤᠷᠪᠠᠳᠤᠭᠠᠷ ᠲᠦᠷᠦᠯ ᠤᠨ ᠬᠢᠵᠢᠭ ᠡᠪᠡᠳᠴᠢᠨ ᠭᠡᠳᠡᠭ ᠪᠤᠯ ᠦᠷᠬᠦᠯᠵᠢ ᠳᠤᠬᠢᠶᠠᠯᠳᠤᠳᠠᠭ ᠪᠦᠭᠡᠳ | ᠤᠯᠠᠨᠳᠠ ᠡᠭᠦᠰᠳᠡᠭ᠂ ᠠᠵᠤ ᠠᠬᠤᠢ ᠶᠢᠨ ᠬᠦᠨᠳᠦ ᠶᠡᠭᠡ ᠬᠤᠬᠢᠷᠠᠯ ᠤᠴᠠᠷᠠᠭᠤᠯᠵᠤ ᠮᠡᠳᠡᠬᠦ᠂ ᠬᠢᠵᠠᠭᠠᠷᠯᠠᠬᠤ ᠪᠠ | ᠴᠡᠪᠡᠷᠰᠢᠬᠦᠯᠬᠦ ᠴᠢᠬᠤᠯᠠᠲᠠᠢ ᠬᠢᠵᠢᠭ ᠡᠪᠡᠳᠴᠢᠨ ᠢ ᠵᠢᠭᠠᠵᠤ ᠪᠠᠶᠢᠨ᠎ᠠ᠃ ᠡᠮᠦᠨᠡᠬᠢ ᠪᠠᠳᠠᠭ ᠲᠤ ᠳᠤᠷᠠᠳᠤᠭᠰᠠᠨ ᠨᠢᠭᠡᠳᠦᠭᠡᠷ᠂ | ᠬᠤᠶᠠᠳᠤᠭᠠᠷ᠂ ᠭᠤᠷᠪᠠᠳᠤᠭᠠᠷ ᠲᠦᠷᠦᠯ ᠤᠨ ᠠᠮᠢᠲᠠᠨ ᠤ ᠬᠢᠵᠢᠭ ᠡᠪᠡᠳᠴᠢᠨ ᠤ ᠪᠤᠳᠠᠳᠠᠢ ᠡᠪᠡᠳᠴᠢᠨ ᠤ ᠲᠦᠷᠦᠯ ᠤᠨ | ᠨᠡᠷᠡᠰ ᠤᠨ ᠵᠢᠭᠰᠠᠭᠠᠯᠲᠠ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠠᠴᠠ ᠲᠤᠭᠲᠠᠭᠠᠵᠦ ᠨᠡᠶᠢᠳᠡᠯᠡᠨ᠎ᠡ᠃ | ᠲᠠᠪᠤᠳᠤᠭᠠᠷ ᠵᠦᠢᠯ ᠤᠯᠤᠰ ᠠᠴᠠ ᠠᠮᠢᠲᠠᠨ ᠤ ᠬᠢᠵᠢᠭ ᠡᠪᠡᠳᠴᠢᠨ ᠳᠤ ᠤᠷᠢᠳᠴᠢᠯᠠᠨ ᠰᠡᠷᠬᠡᠶᠢᠯᠡᠬᠦ ᠪᠠᠷ ᠭᠤᠤᠯ | ᠪᠤᠯᠭᠠᠬᠤ ᠴᠢᠭᠯᠡᠯᠲᠡ ᠶᠢ ᠬᠡᠷᠡᠭᠵᠢᠭᠦᠯᠦᠨ᠎ᠡ᠃ | ᠵᠢᠷᠭᠤᠳᠤᠭᠠᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠠᠮᠢᠲᠠᠨ ᠤ ᠬᠢᠵᠢᠭ ᠢ | ᠰᠡᠷᠬᠡᠶᠢᠯᠡᠬᠦ ᠠᠵᠢᠯ ᠤᠨ ᠲᠤᠬᠠᠢ ᠨᠢᠭᠡᠳᠦᠯᠳᠡᠢ ᠤᠳᠤᠷᠢᠳᠤᠯᠭ᠎ᠠ ᠪᠠᠨ ᠴᠢᠩᠭᠠᠳᠬᠠᠵᠤ᠂ ᠦᠨᠳᠦᠰᠦᠨ ᠱᠠᠳᠤᠨ ᠤ ᠠᠮᠢᠲᠠᠨ ᠤ | ᠬᠢᠵᠢᠭ ᠢ ᠰᠡᠷᠬᠡᠶᠢᠯᠡᠬᠦ ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠨ᠂ ᠠᠮᠢᠲᠠᠨ ᠤ ᠬᠢᠵᠢᠭ ᠢ ᠰᠡᠷᠬᠡᠶᠢᠯᠡᠬᠦ ᠰᠢᠰᠲ᠋ᠧᠮ ᠢ | ᠪᠠᠶᠢᠭᠤᠯᠤᠨ ᠲᠡᠭᠦᠯᠳᠡᠷᠵᠢᠭᠦᠯᠵᠦ᠂ ᠠᠮᠢᠲᠠᠨ ᠤ ᠬᠢᠵᠢᠭ ᠡᠪᠡᠳᠴᠢᠨ ᠢ ᠰᠡᠷᠬᠡᠶᠢᠯᠡᠵᠦ ᠵᠠᠰᠠᠬᠤ ᠲᠦᠯᠦᠪᠵᠢᠭᠦᠯᠭᠡ | ᠲᠤᠭᠲᠠᠭᠠᠬᠤ ᠶᠢᠨ ᠬᠠᠮᠳᠤ ᠵᠤᠬᠢᠶᠠᠨ ᠪᠠᠶᠢᠭᠤᠯᠵᠤ ᠬᠡᠷᠡᠭᠵᠢᠭᠦᠯᠬᠦ ᠬᠡᠷᠡᠭᠲᠡᠢ᠃ ᠰᠢᠶᠠᠩ ᠤᠨ ᠱᠠᠳᠤᠨ ᠤ ᠠᠷᠠᠳ ᠤᠨ | ᠵᠠᠰᠠᠭ ᠤᠨ ᠤᠷᠳᠤᠨ᠂ ᠬᠤᠳᠠ ᠶᠢᠨ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠬᠢᠨ ᠤᠯᠠᠨ ᠲᠦᠮᠡᠨ ᠢ ᠵᠤᠬᠢᠶᠠᠨ | ᠪᠠᠶᠢᠭᠤᠯᠵᠦ᠂ ᠲᠤᠰ ᠬᠠᠷᠢᠶ᠎ᠠ ᠤᠷᠤᠨ ᠤ ᠳᠤᠲᠤᠷᠠᠬᠢ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠪᠠ | ᠬᠢᠵᠠᠭᠠᠷᠯᠠᠬᠤ ᠠᠵᠢᠯ ᠢ ᠬᠠᠪᠰᠤᠷᠴᠤ ᠰᠠᠶᠢᠳᠤᠷ ᠬᠢᠬᠦ ᠬᠡᠷᠡᠭᠲᠡᠢ᠃ | ᠳᠤᠯᠤᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠪᠦᠬᠦ ᠤᠯᠤᠰ ᠤᠨ ᠠᠮᠢᠲᠠᠨ ᠤ ᠬᠢᠵᠢᠭ ᠢ ᠰᠡᠷᠬᠡᠶᠢᠯᠡᠬᠦ ᠠᠵᠢᠯ ᠢ ᠡᠷᠬᠢᠯᠡᠨ ᠬᠠᠮᠢᠶᠠᠷᠦᠨ᠎ᠠ᠃ ᠰᠢᠶᠠᠨ ᠤ | ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠲᠤᠰ ᠵᠠᠰᠠᠭ ᠵᠠᠬᠢᠷᠭᠠᠨ ᠤ ᠤᠷᠤᠨ ᠤ ᠳᠤᠲᠤᠷᠠᠬᠢ ᠠᠮᠢᠲᠠᠨ ᠤ ᠬᠢᠵᠢᠭ ᠢ ᠰᠡᠷᠬᠡᠶᠢᠯᠡᠬᠦ | ᠠᠵᠢᠯ ᠢ ᠡᠷᠬᠢᠯᠡᠨ ᠬᠠᠮᠢᠶᠠᠷᠤᠨ᠎ᠠ᠃ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠤ ᠪᠤᠰᠤᠳ | ᠰᠠᠯᠠᠭ᠎ᠠ ᠮᠦᠴᠢᠷ ᠤᠳ ᠲᠤᠰ ᠲᠤᠰ ᠤᠨ ᠢᠶᠠᠨ ᠲᠤᠰᠢᠶᠠᠯ ᠬᠠᠷᠢᠭᠤᠴᠠᠯᠭ᠎ᠠ ᠶᠢᠨ ᠬᠡᠪᠴᠢᠶᠡᠨ ᠳᠤᠲᠤᠷ᠎ᠠ ᠠᠮᠢᠲᠠᠨ ᠤ ᠬᠢᠵᠢᠭ ᠢ | ᠰᠡᠷᠬᠡᠶᠢᠯᠡᠬᠦ ᠠᠵᠢᠯ ᠢ ᠰᠠᠶᠢᠳᠤᠷ ᠬᠢᠨ᠎ᠠ᠃ ᠴᠡᠷᠢᠭ ᠠᠩᠭᠢ ᠪᠠ ᠵᠠᠪᠰᠡᠭᠲᠦ ᠴᠠᠭᠳᠠᠭᠠᠨ ᠤ ᠴᠡᠷᠢᠭ ᠠᠩᠭᠢ ᠶᠢᠨ ᠠᠮᠢᠲᠠᠨ ᠤ | ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠡᠭᠦᠷᠭᠡ ᠴᠢᠳᠠᠪᠤᠷᠢᠳᠦ ᠰᠠᠯᠠᠭ᠎ᠠ ᠮᠦᠴᠢᠷ ᠤᠳ ᠴᠡᠷᠢᠭ ᠠᠩᠭᠢ ᠪᠠ ᠵᠡᠪᠰᠡᠭᠲᠦ | ᠴᠠᠭᠳᠠᠭᠠᠨ ᠤ ᠴᠡᠷᠢᠭ ᠠᠩᠭᠢ ᠶᠢᠨ ᠵᠢᠩᠬᠢᠨᠢ ᠠᠯᠪᠠᠨ ᠳᠤ ᠪᠠᠶᠢᠭ᠎ᠠ ᠠᠮᠢᠳᠠᠨ ᠵᠢᠴᠢ ᠦᠪᠡᠰᠦᠪᠡᠨ ᠳᠡᠵᠢᠭᠡᠵᠦ ᠬᠡᠷᠡᠭᠯᠡᠬᠦ | ᠠᠮᠢᠲᠠᠨ ᠤ ᠬᠢᠵᠢᠭ ᠢ ᠰᠡᠷᠬᠡᠶᠢᠯᠡᠬᠦ ᠠᠵᠢᠯ ᠢ ᠲᠤᠰ ᠲᠤᠰ ᠬᠠᠷᠢᠭᠤᠴᠠᠨ᠎ᠠ᠃ | ᠨᠠᠢᠮᠠᠳᠤᠭᠠᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ ᠵᠠᠰᠠᠭ ᠤᠨ ᠤᠷᠳᠤᠨ ᠤ | ᠪᠠᠶᠢᠭᠤᠯᠤᠭᠰᠠᠨ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠲᠤᠰ ᠬᠠᠤᠯᠢ ᠶᠢᠨ ᠲᠤᠭᠳᠠᠭᠠᠯ | ᠶᠤᠰᠤᠭᠠᠷ ᠠᠮᠢᠲᠠᠨ᠂ ᠠᠮᠢᠲᠠᠨ ᠤ ᠠᠰᠢᠭ ᠰᠢᠮ᠎ᠡ ᠶᠢᠨ ᠬᠢᠵᠢᠭ ᠢ ᠪᠠᠶᠢᠴᠠᠭᠠᠬᠤ ᠠᠵᠢᠯ ᠪᠠ ᠠᠮᠢᠲᠠᠨ ᠤ ᠬᠢᠵᠢᠭ ᠢ | ᠰᠠᠷᠬᠡᠶᠢᠯᠡᠬᠦ ᠳᠤ ᠬᠤᠯᠪᠤᠭᠳᠠᠬᠤ ᠪᠤᠰᠤᠳ ᠬᠢᠨᠠᠵᠤ ᠬᠠᠮᠢᠶᠠᠷᠬᠤ ᠬᠠᠤᠯᠢ ᠬᠡᠷᠡᠭᠵᠢᠬᠦᠯᠬᠦ ᠠᠵᠢᠯ ᠢ ᠬᠠᠷᠢᠭᠤᠴᠠᠨ᠎ᠠ᠃ | ᠶᠢᠰᠦᠳᠦᠭᠡᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠲᠦᠷᠦ ᠶᠢᠨ | ᠶᠠᠪᠤᠳᠠᠯ ᠤᠨ ᠬᠤᠷᠢᠶᠠᠨ ᠤ ᠲᠤᠭᠳᠠᠭᠠᠯ ᠶᠤᠰᠤᠭᠠᠷ᠂ ᠨᠢᠭᠡᠳᠦᠯᠳᠡᠢ ᠲᠦᠯᠦᠪᠵᠢᠭᠦᠯᠬᠦ᠂ ᠵᠦᠢ ᠵᠤᠬᠢᠰᠲᠠᠢ ᠪᠠᠶᠢᠷᠢᠯᠠᠭᠤᠯᠬᠤ᠂ | ᠶᠡᠷᠦᠩᠬᠡᠶᠢᠯᠡᠨ ᠳᠤᠬᠢᠷᠠᠭᠤᠯᠬᠤ ᠵᠠᠷᠴᠢᠮ ᠢ ᠦᠨᠳᠦᠰᠦᠯᠡᠵᠦ ᠠᠮᠢᠲᠠᠨ ᠤ ᠬᠢᠵᠢᠭ ᠡᠪᠡᠳᠴᠢᠨ ᠢ ᠰᠡᠷᠬᠡᠶᠢᠯᠡᠨ ᠬᠢᠵᠠᠭᠠᠷᠯᠠᠬᠤ | ᠪᠠᠶᠢᠭᠤᠯᠤᠮᠵᠢ ᠶᠢ ᠪᠠᠶᠢᠭᠤᠯᠤᠨ᠂ ᠠᠮᠢᠲᠠᠨ ᠤ ᠬᠢᠵᠢᠭ ᠡᠪᠡᠳᠴᠢᠨ ᠢ ᠬᠢᠨᠠᠨ ᠬᠡᠮᠵᠢᠬᠦ᠂ ᠰᠢᠯᠭᠠᠨ ᠬᠡᠮᠵᠢᠬᠦ᠂ ᠤᠨᠤᠰᠢᠯᠠᠬᠤ᠂ | ᠲᠠᠬᠤᠯ ᠡᠪᠡᠳᠴᠢᠨ ᠤ ᠰᠤᠳᠤᠯᠤᠯ ᠤᠨ ᠪᠠᠶᠢᠴᠠᠭᠠᠯᠲᠠ ᠬᠢᠬᠦ᠂ ᠬᠢᠵᠢᠭ ᠤᠨ ᠪᠠᠶᠢᠳᠠᠯ ᠢ ᠮᠡᠳᠡᠭᠦᠯᠬᠦ ᠵᠢᠴᠢ ᠤᠷᠢᠳᠴᠢᠯᠠᠨ | ᠰᠡᠷᠬᠡᠶᠢᠯᠡᠬᠦ᠂ ᠬᠢᠵᠠᠭᠠᠷᠯᠠᠬᠤ ᠵᠡᠷᠭᠡ ᠪᠤᠰᠤᠳ ᠮᠡᠷᠭᠡᠵᠢᠯ ᠤᠨ ᠠᠵᠢᠯ ᠢ ᠡᠭᠦᠷᠭᠡᠯᠡᠨ᠎ᠡ᠃ | ᠠᠷᠪᠠᠳᠤᠭᠠᠷ ᠵᠦᠢᠯ ᠤᠯᠤᠰ ᠠᠴᠠ ᠠᠮᠢᠲᠠᠨ ᠤ ᠬᠢᠵᠢᠭ ᠡᠪᠡᠳᠴᠢᠨ ᠤ ᠲᠤᠬᠠᠢ ᠰᠢᠨᠵᠢᠯᠡᠬᠦ ᠤᠬᠠᠭᠠᠨ ᠤ ᠰᠤᠳᠤᠯᠭᠠᠨ | ᠬᠢᠬᠦ ᠪᠠ ᠤᠯᠠᠨ ᠤᠯᠤᠰ ᠤᠨ ᠬᠠᠮᠳᠤᠷᠠᠯᠴᠠᠭ᠎ᠠ ᠰᠤᠯᠢᠯᠴᠠᠭ᠎ᠠ ᠬᠢᠬᠦ ᠶᠢ ᠳᠠᠮᠵᠢᠨ ᠵᠤᠷᠢᠬᠵᠢᠭᠤᠯᠵᠤ᠂ ᠲᠡᠷᠢᠭᠦᠨ ᠤ | ᠬᠡᠷᠡᠭᠯᠡᠭᠡᠨ ᠤ ᠰᠢᠨᠵᠢᠯᠡᠬᠦ ᠤᠬᠠᠭᠠᠨ ᠤ ᠰᠤᠳᠤᠯᠭᠠᠨ ᠤ ᠦᠷ᠎ᠡ ᠪᠦᠲᠦᠭᠡᠯ ᠢ ᠳᠡᠯᠭᠡᠷᠡᠭᠦᠯᠦᠨ᠂ ᠠᠮᠢᠲᠠᠨ ᠤ ᠬᠢᠵᠢᠭ | ᠡᠪᠡᠳᠴᠢᠨ ᠢ ᠰᠡᠷᠬᠡᠶᠢᠯᠡᠬᠦ ᠰᠢᠨᠵᠢᠯᠡᠬᠦ ᠤᠬᠠᠭᠠᠨ ᠤ ᠮᠡᠳᠡᠯᠭᠡ ᠶᠢ ᠲᠦᠭᠡᠮᠡᠯᠵᠢᠬᠦᠯᠵᠦ᠂ ᠠᠮᠢᠲᠠᠨ ᠤ ᠬᠢᠵᠢᠭ ᠡᠪᠡᠳᠴᠢᠨ ᠢ | ᠰᠡᠷᠬᠡᠶᠢᠯᠡᠨ ᠵᠠᠰᠠᠬᠤ ᠰᠢᠨᠵᠢᠯᠡᠬᠦ ᠤᠬᠠᠭᠠᠨ ᠮᠡᠷᠬᠡᠵᠢᠯ ᠤᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ᠃ | ᠠᠷᠪᠠᠨ ᠨᠢᠭᠡᠳᠦᠭᠡᠷ ᠵᠦᠢᠯ ᠠᠮᠢᠲᠠᠨ ᠤ ᠬᠢᠵᠢᠭ ᠢ ᠰᠡᠷᠬᠡᠶᠢᠯᠡᠬᠦ ᠠᠵᠢᠯ᠂ ᠠᠮᠢᠲᠠᠨ ᠤ ᠬᠢᠵᠢᠭ ᠢ ᠰᠡᠷᠭᠡᠶᠢᠯᠡᠬᠦ | ᠰᠢᠨᠵᠢᠯᠡᠬᠦ ᠤᠬᠠᠭᠠᠨ ᠤ ᠰᠤᠳᠤᠯᠭᠠᠨ ᠤ ᠳᠤᠮᠳᠠ ᠠᠮᠵᠢᠯᠲᠠ ᠪᠦᠲᠦᠮᠵᠢ ᠭᠠᠷᠭᠠᠭᠰᠠᠨ ᠪᠠ ᠬᠤᠪᠢ ᠨᠡᠮᠡᠷᠢ ᠦᠵᠡᠭᠦᠯᠦᠭᠰᠡᠨ | ᠨᠢᠭᠡᠴᠢ ᠪᠣᠯᠣᠨ ᠬᠤᠪᠢ ᠬᠦᠮᠦᠨ ᠢ ᠡᠯ᠎ᠡ ᠱᠠᠳᠤᠨ ᠤ ᠠᠷᠠᠳ ᠤᠨ ᠵᠠᠰᠠᠭ ᠤᠨ ᠤᠷᠳᠤᠨ ᠵᠢᠴᠢ ᠬᠤᠯᠪᠤᠭᠳᠠᠯ ᠪᠦᠬᠦᠢ | ᠰᠠᠯᠠᠭ᠎ᠠ ᠮᠦᠴᠢᠷ ᠠᠴᠠ ᠬᠦᠬᠢᠬᠦᠯᠦᠨ ᠱᠠᠩᠨᠠᠨ᠎ᠠ᠃ | ᠬᠤᠶᠠᠳᠤᠭᠠᠷ ᠪᠦᠯᠦᠭ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ | ᠠᠷᠪᠠᠨ ᠬᠤᠶᠠᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠠᠮᠢᠲᠠᠨ ᠤ ᠬᠢᠵᠢᠭ ᠡᠪᠡᠳᠴᠢᠨ ᠤ ᠪᠠᠶᠢᠳᠠᠯ ᠳᠤ ᠲᠦᠭᠰᠢᠭᠦᠷᠢ ᠶᠢᠨ ᠦᠨᠡᠯᠡᠯᠲᠡ ᠬᠢᠵᠦ᠂ ᠦᠨᠡᠯᠡᠯᠲᠡ ᠶᠢᠨ | ᠳ᠋ᠦᠩ ᠢ ᠦᠨᠳᠦᠰᠦᠯᠡᠨ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ᠂ ᠬᠢᠵᠠᠭᠠᠷᠯᠠᠬᠤ ᠵᠣᠬᠢᠴᠠᠩᠭᠤᠢ | ᠠᠷᠭ᠎ᠠ ᠬᠡᠮᠵᠢᠶ᠎ᠡ ᠶᠢ ᠲᠤᠭᠳᠠᠭᠠᠨ᠎ᠠ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠤᠯᠤᠰ ᠤᠨ ᠳᠤᠲᠤᠭᠠᠳᠤ ᠭᠠᠳᠠᠭᠠᠳᠤ ᠶᠢᠨ ᠠᠮᠢᠲᠠᠨ ᠤ ᠬᠢᠵᠢᠭ ᠤᠨ ᠪᠠᠶᠢᠳᠠᠯ ᠪᠠ ᠲᠡᠵᠢᠭᠡᠨ ᠦᠷᠡᠵᠢᠬᠦᠯᠬᠦ | ᠦᠢᠯᠡᠰ ᠤᠨ ᠦᠢᠯᠡᠳᠪᠦᠷᠢᠯᠡᠯ ᠵᠢᠴᠢ ᠬᠦᠮᠦᠨ ᠤ ᠪᠡᠶ᠎ᠡ ᠶᠢᠨ ᠡᠷᠡᠭᠦᠯ ᠮᠡᠨᠳᠦ ᠶᠢ ᠬᠠᠮᠠᠭᠠᠯᠠᠬᠤ ᠬᠡᠷᠡᠭᠴᠡᠭᠡ ᠶᠢ ᠦᠨᠳᠦᠰᠦᠯᠡᠨ᠂ | ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ᠂ ᠬᠢᠵᠠᠭᠠᠷᠯᠠᠬᠤ ᠮᠡᠷᠬᠡᠵᠢᠯ ᠤᠨ ᠵᠢᠷᠤᠮᠵᠢᠯ ᠢ ᠴᠠᠭ | ᠲᠤᠬᠠᠢ ᠳᠤᠨᠢ ᠲᠤᠭᠲᠠᠭᠠᠵᠤ ᠨᠡᠶᠢᠳᠡᠯᠡᠨ᠎ᠡ᠃ | ᠠᠷᠪᠠᠨ ᠭᠤᠷᠪᠠᠳᠤᠭᠠᠷ ᠵᠦᠢᠯ ᠤᠯᠤᠰ ᠠᠴᠠ ᠳᠡᠵᠢᠭᠡᠨ ᠦᠷᠡᠵᠢᠬᠦᠯᠬᠦ ᠦᠢᠯᠡᠰ ᠤᠨ ᠦᠢᠯᠡᠳᠪᠦᠷᠢᠯᠡᠯ ᠪᠠ ᠬᠦᠮᠦᠨ ᠤ | ᠪᠡᠶ᠎ᠡ ᠶᠢᠨ ᠡᠷᠡᠭᠦᠯ ᠮᠡᠨᠳᠦ ᠳᠤ ᠬᠦᠨᠳᠦ ᠨᠤᠴᠢᠳᠠᠢ ᠬᠤᠤᠷ ᠬᠦᠨᠦᠭᠡᠯ ᠤᠴᠠᠷᠠᠭᠤᠯᠬᠤ ᠠᠮᠢᠲᠠᠨ ᠤ ᠬᠢᠵᠢᠭ ᠡᠪᠡᠳᠴᠢᠨ ᠳᠤ | ᠠᠯᠪᠠᠳᠠᠯᠭ᠎ᠠ ᠪᠠᠷ ᠴᠠᠷᠤᠯᠲᠠ ᠬᠢᠯᠭᠡᠨ᠎ᠡ᠃ ᠲᠥᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠠᠴᠠ ᠠᠯᠪᠠᠳᠠᠯᠭ᠎ᠠ ᠪᠠᠷ ᠴᠠᠷᠤᠯᠲᠠ ᠬᠢᠯᠬᠡᠬᠦ ᠴᠢᠬᠤᠯᠠᠲᠠᠢ ᠠᠮᠢᠲᠠᠨ ᠤ ᠬᠢᠵᠢᠭ ᠡᠪᠡᠳᠴᠢᠨ ᠤ ᠲᠦᠷᠦᠯ ᠪᠠ | ᠤᠷᠤᠨ ᠪᠦᠰᠡ ᠶᠢ ᠲᠤᠭᠳᠠᠭᠠᠬᠤ ᠶᠢᠨ ᠬᠠᠮᠲᠤ ᠲᠦᠷᠦ ᠶᠢᠨ ᠶᠠᠪᠤᠳᠠᠯ ᠤᠨ ᠬᠤᠷᠢᠶᠠᠨ ᠤ ᠬᠤᠯᠪᠤᠭᠳᠠᠯ ᠪᠦᠬᠦᠢ ᠰᠠᠯᠠᠭ᠎ᠠ | ᠮᠦᠴᠢᠷ ᠲᠠᠢ ᠬᠠᠮᠳᠤᠷᠠᠨ ᠤᠯᠤᠰ ᠤᠨ ᠠᠮᠢᠳ᠋ᠨᠨ ᠤ ᠬᠢᠵᠢᠭ ᠡᠪᠡᠳᠴᠢᠨ ᠳᠤ ᠠᠯᠪᠠᠳᠠᠯᠭ᠎ᠠ ᠪᠠᠷ ᠴᠠᠷᠤᠯᠲᠠ ᠬᠢᠯᠬᠡᠬᠦ | ᠲᠦᠯᠦᠪᠯᠡᠭᠡ ᠶᠢ ᠲᠣᠭᠲᠠᠭᠠᠨ᠎ᠠ᠃ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠶᠢᠨ ᠠᠷᠠᠳ ᠤᠨ | ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠯᠤᠰ ᠤᠨ ᠠᠮᠢᠳ᠋ᠨᠨ ᠤ ᠬᠢᠵᠢᠭ | ᠡᠪᠡᠳᠴᠢᠨ ᠳᠤ ᠠᠯᠪᠠᠳᠠᠯᠭ᠎ᠠ ᠪᠠᠷ ᠴᠠᠷᠤᠯᠲᠠ ᠬᠢᠯᠬᠡᠬᠦ ᠲᠦᠯᠦᠪᠯᠡᠭᠡ ᠶᠢ ᠦᠨᠳᠦᠰᠦᠯᠡᠨ᠂ ᠲᠤᠰ ᠵᠠᠰᠠᠭ ᠵᠠᠬᠢᠷᠭᠠᠨ ᠤ | ᠤᠷᠤᠨ ᠤ ᠠᠯᠪᠠᠳᠠᠯᠭ᠎ᠠ ᠪᠠᠷ ᠴᠠᠷᠤᠯᠲᠠ ᠬᠢᠯᠬᠡᠬᠦ ᠲᠦᠯᠦᠪᠯᠡᠭᠡ ᠶᠢ ᠲᠣᠭᠲᠠᠭᠠᠨ᠎ᠠ︔ ᠡᠭᠦᠨ ᠤ ᠬᠠᠮᠲᠤ ᠲᠤᠰ ᠵᠠᠰᠠᠭ | ᠵᠠᠬᠢᠷᠭᠠᠨ ᠤ ᠤᠷᠤᠨ ᠤ ᠳᠤᠲᠤᠷᠠᠬᠢ ᠠᠮᠢᠲᠠᠨ ᠤ ᠬᠢᠵᠢᠭ ᠡᠪᠡᠳᠴᠢᠨ ᠤ ᠳᠡᠯᠭᠡᠷᠡᠬᠦ ᠪᠠᠶᠢᠳᠠᠯ ᠢ ᠦᠨᠳᠦᠰᠦᠯᠡᠨ | ᠠᠯᠪᠠᠳᠠᠯᠭ᠎ᠠ ᠪᠠᠷ ᠴᠠᠷᠤᠯᠲᠠ ᠬᠢᠯᠬᠡᠬᠦ ᠠᠮᠢᠲᠠᠨ ᠤ ᠬᠢᠵᠢᠭ ᠡᠪᠡᠳᠴᠢᠨ ᠤ ᠲᠦᠷᠦᠯ ᠪᠠ ᠤᠷᠤᠨ ᠪᠦᠰᠡ ᠶᠢ ᠨᠡᠮᠡᠭᠳᠡᠬᠦᠯᠵᠦ᠂ | ᠲᠤᠰ ᠱᠠᠳᠤᠨ ᠤ ᠠᠷᠠᠳ ᠤᠨ ᠵᠠᠰᠠᠭ ᠤᠨ ᠤᠷᠳᠤᠨ ᠳᠤ ᠮᠡᠳᠡᠭᠦᠯᠵᠦ ᠵᠦᠪᠰᠢᠶᠡᠷᠡᠭᠦᠯᠦᠭᠰᠡᠨ ᠤ ᠳᠠᠷᠠᠭ᠎ᠠ ᠬᠡᠷᠡᠭᠵᠢᠬᠦᠯᠬᠦ | ᠪᠦᠭᠡᠳ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠲᠤ | ᠮᠡᠳᠡᠭᠦᠯᠵᠦ ᠳᠠᠩᠰᠠᠯᠠᠭᠤᠯᠤᠨ᠎ᠠ᠃ | ᠠᠷᠪᠠᠨ ᠳᠦᠷᠪᠡᠳᠦᠭᠡᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ ᠵᠠᠰᠠᠭ ᠤᠨ | ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠮᠢᠲᠠᠨ ᠤ ᠬᠢᠵᠢᠭ ᠡᠪᠡᠳᠴᠢᠨ ᠳᠤ | ᠠᠯᠪᠠᠳᠠᠯᠭ᠎ᠠ ᠪᠠᠷ ᠴᠠᠷᠤᠯᠲᠠ ᠬᠢᠯᠬᠡᠬᠦ ᠲᠦᠯᠦᠪᠯᠡᠭᠡ ᠶᠢ ᠵᠤᠬᠢᠶᠠᠨ ᠪᠠᠶᠢᠭᠤᠯᠵᠦ ᠬᠡᠷᠡᠭᠵᠢᠬᠦᠯᠦᠨ᠎ᠠ᠃ ᠰᠢᠶᠠᠩ ᠤᠨ ᠱᠠᠳᠤᠨ ᠤ | ᠠᠷᠠᠳ ᠤᠨ ᠵᠠᠰᠠᠭ ᠤᠨ ᠤᠷᠳᠤᠨ᠂ ᠬᠤᠳᠠ ᠶᠢᠨ ᠵᠠᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠤᠰ ᠬᠠᠷᠢᠶ᠎ᠠ | ᠤᠷᠤᠨ ᠤ ᠳᠤᠲᠤᠷᠠᠬᠢ ᠠᠮᠢᠲᠠᠨ ᠳᠡᠵᠢᠭᠡᠵᠦ ᠪᠠᠶᠢᠭ᠎ᠠ ᠨᠢᠭᠡᠴᠢ ᠪᠠ ᠬᠤᠪᠢ ᠬᠦᠮᠦᠨ ᠢ ᠵᠤᠬᠢᠶᠠᠨ ᠪᠠᠶᠢᠭᠤᠯᠵᠤ ᠪᠠᠶᠢᠭᠠᠳ | ᠠᠯᠪᠠᠳᠠᠯᠭ᠎ᠠ ᠪᠠᠷ ᠴᠠᠷᠤᠯᠲᠠ ᠬᠢᠯᠬᠡᠬᠦ ᠠᠵᠢᠯ ᠢ ᠰᠠᠶᠢᠳᠤᠷ ᠬᠢᠬᠦ ᠬᠡᠷᠡᠭᠲᠡᠢᠠᠮᠢᠲᠠᠨ ᠳᠡᠵᠢᠬᠡᠵᠦ ᠪᠠᠶᠢᠭ᠎ᠠ ᠨᠢᠭᠡᠴᠢ ᠪᠠ ᠬᠤᠪᠢ | ᠬᠦᠮᠦᠨ ᠠᠮᠢᠲᠠᠨ ᠤ ᠬᠢᠵᠢᠭ ᠡᠪᠡᠳᠴᠢᠨ ᠳᠤ ᠠᠯᠪᠠᠳᠠᠯᠭ᠎ᠠ ᠪᠠᠷ ᠴᠠᠷᠤᠯᠲᠠ ᠬᠢᠯᠬᠡᠬᠦ ᠡᠭᠦᠷᠬᠡ ᠪᠠᠨ ᠬᠠᠤᠯᠢ ᠶᠤᠰᠤᠭᠠᠷ | ᠭᠦᠢᠴᠡᠳᠬᠡᠵᠦ᠂ ᠮᠡᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠱᠠᠭᠠᠷᠳᠠᠯᠭ᠎ᠠ ᠶᠤᠰᠤᠭᠠᠷ ᠠᠯᠪᠠᠳᠠᠯᠭ᠎ᠠ ᠪᠠᠷ | ᠴᠠᠷᠤᠯᠲᠠ ᠬᠢᠯᠬᠡᠬᠦ ᠠᠵᠢᠯ ᠢ ᠰᠠᠶᠢᠳᠤᠷ ᠬᠢᠬᠦ ᠬᠡᠷᠡᠭᠲᠡᠢ ᠠᠯᠪᠠᠳᠠᠯᠭ᠎ᠠ ᠪᠠᠷ ᠴᠠᠷᠤᠯᠲᠠ ᠬᠢᠯᠭᠡᠭᠰᠡᠨ ᠠᠮᠢᠲᠠᠨ ᠳᠤ ᠲᠦᠷᠦ ᠶᠢᠨ | ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠲᠠᠭᠠᠯ ᠶᠤᠰᠤᠭᠠᠷ | ᠴᠠᠷᠤᠯᠲᠠ ᠬᠢᠯᠭᠡᠭᠰᠡᠨ ᠳᠠᠩᠰᠠ ᠪᠠᠶᠢᠭᠤᠯᠵᠤ᠂ ᠮᠠᠯ ᠵᠢᠭᠦᠷᠲᠡᠨ ᠢ ᠢᠯᠭᠠᠬᠤ ᠳᠡᠮᠳᠡᠭ ᠲᠠᠯᠪᠢᠵᠤ᠂ ᠮᠦᠷᠳᠡᠵᠦ ᠪᠤᠯᠬᠤ | ᠬᠠᠮᠢᠶᠠᠷᠤᠯᠲᠠ ᠶᠢ ᠬᠡᠷᠡᠭᠵᠢᠭᠦᠯᠦᠨ᠎ᠡ᠃ | ᠠᠷᠪᠠᠨ ᠲᠠᠪᠤᠳᠤᠭᠠᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠠᠮᠢᠲᠠᠨ ᠤ | ᠬᠢᠵᠢᠭ ᠤᠨ ᠪᠠᠶᠢᠳᠠᠯ ᠢ ᠬᠢᠨᠡᠨ ᠬᠡᠮᠵᠢᠬᠦ ᠲᠤᠤᠷ ᠰᠦᠯᠵᠢᠶ᠎ᠡ ᠶᠢ ᠪᠠᠶᠢᠭᠤᠯᠤᠨ ᠲᠡᠭᠦᠯᠳᠡᠷᠵᠢᠭᠦᠯᠵᠦ᠂ ᠠᠮᠢᠲᠠᠨ ᠤ ᠬᠢᠵᠢᠭ ᠤᠨ | ᠪᠠᠶᠢᠳᠠᠯ ᠢ ᠬᠢᠨᠡᠨ ᠬᠡᠮᠵᠢᠬᠦ ᠠᠵᠢᠯ ᠢ ᠴᠢᠩᠭᠠᠳᠬᠠᠬᠤ ᠬᠡᠷᠡᠭᠲᠡᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ | ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠯᠤᠰ ᠤᠨ ᠠᠮᠢᠲᠠᠨ ᠤ ᠬᠢᠵᠢᠭ ᠡᠪᠡᠳᠴᠢᠨ ᠢ ᠬᠢᠨᠡᠨ ᠬᠡᠮᠵᠢᠬᠦ ᠲᠦᠯᠦᠪᠯᠡᠭᠡ ᠶᠢ | ᠲᠤᠭᠳᠠᠭᠠᠬᠤ ᠬᠡᠷᠡᠭᠲᠡᠢ᠃ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠶᠢᠨ ᠠᠷᠠᠳ ᠤᠨ | ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠯᠤᠰ ᠤᠨ ᠠᠮᠢᠲᠠᠨ ᠤ ᠬᠢᠵᠢᠭ | ᠡᠪᠡᠳᠴᠢᠨ ᠢ ᠬᠢᠨᠡᠨ ᠬᠡᠮᠵᠢᠬᠦ ᠲᠦᠯᠦᠪᠯᠡᠭᠡ ᠶᠢ ᠦᠨᠳᠦᠰᠦᠯᠡᠵᠦ᠂ ᠲᠤᠰ ᠵᠠᠰᠠᠭ ᠵᠠᠬᠢᠷᠭᠠᠨ ᠤ ᠤᠷᠤᠨ ᠳᠠᠬᠢ ᠠᠮᠢᠲᠠᠨ ᠤ | ᠬᠢᠵᠢᠭ ᠡᠪᠡᠳᠴᠢᠨ ᠢ ᠬᠢᠨᠠᠨ ᠬᠡᠮᠵᠢᠬᠦ ᠲᠦᠯᠦᠪᠯᠡᠭᠡ ᠶᠢ ᠲᠤᠭᠲᠠᠭᠠᠬᠤ ᠬᠡᠷᠡᠭᠲᠡᠢ᠃ ᠠᠮᠢᠲᠠᠨ ᠤ ᠬᠢᠵᠢᠭ ᠡᠪᠡᠳᠴᠢᠨ ᠢ | ᠰᠡᠷᠬᠡᠶᠢᠯᠡᠨ ᠬᠢᠵᠠᠭᠠᠷᠯᠠᠬᠤ ᠪᠠᠶᠢᠭᠤᠯᠤᠮᠵᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠤᠨ ᠲᠤᠭᠲᠠᠭᠠᠯ ᠶᠤᠰᠤᠭᠠᠷ ᠠᠮᠢᠲᠠᠨ ᠤ ᠬᠢᠵᠢᠭ ᠡᠪᠡᠳᠴᠢᠨ ᠤ ᠡᠭᠦᠰᠬᠦ᠂ ᠳᠡᠯᠭᠡᠷᠡᠬᠦ ᠵᠡᠷᠭᠡ ᠪᠠᠶᠢᠳᠠᠯ ᠢ | ᠬᠢᠨᠠᠨ ᠬᠡᠮᠵᠢᠬᠦ ᠬᠡᠷᠡᠭᠲᠡᠢ︔ ᠠᠮᠢᠲᠠᠨ ᠢ ᠳᠡᠵᠢᠭᠡᠬᠦ᠂ ᠨᠢᠳᠤᠯᠬᠤ᠂ ᠡᠵᠡᠩᠨᠡᠬᠦ᠂ ᠲᠤᠰᠠᠭᠠᠷᠯᠠᠬᠤ᠂ ᠲᠡᠭᠡᠭᠡᠪᠦᠷᠢᠯᠡᠬᠦ ᠪᠠ | ᠠᠮᠢᠲᠠᠨ ᠤ ᠠᠰᠢᠭ ᠰᠢᠮ᠎ᠡ ᠶᠢ ᠦᠢᠯᠡᠳᠪᠦᠷᠢᠯᠡᠬᠦ᠂ ᠡᠵᠡᠩᠨᠡᠬᠦ᠂ ᠪᠤᠯᠪᠠᠰᠤᠷᠠᠭᠤᠯᠬᠤ᠂ ᠬᠠᠳᠠᠭᠠᠯᠠᠬᠤ ᠵᠡᠷᠭᠡ ᠠᠵᠢᠯᠯᠠᠭ᠎ᠠ | ᠬᠢᠳᠡᠭ ᠨᠢᠭᠡᠴᠢ ᠪᠤᠯᠤᠨ ᠬᠤᠪᠢ ᠬᠦᠮᠦᠨ ᠳᠡᠪᠴᠢᠬᠦ ᠪᠤᠶᠤ ᠬᠠᠷᠰᠢᠯᠠᠵᠤ ᠪᠤᠯᠬᠤ ᠦᠭᠡᠢ᠃ | ᠠᠷᠪᠠᠨ ᠵᠢᠷᠭᠤᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠪᠠ ᠮᠤᠵᠢ᠂ ᠦᠪᠡᠷᠲᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠶᠢᠨ ᠠᠷᠠᠳ ᠤᠨ ᠵᠠᠰᠠᠭ ᠤᠨ | ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠮᠢᠲᠠᠨ ᠤ ᠬᠢᠵᠢᠭ ᠡᠪᠡᠳᠴᠢᠨ ᠡᠭᠦᠰᠬᠦ᠂ | ᠳᠡᠯᠭᠡᠷᠡᠬᠦ ᠬᠠᠨᠳᠤᠰᠢ ᠶᠢᠨ ᠲᠤᠬᠠᠢ ᠲᠦᠰᠦᠭᠡᠯᠡᠯᠲᠡ ᠶᠢ ᠦᠨᠳᠦᠰᠦᠯᠡᠨ᠂ ᠠᠮᠢᠲᠠᠨ ᠤ ᠬᠢᠵᠢᠭ ᠤᠨ ᠪᠠᠶᠢᠳᠠᠯ ᠤᠨ ᠲᠤᠬᠠᠢ | ᠤᠷᠢᠳᠴᠢᠯᠠᠭᠰᠠᠨ ᠰᠡᠷᠡᠮᠵᠢᠯᠡᠭᠦᠯᠦᠯ ᠢ ᠴᠠᠭ ᠲᠤᠬᠠᠢ ᠳᠤᠨᠢ ᠭᠠᠷᠭᠠᠬᠤ ᠬᠡᠷᠡᠭᠲᠡᠢ᠃ ᠣᠷᠤᠨ ᠨᠤᠳᠤᠭ ᠤᠨ ᠡᠯ᠎ᠠ ᠱᠠᠳᠤᠨ ᠤ | ᠠᠷᠠᠳ ᠤᠨ ᠵᠠᠰᠠᠭ ᠤᠨ ᠤᠷᠳᠤᠨ ᠠᠮᠢᠲᠠᠨ ᠤ ᠬᠢᠵᠢᠭ ᠤᠨ ᠪᠠᠶᠢᠳᠠᠯ ᠤᠨ ᠲᠤᠬᠠᠢ ᠤᠷᠢᠳᠴᠢᠯᠠᠭᠰᠠᠨ ᠰᠡᠷᠡᠮᠵᠢᠯᠡᠭᠦᠯᠦᠯ ᠢ | ᠤᠯᠤᠭᠰᠠᠨ ᠤ ᠳᠠᠷᠠᠭ᠎ᠠ ᠤᠷᠢᠳᠴᠢᠯᠠᠨ ᠰᠡᠷᠬᠡᠶᠢᠯᠡᠬᠦ᠂ ᠬᠢᠵᠠᠭᠠᠷᠯᠠᠬᠤ ᠵᠣᠬᠢᠴᠠᠩᠭᠤᠢ ᠠᠷᠭ᠎ᠠ ᠬᠡᠮᠵᠢᠶ᠎ᠡ ᠠᠪᠬᠤ ᠬᠡᠷᠡᠭᠲᠡᠢ᠃ | ᠠᠷᠪᠠᠨ ᠳᠤᠯᠤᠳᠤᠭᠠᠷ ᠵᠦᠢᠯ ᠠᠮᠢᠲᠠᠨ ᠢ ᠳᠡᠵᠢᠭᠡᠬᠦ᠂ ᠨᠢᠳᠤᠯᠬᠤ᠂ ᠡᠵᠡᠩᠨᠡᠬᠦ᠂ ᠲᠤᠰᠠᠭᠠᠷᠯᠠᠬᠤ᠂ | ᠲᠡᠭᠡᠭᠡᠪᠦᠷᠢᠯᠡᠬᠦ ᠪᠠ ᠠᠮᠢᠲᠠᠨ ᠤ ᠠᠰᠢᠭ ᠰᠢᠮ᠎ᠡ ᠶᠢ ᠦᠢᠯᠡᠳᠪᠦᠷᠢᠯᠡᠬᠦ᠂ ᠡᠵᠡᠩᠨᠡᠬᠦ᠂ ᠪᠤᠯᠪᠠᠰᠤᠷᠠᠭᠤᠯᠬᠤ᠂ ᠬᠠᠳᠠᠭᠠᠯᠠᠬᠤ ᠵᠡᠷᠭᠡ | ᠠᠵᠢᠯᠯᠠᠭ᠎ᠠ ᠡᠷᠬᠢᠯᠡᠵᠦ ᠪᠠᠶᠢᠭ᠎ᠠ ᠨᠢᠭᠡᠴᠢ ᠪᠤᠯᠤᠨ ᠬᠤᠪᠢ ᠬᠦᠮᠦᠨ ᠲᠤᠰ ᠬᠠᠤᠯᠢ ᠪᠠ ᠲᠦᠷᠦ ᠶᠢᠨ ᠶᠠᠪᠤᠳᠠᠯ ᠤᠨ | ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠲᠠᠭᠠᠯ ᠶᠤᠰᠤᠭᠠᠷ ᠴᠠᠷᠤᠯᠲᠠ ᠬᠢᠯᠭᠡᠬᠦ᠂ | ᠠᠷᠢᠭᠤᠳᠬᠠᠬᠤ ᠵᠡᠷᠭᠡ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠠᠵᠢᠯ ᠢ ᠰᠠᠶᠢᠳᠤᠷ ᠬᠢᠬᠦ ᠬᠡᠷᠡᠭᠲᠡᠢ᠃ | ᠠᠷᠪᠠᠨ ᠨᠠᠢᠮᠠᠳᠤᠭᠠᠷ ᠵᠦᠢᠯ ᠡᠭᠦᠯᠳᠡᠷ ᠤᠨ ᠪᠠ ᠰᠠᠭᠠᠯᠢ ᠶᠢᠨ ᠠᠮᠢᠲᠠᠨ ᠪᠤᠯᠤᠨ ᠡᠩᠭᠦᠷᠡᠢ ᠠᠮᠢᠲᠠᠨ ᠨᠢ ᠲᠦᠷᠦ ᠶᠢᠨ | ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠤᠭᠲᠠᠭᠠᠭᠰᠠᠨ ᠡᠷᠡᠭᠦᠯ ᠤᠨ | ᠪᠠᠷᠢᠮᠵᠢᠶ᠎ᠡ ᠳᠤ ᠨᠡᠶᠢᠴᠡᠭᠰᠡᠨ ᠪᠠᠶᠢᠬᠤ ᠬᠡᠷᠡᠭᠲᠡᠢᠡᠭᠦᠯᠳᠡᠷ ᠤᠨ ᠪᠠ ᠰᠠᠭᠠᠯᠢ ᠶᠢᠨ ᠠᠮᠢᠲᠠᠨ ᠢ ᠠᠮᠢᠲᠠᠨ ᠤ ᠬᠢᠵᠢᠭ ᠡᠪᠡᠳᠴᠢᠨ ᠢ | ᠰᠡᠷᠬᠡᠶᠢᠯᠡᠨ ᠬᠢᠵᠠᠭᠠᠷᠯᠠᠬᠤ ᠪᠠᠶᠢᠭᠤᠯᠤᠮᠵᠢ ᠳᠤ ᠲᠤᠭᠳᠠᠮᠠᠯ ᠬᠤᠭᠤᠴᠠᠭ᠎ᠠ ᠲᠠᠢ ᠰᠢᠯᠭᠠᠨ ᠬᠡᠮᠵᠢᠯᠲᠡ ᠬᠢᠯᠭᠡᠬᠦ ᠬᠡᠷᠡᠭᠲᠡᠢ︔ | ᠰᠢᠯᠭᠠᠨ ᠬᠡᠮᠵᠢᠭᠡᠳ ᠬᠢᠷᠢ ᠲᠡᠩᠴᠡᠬᠦ ᠦᠭᠡᠢ ᠪᠠᠶᠢᠪᠠᠯ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠤᠨ ᠲᠤᠭᠲᠠᠭᠠᠯ ᠶᠤᠰᠤᠭᠠᠷ ᠰᠢᠢᠳᠪᠦᠷᠢᠯᠡᠬᠦ ᠬᠡᠷᠡᠭᠲᠡᠢ᠃ | ᠠᠷᠪᠠ ᠶᠢᠰᠦᠳᠦᠭᠡᠷ ᠵᠦᠢᠯ ᠠᠮᠢᠲᠠᠨ ᠳᠡᠵᠢᠬᠡᠬᠦ ᠳᠡᠯᠡᠪᠠᠢ ︵ᠲᠡᠵᠢᠭᠡᠨ ᠦᠷᠡᠵᠢᠬᠦᠯᠬᠦ ᠵᠢᠵᠢᠭ ᠲᠤᠭᠤᠷᠢᠭ︶ ᠪᠠ | ᠳᠤᠰᠠᠭᠠᠷᠯᠠᠬᠤ ᠲᠠᠯᠠᠪᠤᠷ ᠭᠠᠵᠠᠷ᠂ ᠠᠮᠢᠲᠠᠨ ᠢ ᠨᠢᠲᠤᠯᠠᠵᠤ ᠤᠯᠪᠠᠰᠤᠷᠠᠭᠤᠯᠬᠤ ᠲᠠᠯᠠᠪᠤᠷ ᠭᠠᠵᠠᠷ ᠪᠤᠯᠤᠨ ᠠᠮᠢᠲᠠᠨ ᠪᠠ | ᠠᠮᠢᠲᠠᠨ ᠤ ᠠᠰᠢᠭ ᠰᠢᠮ᠎ᠡ ᠶᠢ ᠬᠤᠤᠷ ᠦᠭᠡᠶᠢᠵᠢᠭᠦᠯᠦᠨ ᠰᠢᠢᠳᠪᠦᠷᠢᠯᠡᠬᠦ ᠲᠠᠯᠠᠪᠤᠷ ᠭᠠᠵᠠᠷ ᠨᠢ ᠳᠤᠤᠷ᠎ᠠ ᠵᠢᠭᠰᠠᠭᠠᠭᠰᠠᠨ | ᠠᠮᠢᠲᠠᠨ ᠤ ᠬᠢᠵᠢᠭ ᠢ ᠰᠠᠷᠬᠡᠶᠢᠯᠡᠬᠦ ᠨᠦᠭᠦᠴᠡᠯ ᠳᠤ ᠨᠡᠶᠢᠴᠡᠭᠰᠠᠨ ᠪᠠᠶᠢᠬᠤ ᠬᠡᠷᠡᠭᠲᠡᠢ᠄ | ︵ᠨᠢᠭᠡ︶ ᠲᠠᠯᠠᠪᠤᠷ ᠭᠠᠵᠠᠷ ᠤᠨ ᠪᠠᠶᠢᠷᠢ ᠬᠢᠭᠡᠳ ᠰᠠᠭᠤᠭᠠᠯᠢ ᠠᠷᠠᠳ ᠤᠨ ᠠᠮᠢᠲᠤᠷᠠᠯ ᠤᠨ ᠲᠤᠭᠤᠷᠢᠭ᠂ | ᠠᠮᠢᠳᠤᠷᠠᠯ ᠤᠨ ᠤᠰᠤ ᠤᠮᠳᠠ ᠶᠢᠨ ᠰᠤᠷᠪᠤᠯᠵᠢ ᠭᠠᠵᠠᠷ᠂ ᠰᠤᠷᠭᠠᠭᠤᠯᠢ᠂ ᠡᠮᠨᠡᠯᠭᠡ ᠶᠢᠨ ᠬᠤᠷᠢᠶ᠎ᠠ ᠵᠡᠷᠭᠡ ᠣᠯᠠᠨ | ᠨᠡᠶᠢᠳᠡ ᠶᠢᠨ ᠲᠠᠯᠠᠪᠤᠷ ᠭᠠᠵᠠᠷ ᠤᠨ ᠬᠤᠭᠤᠷᠤᠨᠳᠤᠬᠢ ᠵᠠᠢ ᠨᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ | ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠤᠭᠲᠠᠭᠠᠭᠰᠠᠨ ᠪᠡᠷᠢᠮᠵᠢᠶ᠎ᠠ ᠳᠤ ᠨᠡᠶᠢᠴᠡᠭᠰᠡᠨ ᠪᠠᠶᠢᠬᠤ︔ | ︵ᠬᠤᠶᠠᠷ︶ ᠦᠢᠯᠡᠳᠪᠦᠷᠢᠯᠡᠯ ᠤᠨ ᠲᠤᠭᠤᠷᠢᠭ ᠢ ᠪᠢᠳᠡᠬᠦᠮᠵᠢᠯᠡᠨ ᠲᠤᠰᠠᠭᠠᠷᠯᠠᠭᠰᠠᠨ᠂ ᠪᠠᠷᠢᠯᠭ᠎ᠠ ᠶᠢᠨ ᠵᠢᠷᠤᠭ | ᠲᠦᠯᠦᠪᠯᠡᠭᠡ ᠪᠠ ᠤᠷᠠᠯᠠᠯ ᠤᠨ ᠶᠠᠪᠤᠴᠠ ᠨᠢ ᠠᠮᠢᠲᠠᠨ ᠤ ᠬᠢᠵᠢᠭ ᠢ ᠰᠡᠷᠬᠡᠶᠢᠯᠡᠬᠦ ᠱᠠᠭᠠᠷᠳᠠᠯᠭ᠎ᠠ ᠳᠤ ᠨᠡᠶᠢᠴᠡᠭᠰᠡᠨ ᠪᠠᠶᠢᠬᠤ︔ | ︵ᠭᠤᠷᠪᠠ︶ ᠪᠤᠬᠢᠷᠳᠤᠯ ᠤᠰᠤ᠂ ᠪᠤᠬᠢᠷᠳᠤᠯ ᠪᠤᠳᠠᠰ᠂ ᠡᠪᠡᠳᠴᠢᠯᠡᠵᠦ ᠦᠭᠦᠭᠰᠡᠨ ᠠᠮᠢᠲᠠᠨ᠂ ᠬᠢᠵᠢᠭ | ᠬᠠᠯᠳᠠᠪᠤᠷᠢᠯᠠᠭᠰᠠᠨ ᠠᠮᠢᠲᠠᠨ ᠤ ᠠᠰᠢᠭ ᠰᠢᠮ᠎ᠡ ᠶᠢ ᠬᠤᠤᠷ ᠦᠭᠡᠶᠢᠵᠢᠭᠦᠯᠦᠨ ᠰᠢᠢᠳᠪᠦᠷᠢᠯᠡᠬᠦ ᠵᠣᠬᠢᠴᠠᠩᠭᠤᠢ ᠪᠡᠯᠡᠳᠬᠡᠮᠵᠢ | ᠲᠦᠭᠦᠭᠡᠷᠦᠮᠵᠢ ᠪᠠ ᠤᠬᠢᠶᠠᠵᠤ ᠠᠷᠢᠭᠤᠳᠬᠠᠬᠤ ᠪᠡᠯᠡᠳᠬᠡᠮᠵᠢ ᠲᠦᠭᠦᠭᠡᠷᠦᠮᠵᠢ ᠲᠠᠢ ᠪᠠᠶᠢᠬᠤ︔ | ︵ᠳᠦᠷᠪᠡ︶ ᠲᠡᠭᠦᠨ ᠳᠤ ᠦᠢᠯᠡᠴᠢᠯᠡᠬᠦ ᠠᠮᠢᠲᠠᠨ ᠤ ᠬᠢᠵᠢᠭ ᠢ ᠰᠡᠷᠬᠡᠶᠢᠯᠡᠬᠦ ᠮᠡᠷᠭᠡᠵᠢᠯᠲᠡᠨ ᠲᠠᠢ ᠪᠠᠶᠢᠬᠤ︔ | ︵ᠲᠠᠪᠤ︶ ᠠᠮᠢᠲᠠᠨ ᠤ ᠬᠢᠵᠢᠭ ᠢ ᠰᠡᠷᠬᠡᠶᠢᠯᠡᠬᠦ ᠪᠦᠷᠢᠨ ᠲᠡᠭᠦᠯᠳᠡᠷ ᠳᠦᠷᠢᠮ ᠲᠠᠢ ᠪᠠᠶᠢᠬᠤ︔ | ︵ᠵᠢᠷᠭᠤᠭ᠎ᠠ︶ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠠᠴᠠ ᠲᠤᠭᠲᠠᠭᠠᠭᠰᠠᠨ ᠠᠮᠢᠲᠠᠨ ᠤ ᠬᠢᠵᠢᠭ ᠢ ᠰᠡᠷᠬᠡᠶᠢᠯᠡᠬᠦ ᠪᠤᠰᠤᠳ ᠨᠦᠭᠦᠴᠡᠯ ᠢ ᠪᠦᠷᠢᠳᠦᠭᠦᠯᠦᠭᠰᠡᠨ ᠪᠠᠶᠢᠬᠤ᠃ | ᠬᠤᠷᠢᠳᠤᠭᠠᠷ ᠵᠦᠢᠯ ᠠᠮᠢᠲᠠᠨ ᠳᠡᠵᠢᠬᠡᠬᠦ ᠳᠡᠯᠡᠪᠠᠢ ︵ᠲᠡᠵᠢᠭᠡᠨ ᠦᠷᠡᠵᠢᠬᠦᠯᠬᠦ ᠵᠢᠵᠢᠭ ᠲᠤᠭᠤᠷᠢᠭ︶ ᠪᠠ | ᠳᠤᠰᠠᠭᠠᠷᠯᠠᠬᠤ ᠲᠠᠯᠠᠪᠤᠷ ᠭᠠᠵᠠᠷ᠂ ᠠᠮᠢᠲᠠᠨ ᠢ ᠨᠢᠳᠤᠯᠵᠤ ᠪᠤᠯᠪᠠᠰᠤᠷᠠᠭᠤᠯᠬᠤ ᠲᠠᠯᠠᠪᠤᠷ ᠭᠠᠵᠠᠷ ᠪᠤᠯᠤᠨ ᠠᠮᠢᠲᠠᠨ ᠪᠠ | ᠠᠮᠢᠲᠠᠨ ᠤ ᠠᠰᠢᠭ ᠰᠢᠮ᠎ᠡ ᠶᠢ ᠬᠤᠣᠷ ᠦᠭᠡᠶᠢᠵᠢᠭᠦᠯᠦᠨ ᠰᠢᠢᠳᠪᠦᠷᠢᠯᠡᠬᠦ ᠲᠠᠯᠠᠪᠤᠷ ᠭᠠᠵᠠᠷ ᠪᠠᠶᠢᠭᠤᠯᠬᠤ ᠳᠤ ᠰᠢᠶᠠᠨ ᠤ | ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠲᠤ ᠭᠤᠶᠤᠴᠢᠯᠠᠯ ᠭᠠᠷᠭᠠᠬᠤ ᠭᠡᠷᠡᠭᠲᠡᠢ ᠪᠦᠭᠡᠳ ᠬᠤᠯᠪᠤᠭᠳᠠᠯ ᠪᠦᠬᠦᠢ ᠮᠠᠲ᠋ᠧᠷᠢᠶᠡᠯ ᠢ | ᠳᠠᠭᠠᠯᠳᠤᠭᠤᠯᠬᠤ ᠬᠡᠷᠡᠭᠲᠡᠢ᠃ ᠭᠤᠶᠤᠴᠢᠯᠠᠯ ᠢ ᠬᠦᠯᠢᠶᠡᠨ ᠠᠪᠴᠤ ᠰᠢᠢᠳᠪᠦᠷᠢᠯᠡᠬᠦ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠲᠤᠰ ᠬᠠᠤᠯᠢ ᠪᠠ ︽ᠪᠦᠬᠦᠳᠡ ᠨᠡᠶᠢᠷᠡᠮᠳᠡᠬᠤ ᠳᠤᠮᠳᠠᠳᠤ ᠠᠷᠠᠳ ᠤᠯᠤᠰ ᠤᠨ ᠵᠠᠰᠠᠭ ᠵᠠᠬᠢᠷᠭᠠᠨ ᠤ | ᠵᠦᠪᠰᠢᠶᠠᠷᠠᠯ ᠤᠨ ᠬᠠᠤᠯᠢ︾ ᠶᠢᠨ ᠲᠤᠭᠲᠠᠭᠠᠯ ᠶᠤᠰᠤᠭᠠᠷ ᠬᠢᠨᠠᠨ ᠪᠠᠶᠢᠴᠠᠭᠠᠬᠤ ᠬᠡᠷᠡᠭᠲᠡᠢ᠃ ᠬᠢᠨᠠᠨ ᠪᠠᠶᠢᠴᠠᠭᠠᠭᠠᠳ ᠬᠢᠷᠢ | ᠲᠡᠩᠴᠡᠭᠰᠡᠨ ᠪᠠᠶᠢᠪᠠᠯ᠂ ᠠᠮᠢᠲᠠᠨ ᠤ ᠬᠢᠵᠢᠭ ᠢ ᠰᠡᠷᠬᠡᠶᠢᠯᠡᠬᠦ ᠨᠦᠭᠦᠴᠡᠯ ᠤᠨ ᠬᠢᠷᠢ ᠲᠡᠩᠴᠡᠭᠰᠡᠨ ᠦᠨᠡᠮᠯᠡᠯ ᠤᠯᠭᠤᠨ᠎ᠠ︔ | ᠬᠢᠷᠢ ᠲᠡᠩᠴᠡᠭᠰᠡᠨ ᠦᠭᠡᠢ ᠪᠠᠶᠢᠪᠠᠯ ᠭᠤᠶᠤᠴᠢᠯᠠᠭᠴᠢ ᠳᠤ ᠮᠡᠳᠡᠭᠳᠡᠬᠦ ᠶᠢᠨ ᠬᠠᠮᠳᠤ ᠤᠴᠢᠷ ᠰᠢᠯᠲᠠᠭᠠᠨ ᠢᠶᠠᠨ | ᠲᠣᠳᠤᠷᠬᠠᠶᠢᠯᠠᠬᠤ ᠬᠡᠷᠡᠭᠲᠡᠢ᠃ ᠦᠢᠯᠡᠳᠪᠦᠷᠢ ᠬᠤᠳᠠᠯᠳᠤᠭᠠᠨ ᠤ ᠳᠠᠩᠰᠠᠯᠠᠯᠳᠠ ᠬᠢᠯᠭᠡᠬᠦ ᠴᠢᠬᠤᠯᠠᠲᠠᠢ ᠪᠠᠶᠢᠪᠠᠯ᠂ | ᠭᠤᠶᠤᠴᠢᠯᠠᠭᠴᠢ ᠨᠢ ᠠᠮᠢᠲᠠᠨ ᠤ ᠬᠢᠵᠢᠭ ᠢ ᠰᠡᠷᠬᠡᠶᠢᠯᠡᠬᠦ ᠨᠦᠭᠦᠴᠡᠯ ᠤᠨ ᠬᠢᠷᠢ ᠲᠡᠩᠴᠡᠭᠰᠡᠨ ᠦᠨᠡᠮᠯᠡᠯ ᠢᠶᠠᠷ ᠢᠶᠠᠨ | ᠦᠢᠯᠡᠳᠪᠦᠷᠢ ᠬᠤᠳᠠᠯᠳᠤᠭᠠᠨ ᠤ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠲᠤ ᠪᠦᠷᠢᠳᠬᠡᠭᠦᠯᠦᠨ | ᠳᠠᠩᠰᠠᠯᠠᠭᠤᠯᠬᠤ ᠭᠠᠷ ᠬᠦᠢᠴᠡᠳᠬᠡᠯ ᠬᠢᠯᠭᠡᠬᠦ ᠪᠠᠷ ᠭᠤᠶᠤᠴᠢᠯᠠᠯ ᠭᠠᠷᠭᠠᠨ᠎ᠠ᠃ ᠠᠮᠢᠲᠠᠨ ᠤ ᠬᠢᠵᠢᠭ ᠢ ᠰᠡᠷᠬᠡᠶᠢᠯᠡᠬᠦ | ᠨᠦᠭᠦᠴᠡᠯ ᠤᠨ ᠬᠢᠷᠢ ᠲᠡᠩᠴᠡᠭᠰᠡᠨ ᠦᠨᠡᠮᠯᠡᠯ ᠳᠤ ᠭᠤᠶᠤᠴᠢᠯᠠᠭᠴᠢ ᠶᠢᠨ ᠨᠡᠷᠡᠶᠢᠳᠦᠯ᠂ ᠲᠠᠯᠠᠪᠠᠢ ︵ᠦᠢᠯᠡᠳᠪᠦᠷᠢ︶ ᠶᠢᠨ | ᠬᠠᠶ᠋ᠢᠭ ᠵᠡᠷᠭᠡ ᠵᠦᠢᠯᠡᠰ ᠢ ᠳᠤᠲᠤᠷᠬᠠᠢ ᠲᠡᠮᠲᠡᠭᠯᠡᠭᠰᠡᠨ ᠪᠠᠶᠢᠬᠤ ᠬᠡᠷᠡᠭᠲᠡᠢ᠃ ᠠᠮᠢᠲᠠᠨ᠂ ᠠᠮᠢᠲᠠᠨ ᠤ ᠠᠰᠢᠭ ᠰᠢᠮ᠎ᠡ ᠶᠢ | ᠡᠵᠡᠩᠨᠡᠬᠦ ᠴᠤᠭᠯᠠᠭ᠎ᠠ ᠮᠠᠶᠢᠮᠠᠢ ᠶᠢᠨ ᠵᠠᠬ᠎ᠠ ᠳᠡᠯᠭᠡᠭᠦᠷ ᠨᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ | ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠤᠭᠲᠠᠭᠠᠭᠰᠠᠨ ᠠᠮᠢᠲᠠᠨ ᠤ ᠬᠢᠵᠢᠭ ᠢ ᠰᠡᠷᠬᠡᠶᠢᠯᠡᠬᠦ ᠨᠦᠭᠦᠴᠡᠯ ᠢ | ᠪᠦᠷᠢᠳᠦᠭᠦᠯᠬᠦ ᠶᠢᠨ ᠬᠠᠮᠳᠤ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠶᠢᠨ ᠬᠢᠨᠠᠯᠲᠠ | ᠪᠠᠶᠢᠴᠠᠭᠠᠯᠲᠠ ᠶᠢ ᠬᠦᠯᠢᠶᠡᠬᠦ ᠬᠡᠷᠡᠭᠲᠡᠢ᠃ | ᠬᠤᠷᠢᠨ ᠨᠢᠭᠡᠳᠦᠭᠡᠷ ᠵᠦᠢᠯ ᠠᠮᠢᠲᠠᠨ᠂ ᠠᠮᠢᠲᠠᠨ ᠤ ᠠᠰᠢᠭ ᠰᠢᠮ᠎ᠡ ᠶᠢ ᠳᠡᠭᠡᠭᠡᠪᠦᠷᠢᠯᠡᠬᠦ ᠪᠠᠭᠠᠵᠢ ᠬᠡᠷᠡᠭᠰᠡᠯ᠂ ᠳᠡᠪᠢᠰᠬᠦ | ᠡᠳ᠋᠂ ᠪᠤᠭᠤᠳᠠᠯᠯᠠᠬᠤ ᠡᠳ᠋᠂ ᠰᠠᠪᠠ ᠵᠡᠷᠭᠡ ᠨᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠠᠴᠠ ᠲᠤᠭᠲᠠᠭᠠᠭᠰᠠᠨ ᠠᠮᠢᠲᠠᠨ ᠤ ᠬᠢᠵᠢᠭ ᠢ ᠰᠡᠷᠬᠡᠶᠢᠯᠡᠬᠦ ᠱᠠᠭᠠᠷᠳᠠᠯᠭ᠎ᠠ ᠳᠤ ᠨᠠᠶᠢᠴᠡᠭᠰᠡᠨ | ᠪᠠᠶᠢᠬᠤ ᠬᠡᠷᠡᠭᠲᠡᠢ᠃ ᠬᠢᠵᠢᠭ ᠬᠠᠯᠳᠠᠪᠤᠷᠢᠯᠠᠭᠰᠠᠨ ᠠᠮᠢᠲᠠᠨ ᠵᠢᠴᠢ ᠲᠡᠭᠦᠨ ᠤ ᠢᠯᠭᠠᠳᠠᠰᠤ᠂ ᠬᠢᠵᠢᠭ ᠬᠠᠯᠳᠠᠪᠤᠷᠢᠯᠠᠭᠰᠠᠨ | ᠠᠮᠢᠲᠠᠨ ᠤ ᠠᠰᠢᠭ ᠰᠢᠮ᠎ᠡ᠂ ᠡᠪᠡᠳᠴᠢᠯᠡᠵᠦ ᠦᠬᠦᠭᠰᠡᠨ ᠪᠤᠶᠤ ᠦᠭᠦᠭᠰᠡᠨ ᠰᠢᠯᠳᠠᠭᠠᠨ ᠨᠢ ᠳᠤᠳᠤᠷᠬᠠᠢ ᠦᠭᠡᠢ ᠠᠮᠢᠲᠠᠨ ᠤ | ᠦᠬᠦᠳᠡᠯ᠂ ᠲᠡᠭᠡᠭᠡᠪᠦᠷᠢᠯᠡᠬᠦ ᠪᠠᠭᠠᠵᠢ ᠬᠡᠷᠡᠭᠰᠡᠯ ᠳᠠᠬᠢ ᠠᠮᠢᠲᠠᠨ ᠤ ᠢᠯᠭᠠᠳᠠᠰᠤ ᠪᠤᠯᠤᠨ ᠳᠡᠪᠢᠰᠬᠦ ᠡᠳ᠋᠂ ᠪᠤᠭᠤᠳᠠᠯᠯᠠᠬᠤ ᠡᠳ᠋᠂ | ᠰᠠᠪᠠ ᠵᠡᠷᠭᠡ ᠪᠤᠬᠢᠷᠳᠤᠭᠰᠠᠨ ᠪᠤᠳᠠᠰ ᠤᠳ ᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠤᠨ ᠲᠤᠭᠲᠠᠭᠠᠯ ᠶᠣᠰᠤᠭᠠᠷ ᠰᠢᠢᠳᠪᠤᠷᠢᠯᠡᠬᠦ ᠬᠡᠷᠡᠭᠲᠡᠢ᠂ ᠳᠤᠷ᠎ᠠ ᠪᠠᠷ ᠢᠶᠠᠨ ᠰᠢᠢᠳᠪᠦᠷᠢᠯᠡᠵᠦ | ᠪᠤᠯᠬᠤ ᠦᠭᠡᠢ᠃ | ᠬᠤᠷᠢᠨ ᠬᠤᠶᠠᠳᠤᠭᠠᠷ ᠵᠦᠢᠯ ᠠᠮᠢᠲᠠᠨ ᠤ ᠡᠪᠡᠳᠴᠢᠨ ᠤ ᠮᠡᠲ᠋ᠧᠷᠢᠶᠠᠯ ᠪᠤᠶᠤ ᠡᠪᠡᠳᠴᠢᠨ ᠡᠭᠦᠰᠬᠡᠬᠦ ᠮᠢᠺᠷᠤᠪ ᠢ | ᠴᠤᠭᠯᠠᠭᠤᠯᠬᠤ᠂ ᠬᠠᠳᠠᠭᠠᠯᠠᠬᠤ᠂ ᠲᠡᠭᠡᠭᠡᠪᠦᠷᠢᠯᠡᠬᠦ ᠪᠠ ᠡᠪᠡᠳᠴᠢᠨ ᠡᠭᠦᠰᠬᠡᠬᠦ ᠮᠢᠺᠷᠤᠪ ᠤᠨ ᠰᠤᠳᠤᠯᠭᠠᠨ᠂ ᠵᠢᠭᠠᠨ | ᠰᠤᠷᠭᠠᠯᠲᠠ᠂ ᠰᠢᠯᠭᠠᠠ ᠬᠡᠮᠵᠢᠯᠲᠡ᠂ ᠤᠨᠤᠰᠢᠯᠠᠯᠲᠠ ᠵᠡᠷᠭᠡ ᠠᠵᠢᠯᠯᠠᠭ᠎ᠠ ᠬᠢᠬᠦ ᠳᠤ ᠤᠯᠤᠰ ᠤᠨ ᠡᠪᠡᠳᠴᠢᠨ ᠡᠭᠦᠰᠬᠡᠬᠦ | ᠮᠢᠺᠷᠤᠪ ᠤᠨ ᠲᠤᠷᠰᠢᠯᠲᠠ ᠶᠢᠨ ᠲᠠᠰᠤᠭ ᠤᠨ ᠬᠠᠮᠢᠶᠠᠷᠤᠯᠲᠠ ᠶᠢᠨ ᠬᠤᠯᠪᠤᠭᠳᠠᠯ ᠪᠦᠬᠦᠢ ᠲᠤᠭᠲᠠᠭᠠᠯ ᠢ ᠵᠢᠷᠤᠮᠯᠠᠬᠤ ᠭᠡᠷᠡᠭᠲᠡᠢ᠃ | ᠬᠤᠷᠢᠨ ᠭᠤᠷᠪᠠᠳᠤᠭᠠᠷ ᠵᠦᠢᠯ ᠬᠦᠮᠦᠨ ᠮᠠᠯ ᠳᠤ ᠪᠦᠷ ᠬᠠᠯᠳᠠᠪᠤᠷᠢᠯᠠᠳᠠᠭ ᠬᠠᠯᠳᠠᠪᠤᠷᠢᠳᠦ ᠡᠪᠡᠳᠴᠢᠨ ᠲᠠᠢ ᠬᠦᠮᠦᠨ | ᠠᠮᠢᠲᠠᠨ ᠢ ᠤᠨᠤᠰᠢᠯᠠᠨ ᠡᠮᠨᠡᠬᠦ ᠵᠢᠴᠢ ᠠᠮᠠᠷᠬᠠᠨ ᠬᠠᠯᠳᠠᠪᠤᠷᠢᠯᠠᠳᠠᠭ ᠠᠮᠢᠲᠠᠨ ᠢ ᠳᠡᠵᠢᠭᠡᠬᠦ᠂ ᠨᠢᠳᠦᠯᠬᠤ᠂ ᠡᠵᠡᠩᠨᠡᠬᠦ᠂ | ᠲᠤᠰᠠᠭᠠᠷᠯᠠᠬᠤ᠂ ᠲᠡᠭᠡᠭᠡᠪᠦᠷᠢᠯᠡᠬᠦ ᠵᠡᠷᠭᠡ ᠠᠵᠢᠯᠯᠠᠭ᠎ᠠ ᠶᠢ ᠰᠢᠭᠤᠳ ᠬᠢᠵᠦ ᠪᠤᠯᠬᠤ ᠦᠬᠡᠢ᠂ ᠬᠦᠮᠦᠨ ᠮᠠᠯ ᠳᠤ ᠪᠦᠷ | ᠬᠠᠯᠳᠠᠪᠤᠷᠢᠯᠠᠳᠠᠭ ᠬᠠᠯᠳᠠᠪᠤᠷᠢᠳᠦ ᠡᠪᠡᠳᠴᠢᠨ ᠤ ᠨᠡᠷᠡᠰ ᠤᠨ ᠵᠢᠭᠰᠠᠭᠠᠯᠲᠠ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ | ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠥᠷᠦ ᠶᠢᠨ ᠶᠠᠪᠤᠳᠠᠯ ᠤᠨ ᠬᠤᠷᠢᠶᠠᠨ ᠤ ᠡᠷᠡᠭᠦᠯ | ᠬᠠᠮᠠᠭᠠᠯᠠᠯ ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠲᠠᠢ ᠬᠠᠮᠲᠤᠷᠠᠨ ᠳᠤᠭᠲᠠᠭᠠᠵᠤ ᠨᠠᠶᠢᠳᠡᠯᠡᠨ᠎ᠡ᠃ | ᠬᠤᠷᠢᠨ ᠳᠦᠷᠪᠡᠳᠦᠭᠡᠷ ᠵᠦᠢᠯ ᠤᠯᠤᠰ ᠠᠴᠠ ᠠᠮᠢᠲᠠᠨ ᠤ ᠬᠢᠵᠢᠭ ᠡᠪᠡᠳᠴᠢᠨ ᠳᠤ ᠤᠷᠤᠨ ᠪᠦᠰᠡᠴᠢᠯᠡᠭᠰᠡᠨ | ᠬᠠᠮᠢᠶᠠᠷᠤᠯᠲᠠ ᠶᠠᠪᠤᠭᠤᠯᠵᠤ᠂ ᠲᠤᠭᠲᠠᠭᠠᠭᠰᠠᠨ ᠠᠮᠢᠲᠠᠨ ᠤ ᠬᠢᠵᠢᠭ ᠡᠪᠡᠳᠴᠢᠨ ᠦᠭᠡᠢ ᠤᠷᠤᠨ ᠢ ᠠᠯᠬᠤᠮ ᠠᠯᠬᠤᠮ ᠢᠶᠠᠷ | ᠪᠠᠶᠢᠭᠤᠯᠤᠨ᠎ᠠ᠃ ᠲᠤᠭᠲᠠᠭᠠᠭᠰᠠᠨ ᠠᠮᠢᠲᠠᠨ ᠤ ᠬᠢᠵᠢᠭ ᠡᠪᠡᠳᠴᠢᠨ ᠦᠭᠡᠢ ᠤᠷᠤᠨ ᠨᠢ ᠲᠦᠷᠦ ᠶᠢᠨ ᠶᠠᠪᠤᠳᠠᠯ ᠤᠨ | ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠤᠭᠲᠠᠭᠠᠭᠰᠠᠨ ᠪᠠᠷᠢᠮᠵᠢᠶ᠎ᠡ ᠳᠤ ᠨᠡᠶᠢᠴᠡᠭᠰᠡᠨ | ᠪᠠᠶᠢᠬᠤ ᠬᠡᠷᠡᠭᠲᠡᠢ᠂ ᠲᠡᠭᠦᠨ ᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠤᠨ ᠰᠢᠯᠭᠠᠨ ᠠᠪᠬᠤ ᠳᠤ ᠬᠢᠷᠢ ᠲᠡᠩᠴᠡᠭᠰᠡᠨ ᠤ ᠳᠠᠷᠠᠭ᠎ᠠ ᠨᠡᠶᠢᠳᠡᠯᠡᠨ᠎ᠠ ᠳ᠋ᠤᠰ ᠬᠠᠤᠯᠢ ᠳᠤ ᠬᠡᠯᠡᠵᠦ ᠪᠠᠶᠢᠭ᠎ᠠ | ᠲᠤᠭᠲᠠᠭᠠᠭᠰᠠᠨ ᠠᠮᠢᠲᠠᠨ ᠤ ᠬᠢᠵᠢᠭ ᠡᠪᠡᠳᠴᠢᠨ ᠦᠭᠡᠢ ᠤᠷᠤᠨ ᠭᠡᠳᠡᠭ ᠪᠤᠯ ᠪᠠᠶᠢᠭᠠᠯᠢ ᠶᠢᠨ ᠬᠠᠯᠬᠠᠪᠴᠢ ᠲᠠᠢ ᠪᠤᠶᠤ | ᠵᠣᠬᠢᠶᠠᠮᠠᠯ ᠠᠷᠭ᠎ᠠ ᠬᠡᠮᠵᠢᠶ᠎ᠡ ᠠᠪᠤᠭᠠᠳ ᠵᠤᠬᠢᠬᠤ ᠬᠤᠭᠤᠴᠠᠭᠠᠨ ᠳᠤ ᠲᠤᠭᠲᠠᠭᠠᠭᠰᠠᠨ ᠨᠢᠭᠡ ᠪᠤᠶᠤ ᠬᠡᠳᠦᠨ ᠵᠦᠢᠯ ᠤᠨ | ᠠᠮᠢᠲᠠᠨ ᠤ ᠬᠢᠵᠢᠭ ᠡᠪᠡᠳᠴᠢᠨ ᠡᠭᠦᠰᠦᠭᠰᠡᠨ ᠦᠭᠡᠢ ᠪᠦᠭᠡᠳ ᠰᠢᠯᠭᠠᠨ ᠠᠪᠬᠤ ᠳᠤ ᠬᠢᠷᠢ ᠲᠡᠩᠴᠡᠭᠰᠡᠨ ᠤᠷᠤᠨ ᠪᠦᠰᠡ ᠶᠢ | ᠵᠢᠭᠠᠵᠤ ᠪᠠᠶᠢᠨ᠎ᠠ᠃ | ᠬᠤᠷᠢᠨ ᠲᠠᠪᠤᠳᠤᠭᠠᠷ ᠵᠦᠢᠯ ᠳᠤᠤᠷ᠎ᠠ ᠵᠢᠭᠰᠠᠭᠠᠭᠰᠠᠨ ᠠᠮᠢᠲᠠᠡ ᠢ ᠠᠯᠠᠵᠤ ᠨᠢᠳᠤᠯᠬᠤ᠂ ᠡᠵᠡᠩᠨᠡᠬᠦ᠂ ᠳᠡᠭᠡᠭᠡᠪᠦᠷᠢᠯᠡᠬᠦ | ᠪᠠ ᠳᠤᠤᠷ᠎ᠠ ᠵᠢᠭᠰᠠᠭᠠᠭᠰᠠᠨ ᠠᠮᠢᠲᠠᠨ ᠤ ᠠᠰᠢᠭ ᠰᠢᠮ᠎ᠡ ᠶᠢ ᠦᠢᠯᠡᠳᠪᠦᠷᠢᠯᠡᠬᠦ᠂ ᠡᠵᠡᠩᠨᠡᠬᠦ᠂ ᠪᠤᠯᠪᠠᠰᠤᠷᠠᠭᠤᠯᠬᠤ᠂ | ᠬᠠᠳᠠᠭᠠᠯᠠᠬᠤ᠂ ᠲᠡᠭᠡᠭᠡᠪᠦᠷᠢᠯᠡᠬᠦ ᠶᠢ ᠴᠠᠭᠠᠵᠠᠯᠠᠨ᠎ᠠ᠄ | ︵ᠨᠢᠭᠡ︶ ᠬᠢᠵᠢᠭ ᠤᠨ ᠬᠤᠷᠢᠭᠠᠳᠤ ᠤᠷᠤᠨ ᠳᠤ ᠡᠭᠦᠰᠦᠭᠰᠡᠨ ᠠᠮᠢᠲᠠᠨ ᠤ ᠬᠢᠵᠢᠭ ᠡᠪᠡᠳᠴᠢᠨ ᠲᠠᠢ ᠬᠤᠯᠪᠤᠭᠳᠠᠬᠤ | ᠵᠦᠢᠯ︔ | ︵ᠬᠤᠶᠠᠷ︶ ᠬᠢᠵᠢᠭ ᠤᠨ ᠤᠷᠤᠨ ᠳᠠᠬᠢ ᠠᠮᠠᠷᠬᠠᠨ ᠬᠠᠯᠳᠠᠪᠤᠷᠢᠯᠠᠭᠳᠠᠬᠤ ᠵᠦᠢᠯ︔ | ︵ᠭᠤᠷᠪᠠ︶ ᠬᠠᠤᠯᠢ ᠶᠤᠰᠤᠭᠠᠷ ᠬᠢᠵᠢᠭ ᠤᠨ ᠪᠠᠶᠢᠴᠠᠭᠠᠯᠲᠠ ᠬᠢᠬᠦ ᠶᠤᠰᠤᠲᠠᠢ ᠪᠠᠶᠢᠳᠠᠯ᠎ᠠ ᠬᠢᠵᠢᠭ ᠤᠨ ᠪᠠᠶᠢᠴᠠᠭᠠᠯᠲᠠ | ᠬᠢᠭᠰᠡᠨ ᠦᠭᠡᠢ ᠪᠤᠶᠤ ᠬᠢᠵᠢᠭ ᠤᠨ ᠪᠠᠶᠢᠴᠠᠭᠠᠯᠲᠠ ᠳᠤ ᠬᠢᠷᠢ ᠲᠡᠩᠴᠡᠭᠰᠡᠨ ᠦᠭᠡᠢ ᠵᠦᠢᠯ︔ | ︵ᠳᠦᠷᠪᠡ︶ ᠬᠢᠵᠢᠭ ᠬᠠᠯᠳᠠᠪᠤᠷᠢᠯᠠᠭᠰᠠᠨ ᠪᠤᠶᠤ ᠬᠢᠵᠢᠭ ᠬᠠᠯᠳᠠᠪᠤᠷᠢᠯᠠᠭᠰᠠᠨ ᠰᠡᠵᠢᠭᠯᠡᠯ ᠲᠠᠢ ᠵᠦᠢᠯ︔ | ︵ᠲᠠᠪᠤ︶ ᠡᠪᠡᠳᠴᠢᠯᠡᠵᠦ ᠦᠬᠦᠭᠰᠡᠨ ᠪᠤᠶᠤ ᠦᠭᠦᠭᠰᠡᠨ ᠰᠢᠯᠲᠠᠭᠠᠨ ᠨᠢ ᠳᠤᠳᠤᠷᠬᠠᠢ ᠦᠭᠡᠢ ᠵᠦᠢᠯ︔ | ︵ᠵᠢᠷᠭᠤᠭ᠎ᠠ︶ ᠠᠮᠢᠲᠠᠨ ᠤ ᠬᠢᠵᠢᠭ ᠢ ᠰᠡᠷᠬᠡᠶᠢᠯᠡᠬᠦ ᠲᠤᠬᠠᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ | ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠬᠤᠯᠪᠤᠭᠳᠠᠯ ᠪᠦᠬᠦᠢ ᠲᠤᠭᠲᠠᠭᠠᠯ ᠳᠤ ᠦᠯᠦ ᠨᠡᠶᠢᠴᠡᠬᠦ ᠪᠤᠰᠤᠳ | ᠵᠦᠢᠯ ᠤᠳ᠃ | ᠭᠤᠷᠪᠠᠳᠤᠭᠠᠷ ᠪᠦᠯᠦᠭ ᠠᠮᠢᠲᠠᠨ ᠤ ᠬᠢᠵᠢᠭ ᠤᠨ ᠪᠠᠶᠢᠳᠠᠯ ᠢ ᠮᠡᠳᠡᠭᠦᠯᠬᠦ᠂ ᠮᠡᠳᠡᠭᠳᠡᠬᠦ ᠪᠠ ᠨᠡᠶᠢᠳᠡᠯᠡᠬᠦ | ᠬᠤᠷᠢᠨ ᠵᠢᠷᠭᠤᠳᠤᠭᠠᠷ ᠵᠦᠢᠯ ᠠᠮᠢᠲᠠᠨ ᠤ ᠬᠢᠵᠢᠭ ᠤᠨ ᠪᠠᠶᠢᠳᠠᠯ ᠢ ᠬᠢᠨᠠᠨ ᠬᠡᠮᠵᠢᠬᠦ᠂ ᠬᠢᠵᠢᠭ ᠢ ᠰᠢᠯᠭᠠᠨ | ᠪᠠᠶᠢᠴᠠᠭᠠᠬᠤ᠂ ᠬᠢᠵᠢᠭ ᠡᠪᠡᠳᠴᠢᠨ ᠢ ᠰᠤᠳᠤᠯᠬᠤ ᠪᠠ ᠤᠨᠤᠰᠢᠯᠠᠨ ᠡᠮᠨᠡᠬᠦ ᠵᠢᠴᠢ ᠠᠮᠢᠲᠠᠨ ᠢ ᠳᠡᠵᠢᠭᠡᠬᠦ᠂ ᠨᠢᠲᠤᠯᠠᠬᠤ᠂ | ᠡᠵᠡᠩᠨᠡᠬᠦ᠂ ᠲᠤᠰᠠᠭᠠᠷᠯᠠᠬᠤ᠂ ᠲᠡᠭᠡᠭᠡᠪᠦᠷᠢᠯᠡᠬᠦ ᠵᠡᠷᠭᠡ ᠠᠵᠢᠯᠯᠠᠭ᠎ᠠ ᠡᠷᠬᠢᠯᠡᠵᠦ ᠪᠠᠶᠢᠭ᠎ᠠ ᠨᠢᠭᠡᠴᠢ ᠪᠠ ᠬᠤᠪᠢ ᠬᠦᠮᠦᠨ | ᠠᠮᠢᠲᠠᠨ ᠤ ᠬᠢᠵᠢᠭ ᠬᠠᠯᠳᠠᠪᠤᠷᠢᠯᠠᠭᠰᠠᠨ ᠪᠤᠶᠤ ᠬᠢᠵᠢᠭ ᠬᠠᠯᠳᠠᠪᠤᠷᠢᠯᠠᠭᠰᠠᠨ ᠰᠡᠵᠢᠭᠯᠡᠯ ᠲᠠᠢ ᠵᠦᠢᠯ ᠪᠠᠶᠢᠬᠤ ᠶᠢ ᠤᠯᠵᠤ | ᠮᠡᠳᠡᠪᠡᠯ᠂ ᠲᠡᠷᠡ ᠲᠤᠤᠷ᠎ᠠ ᠨᠢ ᠲᠤᠬᠠᠢ ᠶᠢᠨ ᠭᠠᠵᠠᠷ ᠤᠨ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ᠂ | ᠠᠮᠢᠲᠡᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠪᠤᠶᠤ ᠠᠮᠢᠲᠠᠨ ᠤ ᠬᠢᠵᠢᠭ ᠡᠪᠡᠳᠴᠢᠨ ᠢ ᠰᠡᠷᠬᠡᠶᠢᠯᠡᠨ | ᠬᠢᠵᠠᠭᠠᠷᠯᠠᠬᠤ ᠪᠠᠶᠢᠭᠤᠯᠤᠮᠵᠢ ᠳᠤ ᠮᠡᠳᠡᠭᠦᠯᠬᠦ ᠶᠢᠨ ᠬᠠᠮᠳᠤ ᠲᠤᠰᠠᠭᠠᠷᠯᠠᠬᠤ ᠵᠡᠷᠭᠡ ᠬᠢᠵᠠᠭᠠᠷᠯᠠᠬᠤ ᠠᠷᠭ᠎ᠠ ᠬᠡᠮᠵᠢᠶ᠎ᠡ ᠠᠪᠴᠤ | ᠪᠠᠶᠢᠭᠠᠳ ᠠᠮᠢᠲᠠᠨ ᠤ ᠬᠢᠵᠢᠭ ᠤᠨ ᠪᠠᠶᠢᠳᠠᠯ ᠤᠨ ᠲᠠᠷᠬᠠᠨ ᠳᠡᠯᠭᠡᠷᠡᠬᠦ ᠶᠢ ᠰᠡᠷᠬᠡᠶᠢᠯᠡᠨ ᠬᠤᠷᠢᠭᠯᠠᠬᠤ ᠬᠡᠷᠡᠭᠲᠡᠢ᠂ ᠠᠮᠢᠲᠠᠨ ᠤ | ᠬᠢᠵᠢᠭ ᠬᠠᠯᠳᠠᠪᠤᠷᠢᠯᠠᠭᠰᠠᠨ ᠪᠤᠶᠤ ᠬᠢᠵᠢᠭ ᠬᠠᠯᠳᠠᠪᠤᠷᠢᠯᠠᠭᠰᠠᠨ ᠰᠡᠵᠢᠭᠯᠡᠯ ᠲᠠᠢ ᠵᠦᠢᠯ ᠪᠠᠶᠢᠬᠤ ᠶᠢ ᠪᠤᠰᠤᠳ ᠨᠢᠭᠡᠴᠢ ᠪᠤᠶᠤ | ᠬᠤᠪᠢ ᠬᠦᠮᠦᠨ ᠤᠯᠵᠤ ᠮᠡᠳᠡᠪᠡᠯ ᠴᠠᠭ ᠲᠤᠬᠠᠢ ᠳᠤᠨᠢ ᠮᠡᠳᠡᠭᠦᠯᠬᠦ ᠬᠡᠷᠡᠭᠲᠡᠢ᠂ ᠠᠮᠢᠲᠠᠨ ᠤ ᠬᠢᠵᠢᠭ ᠤᠨ ᠪᠠᠶᠢᠳᠠᠯ ᠤᠨ | ᠮᠡᠳᠡᠭᠦᠯᠦᠯᠲᠡ ᠶᠢ ᠤᠯᠤᠭᠰᠠᠨ ᠨᠢᠭᠡᠴᠢ ᠴᠠᠭ ᠲᠤᠬᠠᠢ ᠳᠤᠨᠢ ᠴᠢᠬᠤᠯᠠ ᠪᠥᠬᠦᠢ ᠵᠠᠷᠯᠠᠨ ᠰᠢᠢᠳᠪᠦᠷᠢᠯᠡᠬᠦ ᠠᠷᠭ᠎ᠠ ᠬᠡᠮᠵᠢᠶ᠎ᠡ | ᠠᠪᠬᠤ ᠶᠢᠨ ᠬᠠᠮᠳᠤ ᠤᠯᠤᠰ ᠤᠨ ᠲᠤᠭᠲᠠᠭᠠᠭᠰᠠᠨ ᠵᠢᠷᠤᠮ ᠢᠶᠠᠷ ᠳᠡᠭᠡᠭᠰᠢ ᠮᠡᠳᠡᠭᠦᠯᠬᠦ ᠬᠡᠷᠡᠭᠲᠡᠢ᠃ | ᠬᠤᠷᠢᠨ ᠳᠤᠯᠤᠳᠤᠭᠠᠷ ᠵᠦᠢᠯ ᠠᠮᠢᠲᠠᠨ ᠤ ᠬᠢᠵᠢᠭ ᠤᠨ ᠪᠠᠶᠢᠳᠠᠯ ᠢ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ | ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠮᠠᠭᠠᠳᠯᠠᠨ ᠲᠤᠭᠳᠠᠭᠠᠨ᠎ᠠ︔ | ᠲᠡᠭᠦᠨ ᠤ ᠳᠤᠲᠤᠷᠡᠬᠢ ᠠᠮᠢᠲᠠᠨ ᠤ ᠬᠦᠨᠳᠦ ᠶᠡᠭᠡ ᠬᠢᠵᠢᠭ ᠤᠨ ᠪᠠᠶᠢᠳᠠᠯ ᠢ ᠮᠤᠵᠢ᠂ ᠦᠪᠡᠷᠳᠡᠭᠡᠨ ᠵᠠᠰᠠᠬᠤ ᠤᠷᠤᠨ᠂ | ᠰᠢᠭᠤᠳ ᠬᠠᠷᠢᠶ᠎ᠠ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠠᠴᠠ ᠮᠠᠭᠠᠳᠯᠠᠨ ᠲᠤᠭᠲᠠᠭᠠᠵᠤ᠂ ᠴᠢᠬᠤᠯᠠᠲᠠᠢ ᠦᠶ᠎ᠠ ᠳᠤ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ | ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠭᠦᠯᠵᠦ ᠮᠠᠭᠠᠳᠯᠠᠨ ᠲᠤᠭᠲᠠᠭᠠᠯᠭᠠᠨ᠎ᠠ᠃ | ᠬᠤᠷᠢᠨ ᠨᠠᠢᠮᠠᠳᠤᠭᠠᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠠᠮᠢᠲᠠᠨ ᠤ ᠬᠦᠨᠳᠦ ᠶᠡᠭᠡ ᠬᠢᠵᠢᠭ ᠤᠨ ᠪᠠᠶᠢᠳᠠᠯ ᠤᠨ ᠡᠭᠦᠰᠦᠭᠰᠡᠨ ᠪᠠ ᠲᠡᠭᠦᠨ ᠢ ᠰᠢᠢᠳᠪᠦᠷᠢᠯᠡᠭᠰᠡᠨ | ᠪᠠᠶᠢᠳᠠᠯ ᠢ ᠲᠦᠷᠦ ᠶᠢᠨ ᠶᠠᠪᠤᠳᠠᠯ ᠤᠨ ᠬᠤᠷᠢᠶᠠᠨ ᠤ ᠬᠤᠯᠪᠤᠭᠳᠠᠯ ᠪᠦᠬᠦᠢ ᠰᠠᠯᠠᠭ᠎ᠠ ᠮᠦᠴᠢᠷ ᠪᠠ ᠴᠡᠷᠢᠭ ᠠᠩᠭᠢ ᠶᠢᠨ | ᠬᠤᠯᠪᠤᠭᠳᠠᠯ ᠪᠦᠬᠦᠢ ᠰᠠᠯᠠᠭ᠎ᠠ ᠮᠦᠴᠢᠷ ᠵᠢᠴᠢ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠶᠢᠨ | ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠲᠤ ᠴᠠᠭ ᠲᠤᠬᠠᠢ ᠳᠤᠨᠢ | ᠮᠡᠳᠡᠭᠳᠡᠬᠦ ᠬᠡᠷᠡᠭᠳᠡᠢ︔ ᠬᠦᠮᠦᠨ ᠮᠠᠯ ᠳᠤ ᠪᠦᠷ ᠬᠠᠯᠳᠠᠪᠤᠷᠢᠯᠠᠳᠠᠭ ᠬᠠᠯᠳᠠᠪᠤᠷᠢᠲᠤ ᠡᠪᠡᠳᠴᠢᠨ ᠡᠭᠦᠰᠦᠭᠰᠡᠨ ᠪᠠᠶᠢᠪᠠᠯ᠂ | ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠪᠣᠯᠤᠨ ᠠᠳᠠᠯᠢ ᠱᠠᠳᠤᠨ ᠤ ᠡᠷᠡᠭᠦᠯ ᠬᠠᠮᠠᠭᠠᠯᠠᠯ ᠤᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠴᠠᠭ ᠲᠤᠬᠠᠢ ᠳᠤᠨᠢ | ᠬᠠᠷᠢᠯᠴᠠᠨ ᠮᠡᠳᠡᠭᠳᠡᠬᠦ ᠬᠡᠷᠡᠭᠲᠡᠢ᠂ ᠲᠥᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠮᠠᠨ ᠤ ᠤᠯᠤᠰ ᠤᠨ ᠪᠠᠶᠢᠭᠤᠯᠤᠭᠰᠠᠨ ᠪᠤᠶᠤ ᠤᠷᠤᠯᠴᠠᠭᠰᠠᠨ ᠭᠡᠷ᠎ᠡ᠂ ᠬᠡᠯᠡᠯᠴᠡᠭᠡᠷ ᠤᠨ ᠶᠤᠰᠤᠭᠠᠷ | ᠠᠮᠢᠲᠠᠨ ᠤ ᠬᠦᠨᠳᠦ ᠶᠡᠭᠡ ᠬᠢᠵᠢᠭ ᠤᠨ ᠪᠠᠶᠢᠳᠠᠯ ᠤᠨ ᠡᠭᠦᠰᠦᠭᠰᠡᠨ ᠪᠠ ᠲᠡᠭᠦᠨ ᠢ ᠰᠢᠢᠳᠪᠦᠷᠢᠯᠡᠭᠰᠡᠨ ᠪᠠᠶᠢᠳᠠᠯ ᠢ ᠬᠤᠯᠪᠤᠭᠳᠠᠯ | ᠪᠦᠬᠦᠢ ᠤᠯᠠᠨ ᠤᠯᠤᠰ ᠤᠨ ᠵᠤᠬᠢᠶᠠᠨ ᠪᠠᠶᠢᠭᠤᠯᠤᠯᠲᠠ ᠪᠤᠶᠤ ᠠᠷᠠᠯᠵᠢᠶᠠᠨ ᠤ ᠡᠲᠡᠭᠡᠳ ᠲᠤ ᠴᠠᠭ ᠲᠤᠬᠠᠢ ᠳᠤᠨᠢ ᠮᠡᠳᠡᠭᠳᠡᠬᠦ | ᠬᠡᠷᠡᠭᠲᠡᠢ᠃ | ᠬᠤᠷᠢ ᠶᠢᠰᠦᠳᠦᠭᠡᠷ ᠵᠦᠢᠯ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠪᠦᠬᠦ ᠤᠯᠤᠰ ᠤᠨ ᠠᠮᠢᠲᠠᠨ ᠤ ᠬᠢᠵᠢᠭ ᠤᠨ ᠪᠠᠶᠢᠳᠠᠯ ᠢ ᠨᠡᠶᠢᠭᠡᠮ ᠳᠠᠶᠠᠭᠠᠷ ᠲᠤ ᠴᠠᠭ ᠲᠤᠬᠠᠢ ᠳᠤᠨᠢ | ᠨᠡᠶᠢᠲᠡᠯᠡᠬᠦ ᠠᠵᠢᠯ ᠢ ᠬᠠᠷᠢᠭᠤᠴᠠᠨ᠎ᠠ᠂ ᠭᠡᠷᠡᠭᠴᠡᠭᠡ ᠪᠠᠨ ᠦᠨᠳᠦᠰᠦᠯᠡᠨ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ | ᠬᠠᠷᠢᠶ᠎ᠠ ᠬᠤᠳᠡ ᠶᠢᠨ ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠲᠤ | ᠡᠷᠭᠡ ᠤᠯᠭᠤᠵᠤ ᠲᠤᠰ ᠵᠠᠰᠠᠭ ᠵᠠᠬᠢᠷᠭᠠᠨ ᠤ ᠤᠷᠤᠨ ᠤ ᠬᠡᠪᠴᠢᠶᠡᠨ ᠳᠠᠬᠢ ᠠᠮᠢᠲᠠᠨ ᠤ ᠬᠢᠵᠢᠭ ᠤᠨ ᠪᠠᠶᠢᠳᠠᠯ ᠢ | ᠨᠡᠶᠢᠲᠡᠯᠡᠭᠦᠯᠦᠭᠰᠡᠨ ᠴᠦ ᠪᠤᠯᠤᠨ᠎ᠠ ᠪᠤᠰᠤᠳ ᠨᠢᠭᠡᠴᠢ ᠪᠠ ᠬᠤᠪᠢ ᠬᠦᠮᠦᠨ ᠠᠮᠢᠲᠠᠨ ᠤ ᠬᠢᠵᠢᠭ ᠤᠨ ᠪᠠᠶᠢᠳᠠᠯ ᠢ ᠨᠡᠶᠢᠲᠡᠯᠡᠵᠦ | ᠪᠤᠯᠬᠤ ᠦᠭᠡᠢ᠃ | ᠭᠤᠴᠢᠳᠤᠭᠠᠷ ᠵᠦᠢᠯ ᠶᠠᠮᠠᠷᠪᠠ ᠨᠢᠭᠡᠴᠢ ᠪᠠ ᠬᠤᠪᠢ ᠬᠦᠮᠦᠨ ᠠᠮᠢᠲᠠᠨ ᠤ ᠬᠢᠵᠢᠭ ᠤᠨ ᠪᠠᠶᠢᠳᠠᠯ ᠢ ᠮᠡᠳᠡᠭᠦᠯᠬᠦ ᠦᠭᠡᠢ | ᠨᠢᠭᠤᠵᠤ᠂ ᠬᠤᠳᠠᠯ ᠢᠶᠠᠷ ᠮᠡᠳᠡᠭᠦᠯᠵᠦ᠂ ᠤᠳᠠᠭᠠᠰᠢᠷᠠᠭᠤᠯᠤᠨ ᠮᠡᠳᠡᠭᠦᠯᠵᠦ᠂ ᠣᠷᠬᠢᠭᠳᠠᠭᠤᠯᠤᠨ ᠮᠡᠳᠡᠭᠦᠯᠵᠦ ᠪᠤᠯᠬᠤ ᠦᠭᠡᠢ᠂ | ᠠᠮᠢᠲᠠᠨ ᠤ ᠬᠢᠵᠢᠭ ᠤᠨ ᠪᠠᠶᠢᠳᠠᠯ ᠢ ᠮᠡᠳᠡᠭᠦᠯᠬᠦ ᠦᠭᠡᠢ ᠨᠢᠭᠤᠬᠤ᠂ ᠬᠤᠳᠠᠯ ᠢᠶᠠᠷ ᠮᠡᠳᠡᠭᠦᠯᠬᠦ᠂ ᠤᠳᠠᠭᠠᠰᠢᠷᠠᠭᠤᠯᠤᠨ | ᠮᠡᠳᠡᠭᠦᠯᠭᠦ ᠪᠠᠷ ᠪᠤᠰᠤᠳ ᠬᠦᠮᠦᠨ ᠳᠤ ᠰᠠᠨᠠᠭᠤᠯᠵᠤ ᠪᠤᠯᠬᠤ ᠦᠭᠡᠢ᠂ ᠪᠤᠰᠤᠳ ᠤᠨ ᠠᠮᠢᠲᠠᠨ ᠤ ᠬᠢᠵᠢᠭ ᠤᠨ ᠪᠠᠶᠢᠳᠠᠯ ᠢ | ᠮᠡᠳᠡᠭᠦᠯᠬᠦ ᠶᠢ ᠬᠠᠷᠰᠢᠯᠠᠵᠤ ᠪᠤᠯᠬᠤ ᠦᠭᠡᠢ᠃ | ᠳᠦᠷᠪᠡᠳᠦᠭᠡᠷ ᠪᠦᠯᠦᠭ ᠠᠮᠢᠲᠠᠨ ᠤ ᠬᠢᠵᠢᠭ ᠡᠪᠡᠳᠴᠢᠨ ᠢ ᠬᠢᠵᠠᠭᠠᠷᠯᠠᠬᠤ ᠪᠠ ᠠᠷᠢᠯᠭᠠᠬᠤ | ᠭᠤᠴᠢᠨ ᠨᠢᠭᠡᠳᠦᠭᠡᠷ ᠵᠦᠢᠯ ᠨᠢᠭᠡᠳᠦᠭᠡᠷ ᠲᠦᠷᠦᠯ ᠤᠨ ᠠᠮᠢᠲᠠᠨ ᠤ ᠬᠢᠵᠢᠭ ᠡᠪᠡᠳᠴᠢᠨ ᠡᠭᠦᠰᠬᠦ ᠦᠶ᠎ᠡ ᠳᠤ᠂ ᠲᠤᠤᠷ᠎ᠠ | ᠵᠢᠭᠰᠠᠭᠠᠭᠰᠠᠨ ᠬᠢᠵᠠᠭᠠᠷᠯᠠᠬᠤ ᠪᠠ ᠠᠷᠢᠯᠭᠠᠬᠤ ᠠᠷᠭ᠎ᠠ ᠬᠡᠮᠵᠢᠶ᠎ᠡ ᠶᠢ ᠠᠪᠬᠤ ᠬᠡᠷᠡᠭᠲᠡᠢ᠄ | ︵ᠨᠢᠭᠡ︶ ᠲᠤᠬᠠᠢ ᠶᠢᠨ ᠭᠠᠵᠠᠷ ᠤᠨ ᠰᠢᠶᠠᠨ ᠤ ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ | ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠲᠡᠷᠡ ᠳᠠᠷᠤᠢ ᠳᠤᠨᠢ ᠬᠦᠮᠦᠨ ᠲᠤᠮᠢᠯᠠᠨ | ᠲᠤᠬᠠᠢ ᠶᠢᠨ ᠭᠠᠵᠠᠷ ᠲᠤᠨᠢ ᠤᠴᠢᠭᠤᠯᠵᠤ᠂ ᠬᠢᠵᠢᠭ ᠤᠨ ᠴᠡᠭ᠂ ᠬᠢᠵᠢᠭᠳᠦ ᠤᠷᠤᠨ᠂ ᠰᠦᠷᠳᠡᠭᠦᠯᠦᠯ ᠳᠤ ᠤᠴᠠᠷᠠᠭᠰᠠᠨ | ᠤᠷᠤᠨ ᠢ ᠵᠠᠭᠠᠭᠯᠠᠨ ᠲᠤᠭᠲᠠᠭᠠᠵᠤ᠂ ᠬᠢᠵᠢᠭ ᠤᠨ ᠡᠭᠦᠰᠦᠯ ᠢ ᠪᠠᠶᠢᠴᠠᠭᠠᠵᠤ᠂ ᠬᠢᠵᠢᠭᠲᠦ ᠣᠷᠤᠨ ᠢ ᠪᠢᠲᠡᠭᠦᠮᠵᠢᠯᠡᠭᠦᠯᠬᠦ ᠪᠠᠷ | ᠲᠤᠰ ᠱᠠᠳᠤᠨ ᠤ ᠠᠷᠠᠳ ᠤᠨ ᠵᠠᠰᠠᠭ ᠤᠨ ᠤᠷᠳᠤᠨ ᠳᠤ ᠴᠠᠭ ᠲᠤᠬᠠᠢ ᠳᠤᠨᠢ ᠮᠡᠳᠡᠭᠦᠯᠦᠨ ᠭᠤᠶᠤᠴᠢᠯᠠᠬᠤ ᠬᠡᠷᠡᠭᠲᠡᠢᠬᠢᠵᠢᠭᠳᠦ | ᠤᠷᠤᠨ ᠤ ᠬᠦᠷᠢᠶ᠎ᠡ ᠬᠡᠪᠴᠢᠶ᠎ᠡ ᠨᠢ ᠬᠤᠶᠠᠷ ᠠᠴᠠ ᠳᠡᠭᠡᠭᠰᠢ ᠵᠠᠰᠠᠭ ᠵᠠᠬᠢᠷᠭᠠᠨ ᠤ ᠤᠷᠤᠨ ᠳᠤ ᠬᠤᠯᠪᠤᠭᠳᠠᠭᠰᠠᠨ ᠪᠠᠶᠢᠪᠠᠯ᠂ | ᠬᠤᠯᠪᠤᠭᠳᠠᠯ ᠪᠦᠬᠦᠢ ᠵᠠᠰᠠᠭ ᠵᠠᠬᠢᠷᠭᠠᠨ ᠤ ᠤᠷᠤᠨ ᠤ ᠬᠠᠮᠳᠤ ᠶᠢᠨ ᠳᠡᠭᠡᠷ᠎ᠡ ᠨᠢᠭᠡ ᠱᠠᠳᠤᠨ ᠤ ᠠᠷᠠᠳ ᠤᠨ ᠵᠠᠰᠠᠭ ᠤᠨ | ᠤᠷᠳᠤᠨ ᠠᠴᠠ ᠬᠢᠵᠢᠭᠳᠦ ᠤᠷᠤᠨ ᠢ ᠪᠢᠲᠡᠭᠦᠮᠵᠢᠯᠡᠨ᠎ᠡ᠂ ᠡᠰᠡᠭᠦᠯ᠎ᠡ ᠬᠤᠯᠪᠤᠭᠳᠠᠯ ᠪᠦᠬᠦᠢ ᠡᠯ᠎ᠡ ᠵᠠᠰᠠᠭ ᠵᠠᠬᠢᠷᠭᠠᠨ ᠤ | ᠤᠷᠤᠨ ᠤ ᠳᠡᠭᠡᠷ᠎ᠡ ᠨᠢᠭᠡ ᠱᠠᠳᠤᠨ ᠤ ᠠᠷᠠᠳ ᠤᠨ ᠵᠠᠰᠠᠭ ᠤᠨ ᠤᠷᠳᠤᠨ ᠠᠴᠠ ᠬᠠᠮᠳᠤᠪᠡᠷ ᠬᠢᠵᠢᠭᠳᠦ ᠤᠷᠤᠨ ᠢ | ᠪᠢᠲᠡᠭᠦᠮᠵᠢᠯᠡᠨ᠎ᠡ ᠴᠢᠬᠤᠯᠠᠲᠠᠢ ᠦᠶ᠎ᠡ ᠳᠤ ᠳᠡᠭᠡᠳᠦ ᠱᠠᠳᠤᠨ ᠤ ᠠᠷᠠᠳ ᠤᠨ ᠵᠠᠰᠠᠭ ᠤᠨ ᠤᠷᠳᠤᠨ ᠨᠢ ᠳᠤᠤᠷᠠᠳᠤ ᠱᠠᠳᠤᠨ ᠤ | ᠠᠷᠠᠳ ᠤᠨ ᠵᠠᠰᠠᠭ ᠤᠨ ᠤᠷᠳᠤᠨ ᠢᠶᠠᠷ ᠬᠢᠵᠢᠭᠳᠦ ᠤᠷᠤᠨ ᠢ ᠪᠢᠲᠡᠭᠦᠮᠵᠢᠯᠡᠬᠦ ᠶᠠᠪᠤᠳᠠᠯ ᠢ ᠬᠠᠷᠢᠭᠤᠴᠠᠭᠤᠯᠤᠨ᠎ᠠ᠃ | ︵ᠬᠤᠶᠠᠷ︶ ᠰᠢᠶᠠᠨ ᠤ ᠱᠠᠳᠤᠨ ᠠᠴᠠ ᠳᠡᠭᠡᠭᠰᠢᠬᠢ ᠣᠷᠤᠨ ᠨᠤᠲᠤᠭ ᠤᠨ ᠠᠷᠠᠳ ᠤᠨ ᠵᠠᠰᠠᠭ ᠤᠨ ᠤᠷᠳᠤᠨ ᠲᠡᠷᠡ | ᠳᠠᠷᠤᠢ ᠳᠤᠨᠢ ᠬᠤᠯᠪᠤᠭᠳᠠᠯ ᠪᠦᠬᠦᠢ ᠰᠠᠯᠠᠭ᠎ᠠ ᠮᠦᠴᠢᠷ ᠪᠠ ᠨᠢᠭᠡᠴᠢ ᠶᠢ ᠵᠤᠬᠢᠶᠠᠨ ᠪᠠᠶᠢᠭᠤᠯᠵᠤ ᠪᠠᠶᠢᠭᠠᠳ ᠪᠢᠲᠡᠭᠦᠮᠵᠢᠯᠡᠬᠦ᠂ | ᠲᠤᠰᠠᠭᠠᠷᠯᠠᠬᠤ᠂ ᠠᠯᠠᠬᠤ᠂ ᠤᠰᠠᠳᠬᠠᠬᠤ᠂ ᠠᠷᠢᠭᠤᠳᠬᠠᠬᠤ᠂ ᠬᠤᠣᠷ ᠦᠭᠡᠶᠢᠵᠢᠭᠦᠯᠦᠨ ᠰᠢᠢᠳᠪᠦᠷᠢᠯᠡᠬᠦ᠂ ᠴᠠᠷᠤᠯᠲᠠ ᠶᠢᠨ | ᠪᠠᠴᠢᠮ ᠲᠠᠷᠢᠯᠭ᠎ᠠ ᠬᠢᠬᠦ ᠵᠡᠷᠭᠡ ᠠᠯᠪᠠᠳᠠᠯᠭ᠎ᠠ ᠶᠢᠨ ᠴᠢᠨᠠᠷᠲᠠᠢ ᠠᠷᠭ᠎ᠠ ᠬᠡᠮᠵᠢᠶ᠎ᠡ ᠠᠪᠴᠤ᠂ ᠬᠢᠵᠢᠭ ᠡᠪᠡᠳᠴᠢᠨ ᠢ ᠥᠳᠲᠡᠷ | ᠲᠦᠷᠭᠡᠨ ᠠᠷᠢᠯᠭᠠᠬᠤ ᠬᠡᠷᠡᠭᠲᠡᠢ᠃ | ︵ᠭᠤᠷᠪᠠ︶ ᠪᠢᠲᠡᠭᠦᠮᠵᠢᠯᠡᠵᠦ ᠪᠠᠶᠢᠭ᠎ᠠ ᠬᠤᠭᠤᠴᠠᠭᠠᠨ ᠳᠤ ᠬᠢᠵᠢᠭ ᠬᠠᠯᠳᠠᠪᠤᠷᠢᠯᠠᠭᠰᠠᠨ᠂ ᠬᠢᠵᠢᠭ ᠬᠠᠯᠳᠠᠪᠤᠷᠢᠯᠠᠭᠰᠠᠨ | ᠰᠡᠵᠢᠭᠯᠡᠯ ᠲᠠᠢ ᠪᠠ ᠠᠮᠠᠷᠬᠠᠨ ᠬᠠᠯᠳᠠᠪᠤᠷᠢᠯᠠᠬᠳᠠᠬᠤ ᠠᠮᠢᠲᠠᠨ᠂ ᠠᠮᠢᠲᠠᠨ ᠤ ᠠᠰᠢᠭ ᠰᠢᠮ᠎ᠡ ᠶᠢ ᠬᠢᠵᠢᠭᠳᠦ ᠤᠷᠤᠨ ᠠᠴᠠ | ᠭᠠᠷᠭᠠᠬᠤ ᠶᠢ ᠴᠠᠭᠠᠵᠠᠯᠠᠵᠤ᠂ ᠬᠢᠵᠢᠭᠳᠦ ᠪᠤᠰᠤ ᠤᠷᠤᠨ ᠤ ᠠᠮᠠᠷᠬᠠᠨ ᠬᠠᠯᠳᠠᠪᠤᠷᠢᠯᠠᠭᠳᠠᠬᠤ ᠠᠮᠢᠲᠠᠨ ᠤ ᠬᠢᠵᠢᠭᠳᠦ ᠤᠷᠤᠨ ᠳᠤ | ᠤᠷᠤᠬᠤ ᠶᠢ ᠴᠠᠭᠠᠵᠠᠯᠠᠬᠤ ᠶᠢᠨ ᠬᠠᠮᠳᠤ ᠠᠮᠢᠲᠠᠨ ᠤ ᠬᠢᠵᠢᠭ ᠡᠪᠡᠳᠴᠢᠨ ᠢ ᠠᠷᠢᠯᠭᠠᠬᠤ ᠬᠡᠷᠡᠭᠴᠡᠭᠡ ᠶᠢ ᠦᠨᠳᠦᠰᠦᠯᠡᠨ | ᠬᠢᠵᠢᠭᠲᠦ ᠤᠷᠤᠨ ᠢᠶᠠᠷ ᠤᠷᠤᠵᠦ ᠭᠠᠷᠬᠤ ᠬᠦᠮᠦᠨ᠂ ᠲᠡᠭᠡᠭᠡᠪᠦᠷᠢᠯᠡᠬᠦ ᠪᠠᠭᠠᠵᠢ ᠬᠡᠷᠡᠭᠰᠡᠯ ᠵᠢᠴᠢ ᠬᠤᠯᠪᠤᠭᠳᠠᠯ ᠪᠦᠬᠦᠢ ᠡᠳ᠋ | ᠪᠤᠳᠠᠰ ᠲᠤ ᠠᠷᠢᠭᠤᠳᠬᠠᠬᠤ ᠪᠤᠶᠤ ᠪᠤᠰᠤᠳ ᠬᠢᠵᠠᠭᠠᠷᠯᠠᠬᠤ ᠴᠢᠨᠠᠷᠲᠠᠢ ᠠᠷᠭ᠎ᠠ ᠬᠡᠮᠵᠢᠶ᠎ᠡ ᠠᠪᠤᠨ᠎ᠠ᠃ | ᠭᠤᠴᠢᠨ ᠬᠤᠶᠠᠳᠤᠭᠠᠷ ᠵᠦᠢᠯ ᠬᠤᠶᠠᠳᠤᠭᠠᠷ ᠲᠦᠷᠦᠯ ᠤᠨ ᠠᠮᠢᠲᠠᠨ ᠤ ᠬᠢᠵᠢᠭ ᠡᠪᠡᠳᠴᠢᠨ ᠡᠭᠦᠰᠬᠦ ᠦᠶ᠎ᠡ ᠳᠤ᠂ | ᠲᠤᠤᠷ᠎ᠠ ᠵᠢᠭᠰᠠᠭᠠᠭᠰᠠᠨ ᠬᠢᠵᠠᠭᠠᠷᠯᠠᠬᠤ ᠪᠠ ᠠᠷᠢᠯᠭᠠᠬᠤ ᠠᠷᠭ᠎ᠠ ᠬᠡᠮᠵᠢᠶ᠎ᠡ ᠶᠢ ᠠᠪᠬᠤ ᠬᠡᠷᠡᠭᠲᠡᠢ᠄ | ︵ᠨᠢᠭᠡ︶ ᠲᠤᠬᠠᠢ ᠶᠢᠨ ᠭᠠᠵᠠᠷ ᠤᠨ ᠰᠢᠶᠠᠨ ᠤ ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ | ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠬᠢᠵᠢᠭ ᠤᠨ ᠴᠡᠭ᠂ ᠬᠢᠵᠢᠭᠳᠦ ᠤᠷᠤᠨ᠂ | ᠰᠦᠷᠳᠡᠭᠦᠯᠦᠯ ᠳᠤ ᠤᠴᠠᠷᠠᠭᠰᠠᠠ ᠤᠷᠤᠨ ᠢ ᠵᠠᠭᠠᠭᠯᠠᠨ ᠲᠤᠭᠲᠠᠭᠠᠬᠤ ᠬᠡᠷᠡᠭᠲᠡᠢ᠃ | ︵ᠬᠤᠶᠠᠷ︶ ᠰᠢᠶᠠᠨ ᠤ ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ ᠵᠠᠰᠠᠭ ᠤᠨ ᠤᠷᠳᠤᠨ | ᠬᠡᠷᠡᠭᠴᠡᠭᠡ ᠪᠠᠨ ᠦᠨᠳᠦᠰᠦᠯᠡᠨ ᠬᠤᠯᠪᠤᠭᠳᠠᠯ ᠪᠦᠬᠦᠢ ᠰᠠᠯᠠᠭ᠎ᠠ ᠮᠦᠴᠢᠷ ᠪᠠ ᠨᠢᠭᠡᠴᠢ ᠶᠢ ᠵᠤᠬᠢᠶᠠᠨ ᠪᠠᠶᠢᠭᠤᠯᠵᠤ ᠪᠠᠶᠢᠭᠠᠳ | ᠲᠤᠰᠠᠭᠠᠷᠯᠠᠬᠤ᠂ ᠠᠯᠠᠬᠤ᠂ ᠤᠰᠠᠳᠬᠠᠬᠤ᠂ ᠠᠷᠢᠭᠤᠳᠬᠠᠬᠤ᠂ ᠬᠤᠤᠷ ᠦᠭᠡᠶᠢᠵᠢᠭᠦᠯᠦᠨ ᠰᠢᠢᠳᠪᠦᠷᠢᠯᠡᠬᠦ᠂ ᠴᠠᠷᠤᠯᠲᠠ ᠶᠢᠨ | ᠪᠠᠴᠢᠮ ᠲᠠᠷᠢᠯᠭ᠎ᠠ ᠬᠢᠬᠦ᠂ ᠠᠮᠠᠷᠬᠠᠨ ᠬᠠᠯᠳᠠᠪᠤᠷᠢᠯᠠᠭᠳᠠᠬᠤ ᠠᠮᠢᠲᠠᠨ ᠪᠠ ᠠᠮᠢᠲᠠᠨ ᠤ ᠠᠰᠢᠭ ᠰᠢᠮ᠎ᠡ ᠵᠢᠴᠢ ᠬᠤᠯᠪᠤᠭᠳᠠᠯ | ᠪᠦᠬᠦᠢ ᠡᠳ᠋ ᠪᠤᠳᠠᠰ ᠢ ᠤᠷᠤᠭᠤᠯᠵᠤ ᠭᠠᠷᠭᠠᠬᠤ ᠶᠢ ᠬᠢᠵᠠᠭᠠᠷᠯᠠᠬᠤ ᠵᠡᠷᠭᠡ ᠬᠢᠵᠠᠭᠠᠷᠯᠠᠬᠤ᠂ ᠠᠷᠢᠯᠭᠠᠬᠤ ᠠᠷᠭ᠎ᠠ ᠬᠡᠮᠵᠢᠶ᠎ᠡ | ᠠᠪᠬᠤ ᠬᠡᠷᠡᠭᠲᠡᠢ᠃ | ᠭᠤᠴᠢᠨ ᠭᠤᠷᠪᠠᠳᠤᠭᠠᠷ ᠵᠦᠢᠯ ᠬᠢᠵᠢᠭ ᠤᠨ ᠴᠡᠭ᠂ ᠬᠢᠵᠢᠭᠳᠦ ᠤᠷᠤᠨ᠂ ᠰᠦᠷᠳᠡᠭᠦᠯᠦᠯ ᠳᠤ ᠤᠴᠠᠷᠠᠭᠰᠠᠨ | ᠤᠷᠤᠨ ᠢᠶᠠᠷ ᠵᠠᠭᠠᠭᠯᠠᠨ ᠲᠣᠭᠲᠠᠭᠠᠭᠰᠠᠨ ᠢ ᠬᠦᠴᠦᠨ ᠦᠭᠡᠢ ᠪᠤᠯᠭᠠᠬᠤ ᠪᠠ ᠬᠢᠵᠢᠭᠳᠦ ᠤᠷᠤᠨ ᠤ ᠪᠢᠲᠡᠭᠦᠮᠵᠢᠯᠡᠯ ᠢ | ᠲᠠᠶᠢᠯᠬᠤ ᠳᠤ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ | ᠲᠤᠭᠲᠠᠭᠠᠭᠰᠠᠨ ᠪᠠᠷᠢᠮᠵᠢᠶ᠎ᠡ ᠪᠠ ᠵᠢᠷᠤᠮ ᠤᠨ ᠶᠤᠰᠤᠭᠠᠷ ᠵᠢᠱᠢᠯᠲᠠ ᠬᠢᠭᠰᠡᠨ ᠤ ᠰᠡᠭᠦᠯᠡᠷ᠂ ᠤᠤᠯ ᠤᠨ ᠰᠢᠢᠳᠪᠤᠷᠢ | ᠭᠠᠷᠭᠠᠭᠰᠠᠨ ᠪᠠᠶᠢᠭᠤᠯᠭ᠎ᠠ ᠠᠴᠠ ᠰᠢᠢᠳᠪᠦᠷᠢ ᠭᠠᠷᠭᠠᠬᠤ ᠶᠢᠨ ᠬᠠᠮᠳᠤ ᠨᠡᠶᠢᠲᠡᠯᠡᠨ᠎ᠡ᠃ | ᠭᠤᠴᠢᠨ ᠳᠦᠷᠪᠡᠳᠦᠭᠡᠷ ᠵᠦᠢᠯ ᠭᠤᠷᠪᠠᠳᠤᠭᠠᠷ ᠲᠦᠷᠦᠯ ᠤᠨ ᠬᠢᠵᠢᠭ ᠡᠪᠡᠳᠴᠢᠨ ᠡᠭᠦᠰᠬᠦ ᠦᠶ᠎ᠡ ᠳᠤ᠂ ᠲᠤᠬᠠᠢ ᠶᠢᠨ | ᠭᠠᠵᠠᠷ ᠤᠨ ᠰᠢᠶᠠᠨ᠂ ᠰᠢᠶᠠᠩ ᠤᠨ ᠱᠠᠳᠤᠨ ᠤ ᠠᠷᠠᠳ ᠤᠨ ᠵᠠᠰᠠᠭ ᠤᠨ ᠤᠷᠳᠤᠨ ᠲᠦᠷᠦ ᠶᠢᠨ ᠶᠠᠪᠤᠳᠠᠯ ᠤᠨ ᠬᠤᠷᠢᠶᠠᠨ ᠤ | ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠳᠠᠭᠠᠯ ᠶᠤᠰᠤᠭᠠᠷ ᠰᠠᠷᠬᠡᠶᠢᠯᠡᠨ ᠵᠠᠰᠠᠬᠤ ᠪᠠ | ᠴᠡᠪᠡᠷᠰᠢᠬᠦᠯᠬᠦ ᠠᠵᠢᠯ ᠢ ᠵᠤᠬᠢᠶᠠᠨ ᠪᠠᠶᠢᠭᠤᠯᠬᠤ ᠬᠡᠷᠡᠭᠲᠡᠢ᠃ | ᠭᠤᠴᠢᠨ ᠲᠠᠪᠤᠳᠤᠭᠠᠷ ᠵᠦᠢᠯ ᠬᠤᠶᠠᠳᠤᠭᠠᠷ᠂ ᠭᠤᠷᠪᠠᠳᠤᠭᠠᠷ ᠲᠦᠷᠦᠯ ᠤᠨ ᠠᠮᠢᠲᠠᠨ ᠤ ᠬᠢᠵᠢᠭ ᠡᠪᠡᠳᠴᠢᠨ ᠳᠣᠯᠬᠢᠨ | ᠳᠡᠯᠭᠡᠷᠡᠭᠰᠡᠨ ᠦᠶ᠎ᠡ ᠳᠤ ᠨᠢᠭᠡᠳᠦᠭᠡᠷ ᠲᠦᠷᠦᠯ ᠤᠨ ᠠᠮᠢᠲᠠᠨ ᠤ ᠬᠢᠵᠢᠭ ᠡᠪᠡᠳᠴᠢᠨ ᠢ ᠰᠢᠢᠳᠪᠦᠷᠢᠯᠡᠬᠦ ᠶᠤᠰᠤᠭᠠᠷ | ᠰᠢᠢᠳᠪᠦᠷᠢᠯᠡᠨ᠎ᠠ᠃ | ᠭᠤᠴᠢᠨ ᠵᠢᠷᠭᠤᠳᠤᠭᠠᠷ ᠵᠦᠢᠯ ᠠᠮᠢᠲᠠᠨ ᠤ ᠬᠢᠵᠢᠭ ᠡᠪᠡᠳᠴᠢᠨ ᠢ ᠬᠢᠵᠠᠭᠠᠷᠯᠠᠬᠤ᠂ ᠠᠷᠢᠯᠭᠠᠬᠤ ᠶᠢᠨ ᠲᠦᠯᠦᠭᠡ | ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠲᠤᠬᠠᠢ ᠶᠢᠨ ᠭᠠᠵᠠᠷ ᠤᠨ ᠬᠠᠤᠯᠢ ᠶᠤᠰᠤᠭᠠᠷ | ᠪᠠᠶᠢᠭᠤᠯᠤᠭᠰᠠᠨ ᠤᠳᠤ ᠪᠠᠶᠢᠭ᠎ᠠ ᠪᠠᠶᠢᠴᠠᠭᠠᠬᠤ ᠦᠷᠳᠡᠭᠡᠨ ᠳᠤ ᠬᠦᠮᠦᠨ ᠲᠤᠮᠢᠯᠡᠨ ᠬᠢᠨᠠᠨ ᠪᠠᠶᠢᠴᠠᠭᠠᠬᠤ ᠡᠭᠦᠷᠭᠡ | ᠬᠦᠢᠴᠡᠳᠬᠡᠭᠦᠯᠬᠦ ᠬᠡᠷᠡᠭᠲᠡᠢ︔ ᠴᠢᠬᠤᠯᠠᠲᠠᠢ ᠦᠶ᠎ᠡ ᠳᠤ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ | ᠬᠤᠳᠠ ᠶᠢᠨ ᠠᠷᠠᠳ ᠤᠨ ᠵᠠᠰᠠᠭ ᠤᠨ ᠤᠷᠳᠤᠨ ᠢᠶᠠᠷ ᠵᠦᠪᠰᠢᠶᠠᠷᠡᠭᠦᠯᠦᠭᠡᠳ ᠠᠮᠢᠲᠠᠨ ᠤ ᠡᠷᠡᠭᠦᠯ ᠬᠠᠮᠠᠭᠠᠯᠠᠯ ᠢ ᠬᠢᠨᠠᠨ | ᠪᠠᠶᠢᠴᠠᠭᠠᠬᠤ ᠲᠦᠷ ᠴᠠᠭ ᠤᠨ ᠦᠷᠳᠡᠭᠡ ᠪᠠᠶᠢᠭᠤᠯᠵᠤ᠂ ᠬᠢᠨᠠᠨ ᠪᠠᠶᠢᠴᠠᠭᠠᠬᠤ ᠡᠭᠦᠷᠭᠡ ᠶᠢ ᠭᠦᠢᠴᠡᠳᠬᠡᠵᠦ ᠪᠤᠯᠤᠨ᠎ᠠ᠃ | ᠭᠤᠴᠢᠨ ᠳᠤᠯᠤᠳᠤᠭᠠᠷ ᠵᠦᠢᠯ ᠬᠦᠮᠦᠨ ᠮᠠᠯ ᠳᠤ ᠪᠦᠷ ᠬᠠᠯᠳᠠᠪᠤᠷᠢᠯᠠᠳᠠᠭ ᠬᠠᠯᠳᠠᠪᠤᠷᠢᠳᠤ ᠡᠪᠡᠳᠴᠢᠨ ᠡᠭᠦᠰᠬᠦ | ᠦᠶ᠎ᠡ ᠳᠤ᠂ ᠡᠷᠡᠭᠦᠯ ᠬᠠᠮᠠᠭᠠᠯᠠᠯ ᠤᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠬᠢᠵᠢᠭᠳᠦ ᠤᠷᠤᠨ ᠳᠠᠬᠢ ᠠᠮᠠᠷᠬᠠᠨ | ᠬᠠᠯᠳᠠᠪᠤᠷᠢᠯᠠᠭᠳᠠᠬᠤ ᠬᠦᠮᠦᠰ ᠲᠤ ᠬᠢᠨᠠᠨ ᠬᠡᠮᠵᠢᠯᠲᠡ ᠬᠢᠬᠦ ᠠᠵᠢᠯ ᠢ ᠵᠤᠬᠢᠶᠠᠨ ᠪᠠᠶᠢᠭᠤᠯᠬᠤ ᠶᠢᠨ ᠬᠠᠮᠳᠤ ᠤᠷᠢᠳᠴᠢᠯᠠᠨ | ᠰᠡᠷᠬᠡᠶᠢᠯᠡᠬᠦ᠂ ᠬᠢᠵᠠᠭᠠᠷᠯᠠᠬᠤ ᠵᠣᠬᠢᠴᠠᠩᠭᠤᠢ ᠠᠷᠭ᠎ᠠ ᠬᠡᠮᠵᠢᠶ᠎ᠡ ᠠᠪᠬᠤ ᠬᠡᠷᠡᠭᠲᠡᠢ᠃ | ᠭᠤᠴᠢᠨ ᠨᠠᠢᠮᠠᠳᠤᠭᠠᠷ ᠵᠦᠢᠯ ᠬᠢᠵᠢᠭᠳᠦ ᠤᠷᠤᠨ ᠳᠠᠬᠢ ᠬᠤᠯᠪᠤᠭᠳᠠᠯ ᠪᠦᠬᠦᠢ ᠨᠢᠭᠡᠴᠢ ᠪᠠ ᠬᠤᠪᠢ ᠬᠦᠮᠦᠨ | ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠵᠢᠴᠢ ᠲᠡᠬᠦᠨ ᠤ ᠮᠡᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠤᠨ ᠬᠠᠤᠯᠢ ᠶᠤᠰᠤᠭᠠᠷ ᠲᠤᠭᠲᠠᠭᠠᠭᠰᠠᠨ ᠠᠮᠢᠲᠠᠨ ᠤ ᠬᠢᠵᠢᠭ ᠡᠪᠡᠳᠴᠢᠨ ᠢ ᠬᠢᠵᠠᠭᠠᠷᠯᠠᠬᠤ᠂ | ᠠᠷᠢᠯᠭᠠᠬᠤ ᠬᠤᠯᠪᠤᠭᠳᠠᠯ ᠪᠦᠬᠦᠢ ᠲᠤᠭᠲᠠᠭᠠᠯ ᠢ ᠵᠢᠷᠤᠮᠯᠠᠬᠤ ᠬᠡᠷᠡᠭᠲᠡᠢᠶᠠᠮᠠᠷᠪᠠ ᠨᠢᠭᠡᠴᠢ ᠪᠠ ᠬᠤᠪᠢ ᠬᠦᠮᠦᠨ ᠨᠢᠭᠡᠨᠲᠡ | ᠬᠠᠤᠯᠢ ᠶᠤᠰᠤᠭᠠᠷ ᠲᠤᠰᠠᠭᠠᠷᠯᠠᠭᠰᠠᠨ᠂ ᠪᠢᠲᠡᠭᠦᠮᠵᠢᠯᠡᠭᠰᠡᠨ᠂ ᠰᠢᠢᠳᠪᠦᠷᠢᠯᠡᠭᠰᠡᠨ ᠠᠮᠢᠲᠠᠨ ᠪᠠ ᠠᠮᠢᠲᠠᠨ ᠤ ᠠᠰᠢᠭ ᠰᠢᠮ᠎ᠡ ᠶᠢ | ᠨᠢᠭᠤᠵᠤ ᠳᠠᠯᠳᠠᠯᠠᠬᠤ᠂ ᠰᠢᠯᠵᠢᠭᠦᠯᠬᠦ ᠪᠠ ᠬᠤᠯᠠᠭᠠᠶᠢᠯᠠᠨ ᠮᠠᠯᠲᠠᠵᠤ ᠪᠣᠯᠬᠤ ᠦᠭᠡᠢ᠃ | ᠭᠤᠴᠢ ᠶᠢᠰᠦᠳᠦᠭᠡᠷ ᠵᠦᠢᠯ ᠠᠮᠢᠲᠠᠨ ᠤ ᠬᠢᠵᠢᠭ ᠤᠨ ᠪᠠᠶᠢᠳᠠᠯ ᠭᠠᠷᠬᠤ ᠦᠶ᠎ᠡ ᠳᠤ᠂ ᠠᠭᠠᠷ ᠤᠨ ᠠᠶᠠᠯᠠᠯ᠂ | ᠲᠡᠮᠦᠷ ᠵᠠᠮ᠂ ᠵᠠᠰᠠᠮᠠᠯ ᠵᠠᠮ᠂ ᠤᠰᠤᠨ ᠵᠠᠮ ᠵᠡᠷᠭᠡ ᠲᠡᠭᠡᠭᠡᠪᠦᠷᠢ ᠶᠢᠨ ᠰᠠᠯᠠᠭ᠎ᠠ ᠮᠦᠴᠢᠷ ᠤᠳ ᠬᠢᠵᠢᠭ ᠡᠪᠡᠳᠴᠢᠨ ᠢ | ᠬᠢᠵᠠᠭᠠᠷᠯᠠᠬᠤ᠂ ᠠᠷᠢᠯᠭᠠᠬᠤ ᠠᠵᠢᠯᠳᠡᠨ ᠪᠠ ᠬᠤᠯᠪᠤᠭᠳᠠᠯ ᠪᠦᠬᠦᠢ ᠡᠳ᠋ ᠪᠤᠳᠠᠰ ᠢ ᠲᠡᠭᠡᠭᠡᠪᠦᠷᠢᠯᠡᠨ ᠬᠦᠷᠭᠡᠬᠦ ᠠᠵᠢᠯ ᠢ ᠡ᠊ᠩ | ᠲᠡᠷᠢᠭᠦᠨ ᠳᠤ ᠵᠣᠬᠢᠶᠠᠨ ᠪᠠᠶᠢᠭᠤᠯᠬᠤ ᠬᠡᠷᠡᠭᠲᠡᠢ᠃ | ᠳᠦᠴᠢᠳᠦᠭᠡᠷ ᠵᠦᠢᠯ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠲᠦᠷᠦᠯ ᠤᠨ ᠠᠮᠢᠲᠠᠨ ᠤ ᠬᠢᠵᠢᠭ ᠡᠪᠡᠳᠴᠢᠨ | ᠬᠡᠨᠡᠳᠳᠡ ᠡᠭᠦᠰᠴᠦ᠂ ᠮᠠᠰᠢ ᠲᠦᠷᠬᠡᠨ ᠳᠠᠷᠬᠠᠭᠠᠳ ᠳᠡᠵᠢᠭᠡᠨ ᠦᠷᠡᠵᠢᠬᠦᠯᠬᠦ ᠦᠢᠯᠡᠰ ᠤᠨ ᠦᠢᠯᠡᠳᠪᠦᠷᠢᠯᠡᠯ ᠤᠨ ᠠᠮᠤᠷ | ᠲᠦᠪᠰᠢᠨ ᠳᠤ ᠬᠦᠨᠳᠦ ᠨᠤᠴᠢᠳᠠᠢ ᠰᠦᠷᠳᠡᠭᠦᠯᠦᠯ᠂ ᠬᠤᠤᠷ ᠬᠦᠨᠦᠭᠡᠯ ᠤᠴᠠᠷᠠᠭᠤᠯᠤᠭᠰᠠᠨ᠂ ᠴᠢᠨᠠᠭᠰᠢᠯᠠᠪᠠᠯ ᠤᠯᠠᠨ | ᠨᠡᠶᠢᠳᠡ ᠶᠢᠨ ᠪᠡᠶ᠎ᠡ ᠮᠠᠬᠠᠪᠤᠳ ᠤᠨ ᠡᠷᠡᠭᠦᠯ ᠮᠡᠨᠳᠦ ᠪᠠ ᠠᠮᠢ ᠨᠠᠰᠤᠨ ᠤ ᠠᠮᠤᠷ ᠲᠦᠪᠰᠢᠨ ᠳᠤ ᠬᠤᠤᠷ ᠬᠦᠨᠦᠬᠡᠯ | ᠤᠴᠠᠷᠠᠭᠤᠯᠵᠦ ᠮᠡᠳᠡᠬᠦ ᠬᠦᠨᠳᠦ ᠶᠡᠭᠡ ᠠᠮᠢᠲᠠᠨ ᠤ ᠬᠢᠵᠢᠭ ᠤᠨ ᠪᠠᠶᠢᠳᠠᠯ ᠢ ᠪᠣᠢ ᠪᠣᠯᠭᠠᠭᠰᠠᠨ ᠪᠠᠶᠢᠪᠠᠯ᠂ ᠬᠠᠤᠯᠢ ᠴᠠᠭᠠᠵᠠ | ᠪᠠ ᠲᠦᠷᠦ ᠶᠢᠨ ᠶᠠᠪᠤᠳᠠᠯ ᠤᠨ ᠬᠤᠷᠢᠶᠠᠨ ᠤ ᠲᠤᠭᠳᠠᠭᠠᠯ ᠶᠤᠰᠤᠭᠠᠷ ᠪᠠᠴᠢᠮ ᠠᠷᠭᠠᠴᠠᠬᠤ ᠠᠷᠭ᠎ᠠ ᠬᠡᠮᠵᠢᠶ᠎ᠡ ᠠᠪᠤᠨ᠎ᠠ᠃ | ᠲᠠᠪᠤᠳᠤᠭᠠᠷ ᠪᠦᠯᠦᠭ ᠠᠮᠢᠲᠠᠨ ᠪᠠ ᠠᠮᠢᠲᠠᠨ ᠤ ᠠᠰᠢᠬ ᠰᠢᠮ᠎ᠠ ᠶᠢᠨ ᠬᠢᠵᠢᠭ ᠢ ᠪᠠᠶᠢᠴᠠᠭᠠᠬᠤ | ᠳᠦᠴᠢᠨ ᠨᠢᠭᠡᠳᠦᠭᠡᠷ ᠵᠦᠢᠯ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠳᠠᠯᠪᠢᠬᠤ ᠪᠠᠶᠢᠭᠤᠯᠤᠮᠵᠢ ᠲᠤᠰ ᠬᠠᠤᠯᠢ | ᠪᠠ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠳᠠᠭᠠᠯ | ᠶᠤᠰᠤᠭᠠᠷ ᠠᠮᠢᠲᠠᠨ ᠪᠠ ᠠᠮᠢᠲᠠᠨ ᠤ ᠠᠰᠢᠭ ᠰᠢᠮ᠎ᠡ ᠳᠤ ᠬᠢᠵᠢᠭ ᠤᠨ ᠪᠠᠶᠢᠴᠠᠭᠠᠯᠲᠠ ᠬᠢᠨ᠎ᠠ ᠠᠮᠢᠲᠠᠨ ᠤ ᠡᠷᠡᠭᠦᠯ | ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠶᠢᠨ ᠠᠯᠪᠠᠨ ᠤ ᠮᠠᠯ ᠤᠨ ᠡᠮᠴᠢ ᠠᠮᠢᠲᠠᠨ ᠪᠠ ᠠᠮᠢᠲᠠᠨ ᠤ ᠠᠰᠢᠭ | ᠰᠢᠮ᠎ᠡ ᠳᠤ ᠪᠤᠳᠠᠳᠠᠢ ᠬᠢᠵᠢᠭ ᠤᠨ ᠪᠠᠶᠢᠴᠠᠭᠠᠯᠲᠠ ᠬᠢᠨ᠎ᠠ ᠠᠯᠪᠠᠨ ᠤ ᠮᠠᠯ ᠤᠨ ᠡᠮᠴᠢ ᠨᠢ ᠲᠤᠭᠲᠠᠭᠠᠭᠰᠠᠨ ᠬᠢᠷᠢ ᠬᠡᠮ ᠤᠨ | ᠨᠦᠭᠦᠴᠡᠯ ᠢ ᠪᠦᠷᠢᠳᠦᠭᠦᠯᠵᠦ᠂ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠠᠴᠠ ᠤᠯᠭᠤᠬᠤ ᠬᠢᠷᠢ ᠬᠡᠮ ᠤᠨ ᠦᠨᠡᠮᠯᠡᠯ ᠢ ᠤᠯᠤᠭᠰᠠᠨ ᠪᠠᠶᠢᠬᠤ ᠬᠡᠷᠡᠭᠲᠡᠢ᠂ ᠪᠤᠳᠠᠳᠠᠢ ᠠᠷᠭ᠎ᠠ ᠶᠢ ᠲᠦᠷᠦ ᠶᠢᠨ | ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠦᠷᠦ ᠶᠢᠨ ᠶᠠᠪᠤᠳᠠᠯ ᠤᠨ | ᠬᠤᠷᠢᠶᠠᠨ ᠤ ᠠᠵᠢᠯᠲᠠᠨ ᠤ ᠶᠠᠪᠤᠳᠠᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠲᠠᠢ ᠬᠠᠮᠳᠤᠷᠠᠵᠤ ᠲᠤᠭᠲᠠᠭᠠᠨ᠎ᠠ ᠳ᠋ᠤᠰ | ᠬᠠᠤᠯᠢ ᠳᠤ ᠬᠡᠯᠡᠵᠦ ᠪᠠᠶᠢᠭ᠎ᠠ ᠠᠯᠪᠠᠨ ᠤ ᠮᠠᠯ ᠤᠨ ᠡᠮᠴᠢ ᠭᠡᠳᠡᠭ ᠨᠢ ᠲᠤᠭᠲᠠᠭᠠᠭᠰᠠᠨ ᠬᠢᠷᠢ ᠬᠡᠮ ᠤᠨ ᠨᠦᠭᠦᠴᠡᠯ ᠢ | ᠪᠦᠷᠢᠳᠦᠭᠦᠯᠦᠭᠰᠡᠨ ᠪᠦᠭᠡᠳ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠤᠮᠢᠯᠠᠭᠰᠠᠨ᠂ ᠬᠢᠵᠢᠭ ᠤᠨ | ᠪᠠᠶᠢᠴᠠᠭᠠᠯᠲᠠ ᠵᠡᠷᠭᠡ ᠶᠢᠨ ᠭᠡᠷᠡᠴᠢᠯᠡᠯ ᠬᠢᠵᠦ ᠦᠭᠬᠦ ᠠᠵᠢᠯ ᠢ ᠬᠠᠷᠢᠭᠤᠴᠠᠬᠤ ᠤᠯᠤᠰ ᠤᠨ ᠮᠠᠯ ᠡᠮᠨᠡᠯᠭᠡ ᠶᠢᠨ ᠠᠵᠢᠯᠳᠠᠨ ᠢ | ᠵᠢᠭᠠᠵᠤ ᠪᠠᠶᠢᠨ᠎ᠠ᠃ | ᠳᠦᠴᠢᠨ ᠬᠤᠶᠠᠳᠤᠭᠠᠷ ᠵᠦᠢᠯ ᠠᠮᠢᠲᠠᠨ ᠢ ᠨᠢᠳᠤᠯᠬᠤ᠂ ᠬᠤᠳᠠᠯᠳᠤᠬᠤ ᠪᠠ ᠲᠡᠭᠡᠭᠡᠪᠦᠷᠢᠯᠡᠬᠦ ᠵᠢᠴᠢ ᠠᠮᠢᠲᠠᠨ ᠤ | ᠠᠰᠢᠭ ᠰᠢᠮ᠎ᠡ ᠶᠢ ᠬᠤᠳᠠᠯᠳᠤᠬᠤ ᠪᠠ ᠲᠡᠭᠡᠭᠡᠪᠦᠷᠢᠯᠡᠬᠦ ᠠᠴᠠ ᠡᠮᠦᠨ᠎ᠡ᠂ ᠪᠠᠷᠠᠭᠠᠨ ᠤ ᠡᠵᠡᠨ ᠨᠢ ᠲᠦᠷᠦ ᠶᠢᠨ ᠶᠠᠪᠤᠳᠠᠯ ᠤᠨ | ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠳᠠᠭᠠᠯ ᠶᠤᠰᠤᠭᠠᠷ ᠲᠤᠬᠠᠢ ᠶᠢᠨ | ᠭᠠᠵᠠᠷ ᠤᠨ ᠠᠮᠢᠲᠠᠨ ᠤ ᠡᠷᠡᠭᠦᠯ ᠬᠠᠮᠠᠭᠠᠯᠠᠯ ᠳᠤ ᠬᠢᠨᠡᠯᠲᠠ ᠲᠠᠯᠪᠢᠬᠤ ᠪᠠᠶᠢᠭᠤᠯᠤᠮᠵᠢ ᠳᠤ ᠬᠢᠵᠢᠭ ᠤᠨ ᠪᠠᠶᠢᠴᠠᠭᠠᠯᠲᠠ | ᠬᠢᠯᠬᠡᠬᠦ ᠪᠠᠷ ᠮᠡᠳᠡᠭᠦᠯᠬᠦ ᠬᠡᠷᠡᠭᠲᠡᠢ ᠠᠮᠢᠲᠠᠨ ᠤ ᠡᠷᠡᠭᠦᠯ ᠬᠠᠮᠠᠭᠠᠯᠠᠯ ᠳᠤ ᠬᠢᠨᠡᠯᠲᠠ ᠲᠠᠯᠪᠢᠬᠤ ᠪᠠᠶᠢᠭᠤᠯᠤᠮᠵᠢ ᠬᠢᠵᠢᠭ ᠤᠨ | ᠪᠠᠶᠢᠴᠠᠭᠠᠯᠲᠠ ᠬᠢᠯᠭᠡᠬᠦ ᠮᠡᠳᠡᠭᠦᠯᠦᠯᠲᠡ ᠶᠢ ᠤᠯᠤᠭᠰᠠᠨ ᠤ ᠳᠠᠷᠠᠭ᠎ᠠ᠂ ᠴᠠᠭ ᠲᠤᠬᠠᠢ ᠳᠤᠨᠢ ᠠᠯᠪᠠᠨ ᠤ ᠮᠠᠯ ᠤᠨ ᠡᠮᠴᠢ ᠶᠢ | ᠲᠤᠮᠢᠯᠠᠵᠤ ᠠᠮᠢᠲᠠᠨ᠂ ᠠᠮᠢᠲᠠᠨ ᠤ ᠠᠰᠢᠭ ᠰᠢᠮ᠎ᠡ ᠳᠤ ᠲᠤᠬᠠᠢ ᠶᠢᠨ ᠲᠠᠯᠠᠪᠤᠷ ᠲᠤᠨᠢ ᠬᠢᠵᠢᠭ ᠤᠨ ᠪᠠᠶᠢᠴᠠᠭᠠᠯᠲᠠ ᠬᠢᠬᠦ | ᠬᠡᠷᠡᠭᠲᠡᠢ︔ ᠬᠢᠵᠢᠭ ᠤᠨ ᠪᠠᠶᠢᠴᠠᠭᠠᠯᠲᠠ ᠳᠤ ᠬᠢᠷᠢ ᠳᠡᠩᠴᠡᠪᠠᠯ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ ᠬᠢᠵᠦ | ᠦᠭᠬᠦᠭᠡᠳ᠂ ᠬᠢᠵᠢᠭ ᠤᠨ ᠪᠠᠶᠢᠴᠠᠭᠠᠯᠲᠠ ᠬᠢᠭᠰᠡᠨ ᠳᠡᠮᠳᠡᠭ ᠲᠠᠯᠪᠢᠨ᠎ᠠ ᠳ᠋ᠤᠬᠠᠢ ᠶᠢᠨ ᠲᠠᠯᠠᠪᠤᠷ ᠲᠤᠨᠢ ᠬᠢᠵᠢᠭ ᠤᠨ | ᠪᠠᠶᠢᠴᠠᠭᠠᠯᠲᠠ ᠬᠢᠭᠰᠡᠨ ᠠᠯᠪᠠᠨ ᠤ ᠮᠠᠯ ᠤᠨ ᠡᠮᠴᠢ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ᠂ ᠬᠢᠵᠢᠭ ᠤᠨ | ᠪᠠᠶᠢᠴᠠᠭᠠᠯᠲᠠ ᠬᠢᠭᠰᠡᠨ ᠳᠡᠮᠳᠡᠭ ᠳᠡᠭᠡᠷ᠎ᠡ ᠭᠠᠷ ᠤᠨ ᠦᠰᠦᠭ ᠵᠢᠷᠤᠬᠤ ᠪᠤᠶᠤ ᠳᠠᠮᠠᠭ᠎ᠠ ᠳᠠᠷᠤᠬᠤ ᠶᠢᠨ ᠬᠠᠮᠳᠤ ᠬᠢᠵᠢᠭ ᠤᠨ | ᠪᠠᠶᠢᠴᠠᠭᠠᠯᠲᠠ ᠶᠢᠨ ᠳ᠋ᠦᠩ ᠳᠤ ᠬᠠᠷᠢᠭᠤᠴᠠᠬᠤ ᠬᠡᠷᠡᠭᠲᠡᠢ᠃ | ᠳᠦᠴᠢᠨ ᠭᠤᠷᠪᠠᠳᠤᠭᠠᠷ ᠵᠦᠢᠯ ᠨᠢᠳᠤᠯᠬᠤ᠂ ᠡᠵᠡᠩᠨᠡᠬᠦ᠂ ᠳᠡᠭᠡᠭᠡᠪᠦᠷᠢᠯᠡᠬᠦ ᠵᠢᠴᠢ ᠦᠵᠡᠭᠦᠯᠦᠯᠭᠡ᠂ ᠲᠤᠭᠯᠠᠯᠲᠠ ᠪᠠ | ᠤᠷᠤᠯᠳᠤᠭᠠᠨ ᠳᠤ ᠤᠷᠤᠯᠴᠠᠬᠤ ᠠᠮᠢᠲᠠᠨ ᠳᠤ ᠬᠢᠵᠢᠭ ᠤᠨ ᠪᠠᠶᠢᠴᠠᠭᠠᠯᠲᠠ ᠬᠢᠭᠰᠡᠨ ᠬᠡᠷᠡᠴᠢᠯᠡᠯ ᠲᠠᠭᠠᠯᠳᠤᠭᠤᠯᠤᠭᠰᠠᠨ ᠪᠠᠶᠢᠬᠤ | ᠬᠡᠷᠡᠭᠲᠡᠢ︔ ᠡᠵᠡᠩᠨᠡᠬᠦ ᠪᠠ ᠳᠡᠭᠡᠭᠡᠪᠦᠷᠢᠯᠡᠬᠦ ᠠᠮᠢᠲᠠᠨ ᠤ ᠠᠰᠢᠭ ᠰᠢᠮ᠎ᠡ ᠳᠤ ᠬᠢᠵᠢᠭ ᠤᠨ ᠪᠠᠶᠢᠴᠠᠭᠠᠯᠲᠠ ᠬᠢᠭᠰᠡᠨ ᠬᠡᠷᠡᠴᠢᠯᠡᠯ᠂ | ᠬᠢᠵᠢᠭ ᠤᠨ ᠪᠠᠶᠢᠴᠠᠭᠠᠯᠲᠠ ᠬᠢᠭᠰᠡᠨ ᠳᠡᠮᠳᠡᠭ ᠲᠠᠭᠠᠯᠳᠤᠭᠤᠯᠤᠭᠰᠠᠨ ᠪᠠᠶᠢᠬᠤ ᠬᠡᠷᠡᠭᠲᠡᠢᠡᠮᠦᠨᠠᠬᠢ ᠪᠠᠳᠠᠭ ᠲᠤ ᠳᠤᠭᠳᠠᠭᠠᠭᠰᠠᠨ | ᠠᠮᠢᠲᠠᠨ᠂ ᠠᠮᠢᠲᠠᠨ ᠤ ᠠᠰᠢᠭ ᠰᠢᠮ᠎ᠡ ᠶᠢᠨ ᠲᠤᠬᠠᠢ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ | ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠠᠯ᠂ ᠬᠢᠵᠢᠭ ᠤᠨ ᠪᠠᠶᠢᠴᠠᠭᠠᠯᠲᠠ ᠭᠢᠭᠰᠡᠨ ᠳᠡᠮᠳᠡᠭ ᠢ ᠪᠠᠶᠢᠴᠠᠭᠠᠨ ᠰᠢᠯᠭᠠᠵᠤ᠂ | ᠬᠢᠨᠠᠯᠲᠠ ᠲᠠᠯᠪᠢᠵᠤ ᠰᠤᠭᠤᠯᠤᠨ ᠪᠠᠶᠢᠴᠠᠭᠠᠵᠤ ᠪᠤᠯᠤᠨ᠎ᠠ᠂ ᠭᠡᠬᠦ ᠳᠡᠭᠡᠨ ᠳᠠᠪᠬᠤᠷᠳᠠᠭᠤᠯᠤᠨ ᠬᠢᠵᠢᠭ ᠤᠨ ᠪᠠᠶᠢᠴᠠᠭᠠᠯᠲᠠ ᠬᠢᠵᠦ | ᠰᠦᠢᠳᠬᠡᠯ ᠬᠤᠷᠢᠶᠠᠵᠤ ᠪᠤᠯᠬᠤ ᠦᠭᠡᠢ᠃ | ᠳᠦᠴᠢᠨ ᠳᠦᠷᠪᠡᠳᠦᠭᠡᠷ ᠵᠦᠢᠯ ᠠᠮᠢᠲᠠᠨ ᠪᠠ ᠠᠮᠢᠳᠠᠨ ᠤ ᠠᠰᠢᠭ ᠰᠢᠮ᠎ᠡ ᠶᠢ ᠲᠡᠮᠦᠷ ᠵᠠᠮ᠂ ᠵᠠᠰᠠᠮᠠᠯ ᠵᠠᠮ᠂ ᠤᠰᠤᠨ | ᠵᠠᠮ᠂ ᠠᠭᠠᠷ ᠢᠶᠠᠷ ᠲᠡᠭᠡᠭᠡᠪᠦᠷᠢᠯᠡᠬᠦ ᠳᠤ ᠬᠦᠷᠪᠡᠯ᠂ ᠨᠠᠶᠢᠳᠠᠨ ᠲᠡᠭᠡᠭᠡᠪᠦᠷᠢᠯᠡᠭᠦᠯᠦᠭᠴᠢ ᠲᠡᠭᠡᠭᠡᠪᠦᠷᠢᠯᠡᠭᠦᠯᠬᠦ ᠦᠶ᠎ᠡ ᠳᠤ ᠬᠢᠵᠢᠭ | ᠤᠨ ᠪᠠᠶᠢᠴᠠᠭᠠᠯᠲᠠ ᠬᠢᠭᠰᠡᠨ ᠬᠡᠷᠡᠴᠢᠯᠡᠯ ᠬᠠᠩᠭᠠᠬᠤ ᠬᠡᠷᠡᠭᠲᠡᠢ︔ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ ᠦᠭᠡᠢ ᠪᠣᠯ᠂ | ᠳᠠᠭᠠᠭᠠᠨ ᠲᠡᠭᠡᠭᠡᠪᠦᠷᠢᠯᠡᠭᠴᠢ ᠳᠠᠭᠠᠭᠠᠨ ᠲᠡᠭᠡᠭᠡᠪᠦᠷᠢᠯᠡᠵᠦ ᠪᠤᠯᠬᠤ ᠦᠭᠡᠢ᠃ ᠠᠴᠢᠶᠠᠯᠠᠬᠤ ᠠᠴᠠ ᠡᠮᠦᠨ᠎ᠡ ᠪᠤᠶᠤ ᠠᠴᠢᠶ᠎ᠠ | ᠪᠠᠭᠤᠯᠭᠠᠭᠰᠠᠨ ᠤ ᠳᠠᠷᠠᠭ᠎ᠠ ᠲᠡᠭᠡᠭᠡᠪᠦᠷᠢᠯᠡᠬᠦ ᠪᠠᠭᠠᠵᠢ ᠬᠡᠷᠡᠭᠰᠡᠯ ᠢ ᠴᠠᠭ ᠲᠤᠬᠠᠢ ᠳᠤᠨᠢ ᠤᠬᠢᠶᠠᠨ ᠴᠡᠪᠡᠷᠯᠡᠵᠤ᠂ | ᠠᠷᠢᠭᠤᠳᠬᠠᠬᠤ ᠬᠡᠷᠡᠭᠲᠡᠢ᠃ | ᠳᠦᠴᠢᠨ ᠲᠠᠪᠤᠳᠤᠭᠠᠷ ᠵᠦᠢᠯ ᠲᠤᠭᠳᠠᠭᠠᠭᠰᠠᠨ ᠠᠮᠢᠲᠠᠨ ᠤ ᠬᠢᠵᠢᠭ ᠡᠪᠡᠳᠴᠢᠨ ᠦᠭᠡᠢ ᠤᠷᠤᠨ ᠳᠤ ᠠᠮᠢᠲᠠᠨ᠂ | ᠠᠮᠢᠲᠠᠨ ᠤ ᠠᠰᠢᠭ ᠰᠢᠮ᠎ᠡ ᠶᠢ ᠲᠡᠭᠡᠭᠡᠪᠦᠷᠢᠯᠡᠨ ᠤᠷᠤᠭᠤᠯᠬᠤ ᠦᠶ᠎ᠠ ᠳᠤ᠂ ᠪᠠᠷᠠᠭᠠᠨ ᠤ ᠡᠵᠡᠨ ᠨᠢ ᠲᠦᠷᠦ ᠶᠢᠨ ᠶᠠᠪᠤᠳᠠᠯ ᠤᠨ | ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠳᠠᠭᠠᠯ ᠶᠤᠰᠤᠭᠠᠷ ᠲᠤᠭᠳᠠᠭᠠᠭᠰᠠᠨ | ᠠᠮᠢᠲᠠᠨ ᠤ ᠬᠢᠵᠢᠭ ᠡᠪᠡᠳᠴᠢᠨ ᠦᠭᠡᠢ ᠤᠷᠤᠨ ᠤ ᠪᠠᠶᠢᠭ᠎ᠠ ᠭᠠᠵᠠᠷ ᠤᠨ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ | ᠲᠠᠯᠪᠢᠬᠤ ᠪᠠᠶᠢᠭᠤᠯᠤᠮᠵᠢ ᠳᠤ ᠬᠢᠵᠢᠭ ᠤᠨ ᠪᠠᠶᠢᠴᠠᠭᠠᠯᠲᠠ ᠬᠢᠯᠭᠡᠬᠦ ᠪᠠᠷ ᠮᠡᠳᠡᠭᠦᠯᠬᠦ ᠬᠡᠷᠡᠭᠲᠡᠢ᠂ ᠬᠢᠵᠢᠭ ᠤᠨ ᠪᠠᠶᠢᠴᠠᠭᠠᠯᠲᠠ ᠳᠤ | ᠬᠢᠷᠢ ᠳᠡᠩᠴᠡᠪᠡᠯ ᠰᠠᠶ᠋ᠢ ᠤᠷᠤᠭᠤᠯᠵᠤ ᠪᠤᠯᠤᠨ᠎ᠠ︔ ᠬᠢᠵᠢᠭ ᠤᠨ ᠪᠠᠶᠢᠴᠠᠭᠠᠯᠲᠠ ᠳᠤ ᠬᠡᠷᠡᠭᠰᠡᠬᠦ ᠵᠠᠷᠤᠳᠡᠯ ᠢ ᠲᠤᠭᠳᠠᠭᠠᠭᠰᠠᠨ | ᠠᠮᠢᠲᠠᠨ ᠤ ᠬᠢᠵᠢᠭ ᠡᠪᠡᠳᠴᠢᠨ ᠦᠭᠡᠢ ᠤᠷᠤᠨ ᠤ ᠪᠠᠶᠢᠭ᠎ᠠ ᠭᠠᠵᠠᠷ ᠤᠨ ᠤᠷᠤᠨ ᠨᠤᠳᠤᠭ ᠤᠨ ᠠᠷᠠᠳ ᠤᠨ ᠵᠠᠰᠠᠭ ᠤᠨ | ᠤᠷᠳᠤᠨ ᠤ ᠡᠳ᠋ ᠤᠨ ᠵᠠᠰᠠᠭ ᠤᠨ ᠲᠦᠰᠦᠪ ᠲᠤ ᠤᠷᠤᠭᠤᠯᠤᠨ᠎ᠠ᠃ | ᠳᠦᠴᠢᠨ ᠵᠢᠷᠭᠤᠳᠤᠭᠠᠷ ᠵᠦᠢᠯ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠠᠯᠤᠰᠯᠠᠨ | ᠰᠠᠭᠠᠯᠢ ᠶᠢᠨ ᠠᠮᠢᠲᠠᠨ᠂ ᠡᠭᠦᠯᠳᠡᠷ ᠤᠨ ᠠᠮᠢᠲᠠᠨ ᠵᠢᠴᠢ ᠲᠡᠭᠦᠨ ᠤ ᠦᠷ᠎ᠡ ᠶᠢᠨ ᠰᠢᠩᠭᠡᠨ᠂ ᠬᠦᠪᠦᠷᠡᠯ᠂ ᠦᠷ᠎ᠡ ᠶᠢᠨ | ᠦᠨᠳᠡᠭᠡ ᠶᠢ ᠤᠷᠤᠭᠤᠯᠬᠤ ᠳᠤ᠂ ᠲᠡᠭᠡᠭᠡᠪᠦᠷᠢᠯᠡᠨ ᠤᠷᠤᠭᠤᠯᠬᠤ ᠭᠠᠵᠠᠷ ᠤᠨ ᠮᠤᠵᠢ᠂ ᠦᠪᠡᠷᠳᠡᠭᠡᠨ ᠵᠠᠰᠠᠬᠤ ᠤᠷᠤᠨ᠂ | ᠰᠢᠭᠤᠳ ᠬᠠᠷᠢᠶ᠎ᠠ ᠬᠤᠳᠠ ᠶᠢᠨ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠳᠤ ᠬᠢᠨᠠᠨ | ᠵᠦᠪᠰᠢᠶᠡᠷᠡᠭᠦᠯᠬᠦ ᠭᠠᠷ ᠭᠦᠢᠴᠡᠳᠬᠡᠯ ᠬᠢᠯᠭᠡᠬᠦ ᠪᠠᠷ ᠭᠤᠶᠤᠴᠢᠯᠠᠯ ᠭᠠᠷᠭᠠᠬᠤ ᠶᠢᠨ ᠬᠠᠮᠳᠤ ᠲᠤᠰ ᠬᠠᠤᠯᠢ ᠶᠢᠨ ᠳᠦᠴᠢᠨ | ᠬᠤᠶᠠᠳᠤᠭᠠᠷ ᠵᠦᠢᠯ ᠤᠨ ᠳᠤᠭᠳᠠᠭᠠᠯ ᠶᠤᠰᠤᠭᠠᠷ ᠬᠢᠵᠢᠭ ᠤᠨ ᠪᠠᠶᠢᠴᠠᠭᠠᠯᠲᠠ ᠬᠢᠭᠰᠡᠨ ᠬᠡᠷᠡᠴᠢᠯᠡᠯ ᠣᠯᠬᠤ ᠬᠡᠷᠡᠭᠲᠡᠢ᠂ ᠮᠤᠵᠢ᠂ | ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠠᠯᠤᠰᠯᠠᠨ ᠤᠷᠤᠭᠤᠯᠤᠭᠰᠠᠨ ᠰᠠᠭᠠᠯᠢ ᠶᠢᠨ ᠠᠮᠢᠲᠠᠨ᠂ | ᠡᠭᠦᠯᠳᠡᠷ ᠤᠨ ᠠᠮᠢᠲᠠᠨ ᠢ ᠲᠡᠭᠡᠭᠡᠪᠦᠷᠢᠯᠡᠨ ᠤᠷᠤᠭᠤᠯᠬᠤ ᠭᠠᠵᠠᠷ ᠲᠤ ᠬᠦᠷᠭᠡᠭᠰᠡᠨ ᠤ ᠳᠠᠷᠠᠭ᠎ᠠ᠂ ᠪᠠᠷᠠᠭᠠᠨ ᠤ ᠡᠵᠡᠨ ᠨᠢ | ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠳᠠᠭᠠᠯ | ᠶᠤᠰᠤᠭᠠᠷ᠂ ᠤᠷᠤᠭᠤᠯᠵᠤ ᠠᠪᠴᠢᠷᠠᠭᠰᠠᠨ ᠰᠠᠭᠠᠯᠢ ᠶᠢᠨ ᠠᠮᠢᠲᠠᠨ᠂ ᠡᠭᠦᠯᠳᠡᠷ ᠤᠨ ᠠᠮᠢᠲᠠᠨ ᠢ ᠲᠤᠰᠠᠭᠠᠷᠯᠠᠨ ᠠᠵᠢᠭᠯᠠᠵᠤ | ᠪᠠᠶᠢᠴᠠᠭᠠᠬᠤ ᠬᠡᠷᠡᠭᠲᠡᠢ᠃ | ᠳᠦᠴᠢᠨ ᠳᠣᠯᠤᠳᠤᠭᠠᠷ ᠵᠦᠢᠯ ᠠᠩᠨᠠᠵᠤ ᠪᠠᠷᠢᠭᠰᠠᠨ ᠠᠮᠢᠲᠠᠨ ᠤ ᠬᠢᠵᠢᠭ ᠡᠪᠡᠳᠴᠢᠨ ᠢ ᠲᠠᠷᠬᠠᠭᠠᠵᠤ ᠮᠡᠳᠡᠬᠦ | ᠬᠡᠭᠡᠷ᠎ᠡ ᠶᠢᠨ ᠠᠮᠢᠲᠠᠨ ᠢ ᠪᠣᠯ ᠠᠩᠨᠠᠵᠤ ᠪᠠᠷᠢᠭᠰᠠᠨ ᠭᠠᠵᠠᠷ ᠤᠨ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ | ᠪᠠᠶᠢᠭᠤᠯᠤᠮᠵᠢ ᠳᠤ ᠮᠡᠳᠡᠭᠦᠯᠦᠨ ᠬᠢᠵᠢᠭ ᠤᠨ ᠪᠠᠶᠢᠴᠠᠭᠠᠯᠲᠠ ᠬᠢᠯᠭᠡᠬᠦ ᠬᠡᠷᠡᠭᠲᠡᠢ᠂ ᠬᠢᠵᠢᠭ ᠤᠨ ᠪᠠᠶᠢᠴᠠᠭᠠᠯᠲᠠ ᠳᠤ ᠬᠢᠷᠢ | ᠲᠡᠩᠴᠡᠪᠡᠯ ᠰᠠᠶ᠋ᠢ ᠲᠡᠵᠢᠭᠡᠵᠦ᠂ ᠡᠵᠡᠩᠨᠡᠵᠤ᠂ ᠲᠡᠭᠡᠭᠡᠪᠦᠷᠢᠯᠡᠵᠦ ᠪᠣᠯᠤᠨ᠎ᠠ᠃ | ᠳᠦᠴᠢᠨ ᠨᠠᠢᠮᠠᠳᠤᠭᠠᠷ ᠵᠦᠢᠯ ᠪᠠᠷᠠᠭᠠᠠ ᠤ ᠡᠵᠡᠨ ᠨᠢ ᠬᠢᠵᠢᠭ ᠤᠨ ᠪᠠᠶᠢᠴᠠᠭᠠᠯᠲᠠ ᠳᠤ ᠬᠢᠷᠢ ᠳᠡᠩᠴᠡᠭᠰᠡᠨ ᠦᠭᠡᠢ | ᠠᠮᠢᠲᠠᠨ᠂ ᠠᠮᠢᠲᠠᠨ ᠤ ᠠᠰᠢᠭ ᠰᠢᠮ᠎ᠡ ᠶᠢ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠶᠢᠨ | ᠬᠢᠨᠠᠯᠲᠠ ᠳᠤᠤᠷ᠎ᠠ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ | ᠲᠤᠭᠳᠠᠭᠠᠯ ᠶᠤᠰᠤᠭᠠᠷ ᠰᠢᠢᠳᠪᠦᠷᠢᠯᠡᠬᠦ ᠬᠡᠷᠡᠭᠲᠡᠢ᠂ ᠰᠢᠢᠳᠪᠦᠷᠢᠯᠡᠬᠦ ᠵᠠᠷᠤᠳᠡᠯ ᠢ ᠪᠠᠷᠠᠭᠠᠨ ᠤ ᠡᠵᠡᠨ ᠡᠭᠦᠷᠭᠡᠯᠡᠨ᠎ᠡ᠃ | ᠳᠦᠴᠢ ᠶᠢᠰᠦᠳᠦᠭᠡᠷ ᠵᠦᠢᠯ ᠬᠠᠤᠯᠢ ᠶᠤᠰᠤᠭᠠᠷ ᠬᠢᠵᠢᠭ ᠤᠨ ᠪᠠᠶᠢᠴᠠᠭᠠᠯᠲᠠ ᠬᠢᠬᠦ ᠳᠤ ᠰᠦᠢᠳᠬᠡᠯ ᠬᠤᠷᠢᠶᠠᠬᠤ | ᠴᠢᠬᠤᠯᠠᠲᠠᠢ ᠪᠠᠶᠢᠪᠠᠯ᠂ ᠲᠡᠭᠦᠨ ᠤ ᠵᠦᠢᠯᠡᠰ ᠪᠠ ᠪᠠᠷᠢᠮᠵᠢᠶ᠎ᠡ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ | ᠵᠠᠰᠠᠭ ᠤᠨ ᠰᠠᠯᠠᠭ᠎ᠠ ᠮᠦᠴᠢᠷ᠂ ᠪᠠᠷᠠᠭᠠᠨ ᠤ ᠦᠨ᠎ᠡ ᠶᠢ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠲᠤᠭᠳᠠᠭᠠᠨ᠎ᠠ᠃ | ᠵᠢᠷᠭᠤᠳᠤᠭᠠᠷ ᠪᠦᠯᠦᠭ ᠠᠮᠢᠲᠠᠨ ᠢ ᠤᠨᠤᠰᠢᠯᠠᠨ ᠡᠮᠨᠡᠯᠭᠡ | ᠲᠠᠪᠢᠳᠤᠭᠠᠷ ᠵᠦᠢᠯ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠡᠷᠬᠢᠯᠡᠬᠦ ᠪᠠᠶᠢᠭᠤᠯᠤᠮᠵᠢ ᠳᠤᠤᠷ᠎ᠠ ᠵᠢᠭᠰᠠᠭᠠᠭᠰᠠᠨ | ᠨᠦᠭᠦᠴᠡᠯ ᠢ ᠪᠦᠷᠢᠳᠦᠭᠦᠯᠬᠦ ᠬᠡᠷᠡᠭᠲᠡᠢ᠄ | ︵ᠨᠢᠭᠡ︶ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠲᠠᠢ ᠳᠤᠬᠢᠷᠠᠯᠴᠠᠭᠰᠠᠨ ᠪᠦᠭᠡᠳ ᠠᠮᠢᠲᠠᠨ ᠤ ᠬᠢᠵᠢᠭ ᠢ | ᠰᠡᠷᠬᠡᠶᠢᠯᠡᠬᠦ ᠨᠦᠭᠦᠴᠡᠯ ᠳᠤ ᠨᠡᠶᠢᠴᠡᠭᠰᠡᠨ ᠲᠠᠯᠠᠪᠤᠷ ᠭᠠᠵᠠᠷ ᠲᠠᠢ ᠪᠠᠶᠢᠬᠤ︔ | ︵ᠬᠤᠶᠠᠷ︶ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠲᠠᠢ ᠳᠤᠬᠢᠷᠠᠯᠴᠠᠭᠰᠠᠨ ᠠᠵᠢᠯ ᠡᠷᠬᠢᠯᠡᠬᠦ ᠮᠠᠯ ᠤᠨ | ᠡᠮᠴᠢ ᠲᠠᠢ ᠪᠠᠶᠢᠬᠤ︔ | ︵ᠭᠤᠷᠪᠠ︶ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠲᠠᠢ ᠳᠤᠬᠢᠷᠠᠯᠴᠠᠭᠰᠠᠨ ᠮᠠᠯ ᠡᠮᠨᠡᠯᠭᠡ ᠶᠢᠨ ᠪᠠᠭᠠᠵᠢ | ᠬᠡᠷᠡᠭᠰᠡᠯ ᠪᠠ ᠲᠣᠨᠤᠭ ᠲᠦᠭᠦᠭᠡᠷᠦᠮᠵᠢ ᠲᠠᠢ ᠪᠠᠶᠢᠬᠤ︔ | ︵ᠳᠦᠷᠪᠡ︶ ᠪᠦᠷᠢᠨ ᠳᠦᠭᠦᠷ ᠬᠠᠮᠢᠶᠠᠷᠤᠯᠲᠠ ᠶᠢᠨ ᠳᠦᠷᠢᠮ ᠲᠠᠢ ᠪᠠᠶᠢᠬᠤ᠃ | ᠲᠠᠪᠢᠨ ᠨᠢᠭᠡᠳᠦᠭᠡᠷ ᠵᠦᠢᠯ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠶᠢ ᠡᠷᠬᠢᠯᠡᠬᠦ ᠪᠠᠶᠢᠭᠤᠯᠤᠮᠵᠢ ᠪᠠᠶᠢᠭᠤᠯᠬᠤ ᠳᠤ | ᠰᠢᠶᠠᠨ ᠤ ᠱᠠᠳᠤᠨ ᠠᠴᠠ ᠳᠡᠭᠡᠭᠰᠢᠬᠢ ᠤᠷᠤᠨ ᠨᠤᠳᠤᠭ ᠤᠨ ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ | ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ ᠠᠮᠢᠲᠠᠨ ᠢ ᠤᠨᠤᠰᠢᠯᠠᠨ ᠡᠮᠨᠡᠬᠦ ᠵᠦᠪᠰᠢᠶᠠᠷᠠᠯ ᠤᠨ ᠦᠨᠡᠮᠯᠡᠯ ᠭᠤᠶᠤᠴᠢᠯᠠᠬᠤ | ᠬᠡᠷᠡᠭᠲᠡᠢ᠂ ᠭᠤᠶᠤᠴᠢᠯᠠᠯ ᠢ ᠰᠢᠢᠳᠪᠤᠷᠢᠯᠡᠬᠦ ᠪᠠᠷ ᠬᠦᠯᠢᠶᠡᠨ ᠠᠪᠤᠭᠰᠠᠨ ᠮᠠᠯ ᠡᠮᠨᠡᠯᠭᠡ ᠶᠢᠨ ᠡᠷᠬᠢᠯᠠᠨ ᠬᠠᠮᠢᠶᠠᠷᠬᠤ ᠰᠠᠯᠠᠭ᠎ᠠ | ᠮᠦᠴᠢᠷ ᠲᠤᠰ ᠬᠠᠤᠯᠢ ᠪᠠ ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠵᠠᠬᠢᠷᠭᠠᠨ ᠤ | ᠵᠦᠪᠰᠢᠶᠠᠷᠠᠯ ᠤᠨ ᠬᠠᠤᠯᠢ︾ ᠶᠢᠨ ᠲᠤᠭᠳᠠᠭᠠᠯ ᠶᠤᠰᠤᠭᠠᠷ ᠬᠢᠨᠠᠨ ᠪᠠᠶᠢᠴᠠᠭᠠᠬᠤ ᠬᠡᠷᠡᠭᠲᠡᠢ ᠬᠢᠨᠠᠨ ᠪᠠᠶᠢᠴᠠᠭᠠᠭᠠᠳ ᠬᠢᠷᠢ | ᠳᠡᠩᠴᠡᠪᠠᠯ᠂ ᠠᠮᠢᠲᠠᠨ ᠢ ᠤᠨᠤᠰᠢᠯᠠᠨ ᠡᠮᠨᠡᠬᠦ ᠵᠦᠪᠰᠢᠶᠡᠷᠡᠯ ᠤᠨ ᠦᠨᠡᠮᠯᠡᠯ ᠤᠯᠭᠤᠨ᠎ᠠ︔ ᠬᠢᠷᠢ ᠳᠡᠩᠴᠡᠭᠰᠡᠨ ᠦᠭᠡᠢ | ᠪᠠᠶᠢᠪᠠᠯ ᠭᠤᠶᠤᠴᠢᠯᠠᠭᠴᠢ ᠳᠤ ᠮᠡᠳᠡᠭᠳᠡᠬᠦ ᠶᠢᠨ ᠬᠠᠮᠳᠤ ᠤᠴᠢᠷ ᠰᠢᠯᠳᠠᠭᠠᠨ ᠢᠶᠠᠨ ᠳᠤᠳᠤᠷᠬᠠᠶᠢᠯᠠᠬᠤ ᠬᠡᠷᠡᠭᠲᠡᠢ | ᠭᠤᠶᠤᠴᠢᠯᠠᠭᠴᠢ ᠨᠢ ᠠᠮᠢᠲᠠᠨ ᠢ ᠤᠨᠤᠰᠢᠯᠠᠨ ᠡᠮᠨᠡᠬᠦ ᠵᠦᠪᠰᠢᠶᠡᠷᠡᠯ ᠤᠨ ᠦᠨᠡᠮᠯᠡᠯ ᠢᠶᠠᠷ ᠢᠶᠠᠨ ᠦᠢᠯᠡᠳᠪᠦᠷᠢ ᠬᠤᠳᠠᠯᠳᠤᠭᠠᠨ ᠤ | ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠲᠤ ᠪᠦᠷᠢᠳᠬᠡᠭᠦᠯᠦᠨ ᠳᠠᠩᠰᠠᠯᠠᠭᠤᠯᠬᠤ ᠭᠠᠷ ᠭᠦᠢᠴᠡᠳᠬᠡᠯ | ᠬᠢᠯᠭᠡᠬᠦ ᠪᠠᠷ ᠭᠤᠶᠤᠴᠢᠯᠠᠯ ᠭᠠᠷᠭᠠᠨ᠎ᠠ᠂ ᠡᠵᠡᠩᠨᠡᠯᠲᠠ ᠶᠢᠨ ᠦᠨᠡᠮᠯᠡᠯ ᠤᠯᠤᠭᠰᠠᠨ ᠤ ᠳᠠᠷᠠᠭ᠎ᠠ ᠰᠠᠶ᠋ᠢ ᠠᠮᠢᠲᠠᠨ ᠢ ᠤᠨᠤᠰᠢᠯᠠᠨ | ᠡᠮᠨᠡᠬᠦ ᠠᠵᠢᠯᠯᠠᠭ᠎ᠠ ᠡᠷᠬᠢᠯᠡᠵᠦ ᠪᠤᠯᠤᠨ᠎ᠠ᠃ | ᠲᠠᠪᠢᠨ ᠬᠤᠶᠠᠳᠤᠭᠠᠷ ᠵᠦᠢᠯ ᠠᠮᠢᠲᠠᠨ ᠢ ᠤᠨᠤᠰᠢᠯᠠᠨ ᠡᠮᠨᠡᠬᠦ ᠵᠦᠪᠰᠢᠶᠡᠷᠡᠯ ᠤᠨ ᠦᠨᠡᠮᠯᠡᠯ ᠳᠤ ᠤᠨᠤᠰᠢᠯᠠᠨ ᠡᠮᠨᠡᠬᠦ | ᠪᠠᠶᠢᠭᠤᠯᠤᠮᠵᠢ ᠶᠢᠨ ᠨᠡᠷᠡᠶᠢᠳᠦᠯ᠂ ᠤᠨᠤᠰᠢᠯᠠᠨ ᠡᠮᠨᠡᠬᠦ ᠠᠵᠢᠯᠯᠠᠭ᠎ᠠ ᠶᠢᠨ ᠬᠦᠷᠢᠶ᠎ᠡ ᠬᠡᠪᠴᠢᠶ᠎ᠡ᠂ ᠠᠵᠢᠯ ᠡᠷᠬᠢᠯᠡᠬᠦ ᠭᠠᠵᠠᠷ ᠪᠠ | ᠬᠠᠤᠯᠢ ᠪᠠᠷ ᠲᠣᠭᠲᠠᠭᠠᠭᠰᠠᠨ ᠲᠦᠯᠦᠭᠡᠯᠡᠭᠴᠢ ︵ᠬᠠᠷᠢᠭᠤᠴᠠᠯᠭᠠᠳᠠᠨ︶ ᠵᠡᠷᠭᠡ ᠵᠦᠢᠯᠡᠰ ᠢ ᠲᠤᠳᠤᠷᠬᠠᠢ ᠲᠡᠮᠲᠡᠭᠯᠡᠭᠰᠡᠨ | ᠪᠠᠶᠢᠬᠤ ᠬᠡᠷᠡᠭᠲᠡᠢ᠂ ᠠᠮᠢᠲᠠᠨ ᠢ ᠤᠨᠤᠰᠢᠯᠠᠨ ᠡᠮᠨᠡᠬᠦ ᠵᠦᠪᠰᠢᠶᠠᠷᠠᠯ ᠤᠨ ᠦᠨᠡᠮᠯᠡᠯ ᠳᠤ ᠲᠣᠳᠤᠷᠬᠠᠶᠢᠯᠠᠨ ᠲᠡᠮᠲᠡᠭᠯᠡᠭᠰᠡᠨ | ᠵᠦᠢᠯᠡᠰ ᠢᠶᠠᠨ ᠬᠤᠪᠢᠷᠠᠭᠤᠯᠤᠭᠰᠠᠨ ᠪᠠᠶᠢᠪᠠᠯ᠂ ᠠᠮᠢᠲᠠᠨ ᠢ ᠤᠨᠤᠰᠢᠯᠠᠨ ᠡᠮᠨᠡᠬᠦ ᠵᠦᠪᠰᠢᠶᠠᠷᠠᠯ ᠤᠨ ᠦᠨᠡᠮᠯᠡᠯ ᠢ | ᠬᠤᠪᠢᠷᠠᠭᠤᠯᠬᠤ ᠪᠤᠶᠤ ᠰᠤᠯᠢᠬᠤ ᠪᠠᠷ ᠭᠤᠶᠤᠴᠢᠯᠠᠬᠤ ᠶᠢᠨ ᠬᠠᠮᠳᠦ ᠬᠠᠤᠯᠢ ᠶᠤᠰᠤᠭᠠᠷ ᠦᠢᠯᠡᠳᠪᠦᠷᠢ ᠬᠤᠳᠠᠯᠳᠤᠭᠠᠨ ᠤ | ᠳᠠᠩᠰᠠᠯᠠᠯᠲᠠ ᠪᠠᠨ ᠬᠤᠪᠢᠷᠠᠭᠤᠯᠬᠤ ᠭᠠᠷ ᠭᠦᠢᠴᠡᠳᠬᠡᠯ ᠬᠢᠯᠭᠡᠬᠦ ᠬᠡᠷᠡᠭᠲᠡᠢ᠃ | ᠲᠠᠪᠢᠨ ᠭᠤᠷᠪᠠᠳᠤᠭᠠᠷ ᠵᠦᠢᠯ ᠠᠮᠢᠲᠠᠨ ᠢ ᠤᠨᠤᠰᠢᠯᠠᠨ ᠡᠮᠨᠡᠬᠦ ᠪᠠᠶᠢᠭᠤᠯᠤᠮᠵᠢ ᠲᠦᠷᠦ ᠶᠢᠨ ᠶᠠᠪᠤᠳᠠᠯ ᠤᠨ | ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠳᠤᠭᠳᠠᠭᠠᠯ ᠶᠤᠰᠤᠭᠠᠷ ᠤᠨᠤᠰᠢᠯᠠᠨ ᠡᠮᠨᠡᠬᠦ | ᠠᠵᠢᠯᠯᠠᠭᠠᠨ ᠤ ᠳᠤᠮᠳᠠᠬᠢ ᠡᠷᠡᠭᠦᠯ ᠬᠠᠮᠠᠭᠠᠯᠠᠯ ᠠᠮᠤᠷ ᠲᠦᠪᠰᠢᠨ ᠤ ᠰᠡᠷᠬᠡᠶᠢᠯᠡᠨ ᠬᠠᠮᠠᠭᠠᠯᠠᠬᠤ᠂ ᠠᠷᠢᠭᠤᠳᠬᠠᠬᠤ᠂ | ᠲᠤᠰᠠᠭᠠᠷᠯᠠᠬᠤ ᠪᠠ ᠡᠮᠴᠢᠯᠡᠭᠡᠨ ᠤ ᠬᠠᠶᠠᠭᠳᠠᠮᠠᠯ ᠪᠤᠳᠠᠰ ᠢ ᠰᠢᠢᠳᠪᠦᠷᠢᠯᠡᠬᠦ ᠵᠡᠷᠭᠡ ᠠᠵᠢᠯ ᠢ ᠰᠠᠶᠢᠳᠤᠷ ᠬᠢᠬᠦ ᠬᠡᠷᠡᠭᠲᠡᠢ᠃ | ᠲᠠᠪᠢᠨ ᠳᠦᠷᠪᠡᠳᠦᠭᠡᠷ ᠵᠦᠢᠯ ᠤᠯᠤᠰ ᠠᠴᠠ ᠠᠵᠢᠯ ᠡᠷᠬᠢᠯᠡᠬᠦ ᠮᠠᠯ ᠤᠨ ᠡᠮᠴᠢ ᠶᠢᠨ ᠬᠢᠷᠢ ᠬᠡᠮ ᠤᠨ ᠰᠢᠯᠭᠠᠯᠲᠠ ᠶᠢᠨ | ᠳᠦᠷᠢᠮ ᠢ ᠬᠡᠷᠡᠭᠵᠢᠬᠦᠯᠦᠨ᠎ᠠ᠂ ᠮᠠᠯ ᠡᠮᠨᠡᠯᠭᠡ ᠶᠢᠨ ᠬᠤᠯᠪᠤᠭᠳᠡᠯ ᠪᠦᠬᠦᠢ ᠲᠤᠰᠬᠠᠢ ᠮᠡᠷᠬᠡᠵᠢᠯ ᠤᠨ ᠳᠡᠭᠡᠳᠦ ᠰᠤᠷᠭᠠᠭᠤᠯᠢ ᠶᠢᠨ | ᠲᠤᠰᠬᠠᠢ ᠮᠠᠷᠬᠡᠵᠢᠯ ᠠᠴᠠ ᠳᠡᠭᠡᠭᠰᠢ ᠰᠤᠷᠤᠯᠭ᠎ᠠ ᠶᠢᠨ ᠨᠠᠮᠳᠠᠷ ᠲᠠᠢ ᠪᠠᠶᠢᠪᠠᠯ᠂ ᠠᠵᠢᠯ ᠡᠷᠬᠢᠯᠡᠬᠦ ᠮᠠᠯ ᠤᠨ ᠡᠮᠴᠢ ᠶᠢᠨ ᠬᠢᠷᠢ | ᠬᠡᠮ ᠤᠨ ᠰᠢᠯᠭᠠᠯᠲᠠ ᠳᠤ ᠤᠷᠤᠯᠴᠠᠬᠤ ᠪᠠᠷ ᠭᠤᠶᠤᠴᠢᠯᠠᠵᠤ ᠪᠤᠯᠤᠨ᠎ᠠ︔ ᠰᠢᠯᠭᠠᠯᠲᠠ ᠳᠤ ᠬᠢᠷᠢ ᠳᠡᠩᠴᠡᠭᠰᠡᠨ ᠪᠠᠶᠢᠪᠠᠯ᠂ | ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠮᠠᠯ | ᠡᠮᠨᠡᠯᠭᠡ ᠶᠢᠨ ᠡᠷᠬᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠠᠵᠢᠯ ᠡᠷᠬᠢᠯᠡᠬᠦ ᠮᠠᠯ ᠤᠨ ᠡᠮᠴᠢ ᠶᠢᠨ ᠬᠢᠷᠢ ᠬᠡᠮ ᠤᠨ ᠦᠨᠡᠮᠯᠡᠯ | ᠤᠯᠭᠤᠨ᠎ᠠ︔ ᠠᠮᠢᠲᠠᠨ ᠢ ᠤᠨᠤᠰᠢᠯᠠᠨ ᠡᠮᠨᠡᠬᠦ ᠠᠵᠢᠯ ᠡᠷᠬᠢᠯᠡᠬᠦ ᠳᠤ ᠪᠠᠰᠠ ᠲᠤᠬᠠᠢ ᠶᠢᠨ ᠭᠠᠵᠠᠷ ᠤᠨ ᠰᠢᠶᠠᠨ ᠤ ᠱᠠᠳᠤᠨ ᠤ | ᠠᠷᠠᠳ ᠤᠨ ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠲᠤ ᠳᠠᠩᠰᠠᠯᠠᠭᠤᠯᠬᠤ ᠪᠠᠷ | ᠭᠤᠶᠤᠴᠢᠯᠠᠬᠤ ᠬᠡᠷᠡᠭᠲᠡᠢ᠂ ᠠᠵᠢᠯ ᠡᠷᠬᠢᠯᠡᠬᠦ ᠮᠠᠯ ᠤᠨ ᠡᠮᠴᠢ ᠶᠢᠨ ᠬᠢᠷᠢ ᠬᠡᠮ ᠤᠨ ᠰᠢᠯᠭᠠᠯᠲᠠ ᠪᠠ ᠳᠠᠩᠰᠠᠯᠠᠭᠤᠯᠬᠤ | ᠠᠷᠭ᠎ᠠ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠴᠠ | ᠲᠦᠷᠦ ᠶᠢᠨ ᠶᠠᠪᠤᠳᠠᠯ ᠤᠨ ᠬᠤᠷᠢᠶᠠᠨ ᠤ ᠠᠵᠢᠯᠲᠠᠨ ᠤ ᠶᠠᠪᠤᠳᠠᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠲᠠᠢ | ᠵᠦᠪᠳᠡᠯᠴᠡᠨ ᠳᠤᠭᠳᠠᠭᠠᠨ᠎ᠠ᠂ ᠲᠤᠰ ᠬᠠᠤᠯᠢ ᠳᠤ ᠬᠡᠯᠡᠵᠦ ᠪᠠᠶᠢᠭ᠎ᠠ ᠠᠵᠢᠯ ᠡᠷᠬᠢᠯᠡᠬᠦ ᠮᠠᠯ ᠤᠨ ᠡᠮᠴᠢ ᠭᠡᠳᠡᠭ ᠨᠢ ᠠᠮᠢᠲᠠᠨ ᠢ | ᠤᠨᠤᠰᠢᠯᠠᠨ ᠡᠮᠨᠡᠬᠦ ᠪᠠ ᠠᠮᠢᠲᠠᠨ ᠢ ᠡᠷᠡᠭᠦᠯᠵᠢᠭᠦᠯᠬᠦ ᠵᠡᠷᠭᠡ ᠡᠵᠡᠩᠨᠡᠯᠲᠡ ᠶᠢᠨ ᠠᠵᠢᠯᠯᠠᠭ᠎ᠠ ᠡᠷᠬᠢᠯᠡᠳᠡᠭ ᠮᠠᠯ ᠤᠨ ᠡᠮᠴᠢ ᠶᠢ | ᠵᠢᠭᠠᠵᠤ ᠪᠠᠶᠢᠨ᠎ᠠ᠃ | ᠲᠠᠪᠢᠨ ᠲᠠᠪᠤᠳᠤᠭᠠᠷ ᠵᠦᠢᠯ ᠳᠠᠩᠰᠠᠯᠠᠭᠤᠯᠤᠭᠰᠠᠨ ᠠᠵᠢᠯ ᠡᠷᠬᠢᠯᠡᠬᠦ ᠮᠠᠯ ᠤᠨ ᠡᠮᠴᠢ ᠰᠠᠶ᠋ᠢ ᠠᠮᠢᠲᠠᠨ ᠢ ᠤᠨᠤᠰᠢᠯᠠᠨ | ᠡᠮᠨᠡᠬᠦ᠂ ᠮᠠᠯ ᠤᠨ ᠡᠮ ᠤᠨ ᠵᠤᠷ ᠪᠢᠴᠢᠬᠦ ᠵᠡᠷᠭᠡ ᠠᠵᠢᠯᠯᠠᠭ᠎ᠠ ᠶᠢ ᠡᠷᠬᠢᠯᠡᠵᠦ ᠪᠤᠯᠤᠨ᠎ᠠ᠂ ᠭᠡᠪᠡᠴᠦ ᠲᠤᠰ ᠬᠠᠤᠯᠢ ᠶᠢᠨ ᠲᠠᠪᠢᠨ | ᠳᠤᠯᠤᠳᠤᠭᠠᠷ ᠵᠦᠢᠯ ᠳᠤ ᠬᠦᠳᠡᠭᠡ ᠲᠤᠰᠬᠤᠨ ᠤ ᠮᠠᠯ ᠡᠮᠨᠡᠯᠭᠡ ᠶᠢᠨ ᠦᠢᠯᠡᠴᠢᠯᠡᠭᠡᠨ ᠤ ᠬᠦᠮᠦᠰ ᠤᠨ ᠲᠤᠬᠠᠢ ᠠᠰᠲᠠᠭᠠᠨ | ᠲᠤᠭᠳᠠᠭᠠᠯ ᠲᠠᠢ ᠪᠠᠶᠢᠪᠠᠯ ᠲᠡᠷᠡ ᠲᠤᠭᠳᠠᠭᠠᠯ ᠢ ᠵᠢᠷᠤᠮᠯᠠᠨ᠎ᠠ᠂ ᠠᠵᠢᠯ ᠡᠷᠬᠢᠯᠡᠬᠦ ᠮᠠᠯ ᠤᠨ ᠡᠮᠴᠢ᠂ ᠬᠦᠳᠡᠭᠡ ᠲᠤᠰᠬᠤᠨ ᠤ | ᠮᠠᠯ ᠡᠮᠨᠡᠯᠭᠡ ᠶᠢᠨ ᠦᠢᠯᠡᠴᠢᠯᠡᠭᠡᠨ ᠤ ᠠᠵᠢᠯᠳᠡᠨ ᠲᠤᠬᠠᠢ ᠶᠢᠨ ᠭᠠᠵᠠᠷ ᠤᠨ ᠠᠷᠠᠳ ᠤᠨ ᠵᠠᠰᠠᠭ ᠤᠨ ᠤᠷᠳᠤᠨ ᠪᠤᠶᠤ ᠮᠠᠯ | ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠱᠠᠭᠠᠷᠳᠠᠯᠭ᠎ᠠ ᠶᠤᠰᠤᠭᠠᠷ ᠠᠮᠢᠲᠠᠨ ᠤ ᠬᠢᠵᠢᠭ ᠡᠪᠡᠳᠴᠢᠨ ᠢ | ᠤᠷᠢᠳᠴᠢᠯᠠᠨ ᠰᠡᠷᠬᠡᠶᠢᠯᠡᠬᠦ᠂ ᠬᠢᠵᠠᠭᠠᠷᠯᠠᠬᠤ ᠪᠠ ᠠᠷᠢᠯᠭᠠᠬᠤ ᠠᠵᠢᠯᠯᠠᠭ᠎ᠠ ᠳᠤ ᠤᠷᠤᠯᠴᠠᠬᠤ ᠬᠡᠷᠡᠭᠲᠡᠢ᠃ | ᠲᠠᠪᠢᠨ ᠵᠢᠷᠭᠤᠳᠤᠭᠠᠷ ᠵᠦᠢᠯ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠡᠷᠬᠢᠯᠡᠬᠦ ᠳᠤ ᠠᠮᠢᠲᠠᠠ ᠢ ᠤᠨᠤᠰᠢᠯᠠᠨ | ᠡᠮᠨᠡᠬᠦ ᠳᠤ ᠬᠤᠯᠪᠤᠭᠳᠠᠬᠤ ᠠᠵᠢᠯᠯᠠᠬᠤ ᠮᠡᠷᠭᠡᠵᠢᠯ ᠤᠨ ᠵᠢᠷᠤᠮᠵᠢᠯ ᠢ ᠵᠢᠷᠤᠮᠯᠠᠵᠤ᠂ ᠤᠯᠤᠰ ᠤᠨ ᠲᠤᠭᠳᠠᠭᠠᠯ ᠳᠤ ᠨᠡᠶᠢᠴᠡᠭᠰᠡᠨ | ᠮᠠᠯ ᠤᠨ ᠡᠮ ᠪᠠ ᠮᠠᠯ ᠡᠮᠨᠡᠯᠭᠡ ᠶᠢᠨ ᠪᠠᠭᠠᠵᠢ ᠬᠡᠷᠡᠭᠰᠡᠯ ᠢ ᠬᠡᠷᠡᠭᠯᠡᠬᠦ ᠬᠡᠷᠡᠭᠲᠡᠢ᠃ | ᠲᠠᠪᠢᠨ ᠳᠤᠯᠤᠳᠤᠭᠠᠷ ᠵᠦᠢᠯ ᠬᠦᠳᠡᠭᠡ ᠲᠤᠰᠬᠤᠨ ᠤ ᠮᠠᠯ ᠡᠮᠨᠡᠯᠭᠡ ᠶᠢᠨ ᠦᠢᠯᠡᠴᠢᠯᠡᠭᠡᠨ ᠤ ᠠᠵᠢᠯᠳᠠᠨ ᠬᠦᠳᠡᠭᠡ | ᠲᠤᠰᠬᠤᠨ ᠳᠤ ᠠᠮᠢᠲᠠᠨ ᠢ ᠤᠨᠤᠰᠢᠯᠠᠨ ᠡᠮᠨᠡᠬᠦ ᠦᠢᠯᠡᠴᠢᠯᠡᠬᠡᠨ ᠤ ᠠᠵᠢᠯᠯᠠᠭ᠎ᠠ ᠶᠢ ᠡᠷᠬᠢᠯᠡᠵᠦ ᠪᠤᠯᠤᠨ᠎ᠠ᠂ ᠪᠤᠳᠠᠳᠠᠢ | ᠬᠠᠮᠢᠶᠠᠷᠤᠯᠲᠠ ᠶᠢᠨ ᠠᠷᠭ᠎ᠠ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠠᠴᠠ ᠳᠤᠭᠳᠠᠭᠠᠨ᠎ᠠ᠃ | ᠳᠤᠯᠤᠳᠤᠭᠠᠷ ᠪᠦᠯᠦᠭ ᠬᠢᠨᠠᠵᠦ ᠬᠠᠮᠢᠶᠠᠷᠬᠤ | ᠲᠠᠪᠢᠨ ᠨᠠᠢᠮᠠᠳᠤᠭᠠᠷ ᠵᠦᠢᠯ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠲᠤᠰ | ᠬᠠᠤᠯᠢ ᠶᠢᠨ ᠲᠣᠭᠲᠠᠭᠠᠯ ᠶᠤᠰᠤᠭᠠᠷ᠂ ᠠᠮᠢᠲᠠᠨ ᠢ ᠳᠡᠵᠢᠭᠡᠬᠦ᠂ ᠨᠢᠳᠤᠯᠬᠤ᠂ ᠡᠵᠡᠩᠨᠡᠬᠦ᠂ ᠲᠤᠰᠠᠭᠠᠷᠯᠠᠬᠤ᠂ ᠲᠡᠭᠡᠭᠡᠪᠦᠷᠢᠯᠡᠬᠦ | ᠪᠠ ᠠᠮᠢᠲᠠᠨ ᠤ ᠠᠰᠢᠭ ᠰᠢᠮ᠎ᠡ ᠶᠢ ᠦᠢᠯᠡᠳᠪᠦᠷᠢᠯᠡᠬᠦ᠂ ᠡᠵᠡᠩᠨᠡᠬᠦ᠂ ᠪᠤᠯᠪᠠᠰᠤᠷᠠᠭᠤᠯᠬᠤ᠂ ᠬᠠᠳᠠᠭᠠᠯᠠᠬᠤ᠂ ᠲᠡᠭᠡᠭᠡᠪᠦᠷᠢᠯᠡᠬᠦ | ᠵᠡᠷᠭᠡ ᠠᠵᠢᠯᠯᠠᠭ᠎ᠠ ᠶᠢᠨ ᠳᠤᠮᠳᠠᠬᠢ ᠠᠮᠢᠲᠠᠨ ᠤ ᠬᠢᠵᠢᠭ ᠢ ᠰᠡᠷᠬᠡᠶᠢᠯᠡᠬᠦ ᠠᠵᠢᠯ ᠢ ᠬᠢᠨᠡᠵᠤ ᠬᠠᠮᠢᠶᠠᠷᠤᠨ᠎ᠠ᠃ | ᠲᠠᠪᠢ ᠶᠢᠰᠦᠳᠦᠭᠡᠷ ᠵᠦᠢᠯ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠬᠢᠨᠡᠨ | ᠪᠠᠶᠢᠴᠠᠭᠠᠬᠤ ᠡᠭᠦᠷᠭᠡ ᠬᠦᠢᠴᠡᠳᠬᠡᠬᠦ ᠳᠡᠭᠡᠨ ᠳᠤᠤᠷ᠎ᠠ ᠵᠢᠭᠰᠠᠭᠠᠭᠰᠠᠨ ᠠᠷᠭ᠎ᠠ ᠬᠡᠮᠵᠢᠶ᠎ᠡ ᠨᠦᠭᠦᠳ ᠢ ᠠᠪᠴᠤ ᠪᠤᠯᠤᠨ᠎ᠠ᠂ | ᠬᠤᠯᠪᠤᠭᠳᠠᠯ ᠪᠦᠬᠦᠢ ᠨᠢᠭᠡᠴᠢ ᠪᠠ ᠬᠤᠪᠢ ᠬᠦᠮᠦᠨ ᠡᠬᠦᠨ ᠢ ᠳᠡᠪᠴᠢᠬᠦ ᠪᠤᠶᠤ ᠬᠠᠷᠰᠢᠯᠠᠵᠤ ᠪᠤᠯᠬᠤ ᠦᠭᠡᠢ᠄ | ︵ᠨᠢᠭᠡ︶ ᠠᠮᠢᠲᠠᠨ᠂ ᠠᠮᠢᠲᠠᠨ ᠤ ᠠᠰᠢᠭ ᠰᠢᠮ᠎ᠡ ᠠᠴᠠ ᠲᠤᠭᠲᠠᠭᠠᠯ ᠶᠤᠰᠤᠭᠠᠷ ᠦᠯᠢᠭᠡᠷ ᠠᠪᠬᠤ᠂ ᠦᠯᠡᠳᠡᠭᠡᠨ | ᠰᠢᠯᠭᠠᠬᠤ᠂ ᠰᠤᠭᠤᠯᠤᠨ ᠪᠠᠶᠢᠴᠠᠭᠠᠬᠤ︔ | ︵ᠬᠤᠶᠠᠷ︶ ᠬᠢᠵᠢᠭ ᠬᠠᠯᠳᠠᠪᠤᠷᠢᠯᠠᠭᠰᠠᠨ ᠪᠤᠶᠤ ᠬᠢᠵᠢᠭ ᠬᠠᠯᠳᠠᠪᠤᠷᠢᠯᠠᠭᠰᠠᠨ ᠰᠡᠵᠢᠭᠯᠡᠯ ᠲᠠᠢ ᠠᠮᠢᠲᠠᠨ᠂ ᠠᠮᠢᠲᠠᠨ ᠤ | ᠠᠰᠢᠭ ᠰᠢᠮ᠎ᠡ ᠪᠠ ᠲᠡᠭᠦᠨ ᠳᠤ ᠬᠤᠯᠪᠤᠭᠳᠠᠬᠤ ᠡᠳ᠋ ᠪᠤᠳᠠᠰ ᠢ ᠲᠤᠰᠠᠭᠠᠷᠯᠠᠬᠤ᠂ ᠪᠠᠶᠢᠴᠠᠭᠠᠨ ᠪᠢᠳᠡᠭᠦᠮᠵᠢᠯᠡᠬᠦ᠂ ᠳᠠᠷᠤᠵᠤ | ᠠᠪᠬᠤ ᠪᠠ ᠰᠢᠢᠳᠪᠦᠷᠢᠯᠡᠬᠦ︔ | ︵ᠭᠤᠷᠪᠠ︶ ᠬᠠᠤᠯᠢ ᠶᠤᠰᠤᠭᠠᠷ ᠬᠢᠵᠢᠭ ᠤᠨ ᠪᠠᠶᠢᠴᠠᠭᠠᠯᠲᠠ ᠬᠢᠯᠬᠡᠬᠦ ᠬᠡᠷᠡᠭᠲᠡᠢ ᠪᠠᠶᠢᠳᠠᠯ᠎ᠠ ᠬᠢᠵᠢᠭ ᠤᠨ | ᠪᠠᠶᠢᠴᠠᠭᠠᠯᠲᠠ ᠬᠢᠯᠭᠡᠭᠰᠡᠨ ᠦᠭᠡᠢ ᠠᠮᠢᠲᠠᠨ ᠳᠤ ᠪᠠᠶᠢᠴᠠᠭᠠᠯᠳᠠ ᠶᠢ ᠨᠦᠬᠦᠵᠦ ᠬᠢᠬᠦ︔ | ︵ᠳᠦᠷᠪᠡ︶ ᠬᠠᠤᠯᠢ ᠶᠤᠰᠤᠭᠠᠷ ᠬᠢᠵᠢᠭ ᠤᠨ ᠪᠠᠶᠢᠴᠠᠭᠠᠯᠲᠠ ᠬᠢᠯᠬᠡᠬᠦ ᠬᠡᠷᠡᠭᠲᠡᠢ ᠪᠠᠶᠢᠳᠠᠯ᠎ᠠ ᠬᠢᠵᠢᠭ ᠤᠨ | ᠪᠠᠶᠢᠴᠠᠭᠠᠯᠲᠠ ᠬᠢᠯᠭᠡᠭᠰᠡᠨ ᠦᠭᠡᠢ ᠠᠮᠢᠲᠠᠨ ᠤ ᠠᠰᠢᠭ ᠰᠢᠮ᠎ᠡ ᠳᠤ ᠪᠠᠶᠢᠴᠠᠭᠠᠯᠲᠠ ᠶᠢ ᠨᠦᠬᠦᠵᠦ ᠬᠢᠬᠦ ᠨᠦᠭᠦᠴᠡᠯ ᠢ | ᠪᠦᠷᠢᠳᠦᠭᠦᠯᠦᠭᠰᠡᠨ ᠪᠠᠶᠢᠪᠠᠯ ᠪᠠᠶᠢᠴᠠᠭᠠᠯᠲᠠ ᠶᠢ ᠨᠦᠭᠦᠨ ᠬᠢᠵᠦ᠂ ᠪᠠᠶᠢᠴᠠᠭᠠᠯᠲᠠ ᠶᠢ ᠨᠦᠭᠦᠵᠦ ᠬᠢᠬᠦ ᠨᠦᠭᠦᠴᠡᠯ ᠢ | ᠪᠦᠷᠢᠳᠦᠭᠦᠯᠦᠭᠰᠡᠨ ᠦᠭᠡᠢ ᠪᠠᠶᠢᠪᠠᠯ ᠲᠡᠭᠦᠨ ᠢ ᠬᠤᠷᠢᠶᠠᠨ ᠠᠪᠴᠤ ᠤᠰᠠᠳᠬᠠᠬᠤ︔ | ︵ᠲᠠᠪᠤ︶ ᠬᠢᠵᠢᠭ ᠤᠨ ᠪᠠᠶᠢᠴᠠᠭᠠᠯᠲᠠ ᠬᠢᠯᠭᠡᠭᠰᠡᠨ ᠬᠡᠷᠡᠴᠢᠯᠡᠯ᠂ ᠬᠢᠵᠢᠭ ᠤᠨ ᠪᠠᠶᠢᠴᠠᠭᠠᠯᠲᠠ ᠬᠢᠯᠭᠡᠭᠰᠡᠨ ᠳᠡᠮᠳᠡᠭ ᠪᠠ | ᠮᠠᠯ ᠵᠢᠭᠦᠷᠳᠡᠨ ᠢ ᠢᠯᠭᠠᠬᠤ ᠳᠡᠮᠳᠡᠭ ᠢ ᠪᠠᠶᠢᠴᠠᠭᠠᠨ ᠰᠢᠯᠭᠠᠬᠤ︔ | ︵ᠵᠢᠷᠭᠤᠭ᠎ᠠ︶ ᠬᠤᠯᠪᠤᠭᠳᠠᠯ ᠪᠦᠬᠦᠢ ᠲᠠᠯᠠᠪᠤᠷ ᠭᠠᠵᠠᠷ ᠲᠤ ᠤᠷᠤᠵᠤ ᠪᠠᠶᠢᠴᠠᠭᠠᠨ ᠭᠡᠷᠡᠴᠢ ᠠᠪᠴᠤ᠂ ᠠᠮᠢᠲᠠᠨ ᠤ | ᠬᠢᠵᠢᠭ ᠢ ᠰᠡᠷᠬᠡᠶᠢᠯᠡᠬᠦ ᠳᠤ ᠬᠤᠯᠪᠤᠭᠳᠠᠬᠤ ᠮᠡᠲ᠋ᠧᠷᠢᠶᠠᠯ ᠢ ᠪᠠᠶᠢᠴᠠᠭᠠᠨ ᠦᠵᠡᠬᠦ᠂ ᠪᠠᠭᠤᠯᠭᠠᠬᠤ᠂ ᠠᠮᠢᠲᠠᠨ ᠤ ᠡᠷᠡᠭᠦᠯ | ᠬᠠᠮᠠᠭᠠᠯᠠᠯ ᠳᠤ ᠬᠢᠨᠡᠯᠲᠡ ᠲᠠᠯᠪᠢᠬᠤ ᠪᠠᠶᠢᠭᠤᠯᠤᠮᠵᠢ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ᠂ | ᠬᠢᠵᠠᠭᠠᠷᠯᠠᠬᠤ ᠬᠡᠷᠡᠭᠴᠡᠭᠡ ᠶᠢ ᠦᠨᠳᠦᠰᠦᠯᠡᠵᠦ᠂ ᠲᠤᠬᠠᠢ ᠶᠢᠨ ᠭᠠᠵᠠᠷ ᠤᠨ ᠰᠢᠶᠠᠨ ᠤ ᠱᠠᠳᠤᠨ ᠠᠴᠠ ᠳᠡᠭᠡᠭᠰᠢᠬᠢ ᠤᠷᠤᠨ | ᠨᠤᠳᠤᠭ ᠤᠨ ᠠᠷᠠᠳ ᠤᠨ ᠵᠠᠰᠠᠭ ᠤᠨ ᠤᠷᠳᠤᠨ ᠢᠶᠠᠷ ᠵᠦᠪᠰᠢᠶᠠᠷᠡᠭᠦᠯᠦᠭᠡᠳ ᠲᠡᠷᠭᠡᠨ ᠦᠷᠳᠡᠭᠡ᠂ ᠭᠠᠷᠠᠮ᠂ ᠨᠢᠰᠬᠡᠯ ᠤᠨ | ᠪᠠᠭᠤᠳᠠᠯ ᠵᠡᠷᠭᠡ ᠬᠤᠯᠪᠤᠭᠳᠠᠯ ᠪᠦᠬᠦᠢ ᠲᠠᠯᠠᠪᠤᠷ ᠭᠠᠵᠠᠷ ᠲᠤ ᠠᠯᠪᠠᠨ ᠤ ᠮᠠᠯ ᠤᠨ ᠡᠮᠴᠢ ᠶᠢ ᠲᠤᠮᠢᠯᠠᠨ ᠰᠠᠭᠤᠯᠭᠠᠵᠤ ᠪᠤᠯᠤᠨ᠎ᠠ | ᠃ | ᠵᠢᠷᠠᠳᠤᠭᠠᠷ ᠵᠦᠢᠯ ᠠᠯᠪᠠᠨ ᠤ ᠮᠠᠯ ᠤᠨ ᠡᠮᠴᠢ ᠠᠮᠢᠲᠠᠨ ᠤ ᠬᠢᠵᠢᠭ ᠢ ᠰᠠᠷᠬᠡᠶᠢᠯᠡᠬᠦ ᠠᠵᠢᠯ ᠢ ᠬᠢᠨᠡᠨ ᠪᠠᠶᠢᠴᠠᠭᠠᠬᠤ | ᠡᠭᠦᠷᠭᠡ ᠭᠦᠢᠴᠡᠳᠬᠡᠬᠦ ᠳᠡᠭᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠦᠨᠡᠮᠯᠡᠯ ᠢᠶᠠᠨ ᠭᠠᠷᠭᠠᠨ ᠦᠵᠡᠭᠦᠯᠵᠦ᠂ | ᠨᠢᠭᠡᠳᠦᠯᠳᠡᠢ ᠳᠡᠮᠳᠡᠭ ᠵᠡᠭᠦᠬᠦ ᠬᠡᠷᠡᠭᠲᠡᠢᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠵᠢᠴᠢ | ᠲᠡᠭᠦᠨ ᠤ ᠠᠵᠢᠯᠳᠠᠨ ᠠᠮᠢᠲᠠᠨ ᠤ ᠬᠢᠵᠢᠭ ᠢ ᠰᠡᠷᠬᠡᠶᠢᠯᠡᠬᠦ ᠳᠤ ᠬᠤᠯᠪᠤᠭᠳᠠᠬᠤ ᠡᠵᠡᠩᠨᠡᠯᠲᠠ ᠶᠢᠨ ᠴᠢᠨᠠᠷᠲᠠᠢ ᠠᠵᠢᠯᠯᠠᠭ᠎ᠠ ᠶᠢ | ᠡᠷᠬᠢᠯᠡᠵᠦ ᠪᠤᠯᠬᠤ ᠦᠭᠡᠢ᠂ ᠬᠢᠨᠡᠨ ᠪᠠᠶᠢᠴᠠᠭᠠᠬᠤ ᠳᠠᠭᠠᠨ ᠶᠠᠮᠠᠷ ᠴᠦ ᠰᠦᠢᠳᠬᠡᠯ ᠬᠤᠷᠢᠶᠠᠵᠤ ᠪᠤᠯᠬᠤ ᠦᠭᠡᠢ᠃ | ᠵᠢᠷᠠᠨ ᠨᠢᠭᠡᠳᠦᠭᠡᠷ ᠵᠦᠢᠯ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ᠂ ᠬᠢᠵᠢᠭ ᠤᠨ ᠪᠠᠶᠢᠴᠠᠭᠠᠯᠲᠠ ᠭᠢᠭᠰᠡᠨ | ᠳᠡᠮᠳᠡᠭ ᠪᠤᠶᠤ ᠮᠠᠯ ᠵᠢᠭᠦᠷᠳᠡᠨ ᠢ ᠢᠯᠭᠠᠬᠤ ᠳᠡᠮᠳᠡᠭ ᠢ ᠰᠢᠯᠵᠢᠭᠦᠯᠦᠨ ᠦᠭᠬᠦ᠂ ᠬᠠᠭᠤᠷᠮᠠᠬᠯᠠᠨ ᠵᠤᠬᠢᠶᠠᠬᠤ ᠪᠤᠶᠤ | ᠬᠤᠪᠢᠷᠠᠭᠤᠯᠤᠨ ᠵᠤᠬᠢᠶᠠᠬᠤ ᠶᠢ ᠴᠠᠭᠠᠵᠠᠯᠠᠨ᠎ᠠ ᠬᠢᠵᠢᠭ᠋ ᠤᠨ ᠪᠠᠶᠢᠴᠠᠭᠠᠯᠲᠠ ᠬᠢᠭᠰᠡᠨ ᠭᠡᠷᠡᠴᠢᠯᠡᠯ᠂ ᠬᠢᠵᠢᠭ ᠤᠨ ᠪᠠᠶᠢᠴᠠᠭᠠᠯᠲᠠ | ᠬᠢᠭᠰᠡᠨ ᠳᠠᠮᠳᠡᠭ ᠢ ᠬᠠᠮᠢᠶᠠᠷᠬᠤ ᠠᠷᠭ᠎ᠠ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠠᠨ ᠬᠠᠮᠢᠶᠠᠷᠬᠤ | ᠰᠠᠯᠠᠭ᠎ᠠ ᠮᠦᠴᠢᠷ ᠠᠴᠠ ᠳᠤᠭᠳᠠᠭᠠᠨ᠎ᠠ᠃ | ᠨᠠᠢᠮᠠᠳᠤᠭᠠᠷ ᠪᠦᠯᠦᠭ ᠪᠠᠳᠤᠯᠠᠬᠤ ᠠᠷᠭ᠎ᠠ ᠬᠡᠮᠵᠢᠶ᠎ᠡ | ᠵᠢᠷᠠᠨ ᠬᠤᠶᠠᠳᠤᠭᠠᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠠᠮᠢᠳ᠋ᠨᠨ ᠤ | ᠬᠢᠵᠢᠭ ᠢ ᠰᠡᠷᠬᠡᠶᠢᠯᠡᠬᠦ ᠠᠵᠢᠯ ᠢ ᠲᠤᠰ ᠱᠠᠳᠤᠨ ᠤ ᠤᠯᠤᠰ ᠠᠷᠠᠳ ᠤᠨ ᠠᠵᠤ ᠠᠬᠤᠢ ᠪᠠ ᠨᠠᠶᠢᠭᠡᠮ ᠤᠨ ᠬᠦᠭᠵᠢᠯᠲᠡ ᠶᠢᠨ | ᠲᠦᠯᠦᠪᠵᠢᠭᠦᠯᠭᠡ ᠪᠤᠯᠤᠨ ᠤᠨ ᠤ ᠳᠦᠯᠦᠪᠯᠡᠭᠡ ᠳᠡᠭᠡᠨ ᠤᠷᠤᠭᠤᠯᠬᠤ ᠬᠡᠷᠡᠭᠲᠡᠢ᠃ | ᠵᠢᠷᠠᠨ ᠭᠤᠷᠪᠠᠳᠤᠭᠠᠷ ᠵᠦᠢᠯ ᠰᠢᠶᠠᠨ ᠤ ᠱᠠᠳᠤᠨ ᠤ ᠠᠷᠠᠳ ᠤᠨ ᠵᠠᠰᠠᠭ ᠤᠨ ᠤᠷᠳᠤᠨ ᠪᠠ ᠰᠢᠶᠠᠩ ᠤᠨ ᠱᠠᠳᠤᠨ ᠤ | ᠠᠷᠠᠳ ᠤᠨ ᠵᠠᠰᠠᠭ ᠤᠨ ᠤᠷᠳᠤᠨ ᠪᠦᠳᠦᠮᠵᠢᠳᠡᠢ ᠠᠷᠭ᠎ᠠ ᠬᠡᠮᠵᠢᠶ᠎ᠡ ᠠᠪᠴᠤ ᠪᠠᠶᠢᠭᠠᠳ ᠭᠠᠴᠠᠭ᠎ᠠ ᠶᠢᠨ ᠱᠠᠳᠤᠨ ᠤ ᠬᠢᠵᠢᠭ | ᠰᠡᠷᠬᠡᠶᠢᠯᠡᠭᠴᠢ ᠶᠢᠨ ᠡᠩᠨᠡᠭᠡᠨ ᠤ ᠪᠠᠶᠢᠭᠤᠯᠤᠯᠲᠠ ᠶᠢ ᠴᠢᠩᠭᠠᠳᠬᠠᠬᠤ ᠬᠡᠷᠡᠭᠲᠡᠢ᠂ ᠰᠢᠶᠠᠨ ᠤ ᠱᠠᠳᠤᠨ ᠤ ᠠᠷᠠᠳ ᠤᠨ | ᠵᠠᠰᠠᠭ ᠤᠨ ᠤᠷᠳᠤᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠠᠮᠢᠲᠠᠨ ᠤ ᠬᠢᠵᠢᠭ ᠢ ᠰᠡᠷᠬᠡᠶᠢᠯᠡᠬᠦ | ᠠᠵᠢᠯ ᠤᠨ ᠭᠡᠷᠡᠭᠴᠡᠭᠡ ᠪᠠᠨ ᠦᠨᠳᠦᠰᠦᠯᠡᠵᠦ᠂ ᠰᠢᠶᠠᠩ᠂ ᠪᠠᠯᠭᠠᠰᠤ ᠪᠤᠶᠤ ᠤᠨᠴᠠᠭᠠᠢ ᠲᠤᠭᠳᠠᠭᠠᠭᠰᠠᠨ ᠤᠷᠤᠨ ᠳᠤ ᠮᠠᠯ | ᠡᠮᠨᠡᠯᠭᠡ ᠶᠢᠨ ᠪᠠᠶᠢᠭᠤᠯᠤᠮᠵᠢ ᠶᠢ ᠲᠤᠮᠢᠯᠠᠨ ᠰᠠᠭᠤᠯᠭᠠᠵᠤ ᠪᠤᠯᠤᠨ᠎ᠠ᠃ | ᠵᠢᠷᠠᠨ ᠳᠦᠷᠪᠡᠳᠦᠭᠡᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠲᠤᠰ | ᠱᠠᠳᠤᠨ ᠤ ᠵᠠᠰᠠᠭ ᠤᠨ ᠤᠷᠳᠤᠨ ᠤ ᠲᠤᠰᠢᠶᠠᠯ ᠬᠠᠷᠢᠭᠤᠴᠠᠯᠭ᠎ᠠ ᠶᠢᠨ ᠶᠤᠰᠤᠭᠠᠷ ᠠᠮᠢᠲᠠᠨ ᠤ ᠬᠢᠵᠢᠭ ᠡᠪᠡᠳᠴᠢᠨ ᠢ | ᠤᠷᠢᠳᠴᠢᠯᠠᠨ ᠰᠡᠷᠬᠡᠶᠢᠯᠡᠬᠦ᠂ ᠬᠢᠵᠠᠭᠠᠷᠯᠠᠬᠤ᠂ ᠠᠷᠢᠯᠭᠠᠬᠤ᠂ ᠬᠢᠵᠢᠭ ᠤᠨ ᠪᠠᠶᠢᠴᠠᠭᠠᠯᠲᠠ ᠬᠢᠬᠦ ᠪᠠ ᠬᠢᠨᠠᠵᠦ ᠬᠠᠮᠢᠶᠠᠷᠬᠤ | ᠠᠵᠢᠯ ᠳᠤ ᠬᠡᠷᠡᠭᠰᠡᠬᠦ ᠵᠠᠷᠤᠳᠠᠯ ᠢ ᠲᠤᠰ ᠱᠠᠳᠤᠨ ᠤ ᠡᠳ᠋ ᠤᠨ ᠵᠠᠰᠠᠭ ᠤᠨ ᠲᠦᠰᠦᠪ ᠲᠤ ᠤᠷᠤᠭᠤᠯᠬᠤ ᠬᠡᠷᠡᠭᠲᠡᠢ᠃ | ᠵᠢᠷᠡᠨ ᠲᠠᠪᠤᠳᠤᠭᠠᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠠᠮᠢᠲᠠᠨ ᠤ | ᠬᠢᠵᠢᠭ ᠤᠨ ᠪᠠᠶᠢᠳᠠᠯ ᠢ ᠪᠠᠴᠢᠮ ᠠᠷᠭᠠᠴᠠᠵᠤ ᠰᠢᠢᠳᠪᠦᠷᠢᠯᠡᠬᠦ ᠠᠵᠢᠯ ᠳᠤ ᠬᠡᠷᠡᠭᠰᠡᠬᠦ ᠬᠢᠵᠢᠭ ᠢ ᠰᠡᠷᠬᠡᠶᠢᠯᠡᠬᠦ ᠡᠳ᠋ ᠪᠠᠷᠠᠭ᠎ᠠ ᠶᠢ | ᠨᠦᠭᠡᠴᠡᠯᠡᠬᠦ ᠬᠡᠷᠡᠭᠲᠡᠢ᠃ | ᠵᠢᠷᠠᠨ ᠵᠢᠷᠭᠤᠳᠤᠭᠠᠷ ᠵᠦᠢᠯ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠪᠠ ᠬᠢᠵᠠᠭᠠᠷᠯᠠᠬᠤ᠂ | ᠠᠷᠢᠯᠭᠠᠬᠤ ᠶᠠᠪᠤᠴᠠ ᠳᠤ ᠠᠯᠪᠠᠳᠠᠯᠭ᠎ᠠ ᠪᠠᠷ ᠠᠯᠠᠭᠰᠠᠨ ᠠᠮᠢᠲᠠᠨ᠂ ᠤᠰᠠᠳᠬᠠᠭᠰᠠᠨ ᠠᠮᠢᠲᠠᠨ ᠤ ᠠᠰᠢᠭ ᠰᠢᠮ᠎ᠡ ᠪᠤᠯᠤᠨ | ᠬᠤᠯᠪᠤᠭᠳᠠᠯ ᠪᠦᠬᠦᠢ ᠡᠳ᠋ ᠪᠤᠳᠠᠰ ᠲᠤ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠠᠴᠠ | ᠲᠦᠯᠦᠪᠦᠷᠢ ᠦᠭᠬᠦ ᠬᠡᠷᠡᠭᠲᠡᠢ᠂ ᠲᠦᠯᠦᠪᠦᠷᠢ ᠦᠭᠬᠦ ᠪᠤᠳᠠᠳᠠᠢ ᠪᠠᠷᠢᠮᠵᠢᠶ᠎ᠡ ᠪᠠ ᠠᠷᠭ᠎ᠠ ᠶᠢ ᠲᠦᠷᠦ ᠶᠢᠨ ᠶᠠᠪᠤᠳᠠᠯ ᠤᠨ | ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠬᠤᠯᠪᠤᠭᠳᠠᠯ ᠪᠦᠬᠦᠢ ᠰᠠᠯᠠᠭ᠎ᠠ ᠮᠦᠴᠢᠷ ᠲᠠᠢ ᠬᠠᠮᠳᠤᠷᠠᠨ | ᠳᠤᠭᠳᠠᠭᠠᠨ᠎ᠠ᠂ ᠬᠠᠤᠯᠢ ᠶᠤᠰᠤᠭᠠᠷ ᠠᠯᠪᠠᠳᠠᠯᠭ᠎ᠠ ᠶᠢᠨ ᠴᠠᠷᠤᠯᠲᠠ ᠬᠢᠭᠰᠡᠨ ᠠᠴᠠ ᠪᠤᠯᠵᠤ ᠠᠮᠢᠲᠠᠨ ᠰᠡᠷᠡᠯᠵᠢᠵᠦ ᠦᠬᠦᠭᠰᠡᠨ | ᠪᠠᠶᠢᠪᠠᠯ ᠲᠦᠯᠦᠪᠦᠷᠢ ᠦᠭᠬᠦᠨ᠎ᠡ ᠳ᠋ᠦ᠋ᠯᠦᠪᠦᠷᠢ ᠦᠭᠬᠦ ᠪᠤᠳᠠᠳᠠᠢ ᠪᠠᠷᠢᠮᠵᠢᠶ᠎ᠡ ᠪᠠ ᠠᠷᠭ᠎ᠠ ᠶᠢ ᠲᠦᠷᠦ ᠶᠢᠨ ᠶᠠᠪᠤᠳᠠᠯ ᠤᠨ | ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠬᠤᠯᠪᠤᠭᠳᠠᠯ ᠪᠦᠬᠦᠢ ᠰᠠᠯᠠᠭ᠎ᠠ ᠮᠦᠴᠢᠷ ᠲᠠᠢ ᠬᠠᠮᠳᠤᠷᠠᠨ | ᠲᠤᠭᠳᠠᠭᠠᠨ᠎ᠠ᠃ | ᠵᠢᠷᠠᠨ ᠳᠤᠯᠤᠳᠤᠭᠠᠷ ᠵᠦᠢᠯ ᠠᠮᠢᠲᠠᠨ ᠤ ᠬᠢᠵᠢᠭ ᠡᠪᠡᠳᠴᠢᠨ ᠳᠤ ᠤᠷᠢᠳᠴᠢᠯᠠᠨ ᠰᠡᠷᠬᠡᠶᠢᠯᠡᠯᠲᠡ ᠬᠢᠬᠦ᠂ ᠬᠢᠵᠢᠭ ᠤᠨ | ᠪᠠᠶᠢᠴᠠᠭᠠᠯᠲᠠ ᠬᠢᠬᠦ᠂ ᠬᠢᠨᠠᠨ ᠪᠠᠶᠢᠴᠠᠭᠠᠯᠲᠠ ᠬᠢᠬᠦ᠂ ᠲᠤᠬᠠᠢ ᠶᠢᠨ ᠲᠠᠯᠠᠪᠤᠷ ᠲᠤᠨᠢ ᠬᠢᠵᠢᠭ ᠤᠨ ᠪᠠᠶᠢᠳᠠᠯ ᠢ ᠰᠢᠢᠳᠪᠦᠷᠢᠯᠡᠬᠦ | ᠠᠵᠢᠯ ᠬᠢᠬᠦ ᠵᠢᠴᠢ ᠠᠵᠢᠯ ᠤᠨ ᠳᠤᠮᠳᠠ ᠪᠠᠨ ᠠᠮᠢᠲᠠᠨ ᠤ ᠬᠢᠵᠢᠭ ᠡᠪᠡᠳᠴᠢᠨ ᠤ ᠡᠪᠡᠳᠴᠢᠨ ᠡᠭᠦᠰᠭᠡᠭᠴᠢ ᠲᠠᠢ ᠬᠥᠷᠥᠯᠴᠡᠬᠦ | ᠬᠦᠮᠦᠨ ᠳᠤ ᠬᠤᠯᠪᠤᠭᠳᠠᠯ ᠪᠦᠬᠦᠢ ᠨᠢᠭᠡᠴᠢ ᠠᠴᠠ ᠤᠯᠤᠰ ᠤᠨ ᠲᠤᠭᠳᠠᠭᠠᠯ ᠶᠤᠰᠤᠭᠠᠷ ᠡᠷᠡᠭᠦᠯ ᠬᠠᠮᠠᠭᠠᠯᠠᠯ ᠤᠨ ᠰᠡᠷᠬᠡᠶᠢᠯᠡᠨ | ᠬᠠᠮᠠᠭᠠᠯᠠᠯᠲᠠ ᠶᠢᠨ ᠪᠦᠳᠦᠮᠵᠢᠲᠡᠢ ᠠᠷᠭ᠎ᠠ ᠬᠡᠮᠵᠢᠶ᠎ᠡ ᠪᠠ ᠡᠮᠴᠢᠯᠡᠭᠡ ᠡᠷᠡᠭᠦᠯᠵᠢᠯ ᠤᠨ ᠪᠦᠳᠦᠮᠵᠢᠲᠡᠢ ᠠᠷᠭ᠎ᠠ ᠬᠡᠮᠵᠢᠶ᠎ᠡ ᠠᠪᠬᠤ | ᠬᠡᠷᠡᠭᠲᠡᠢ᠃ | ᠶᠢᠰᠦᠳᠦᠭᠡᠷ ᠪᠦᠯᠦᠭ ᠬᠠᠤᠯᠢ ᠴᠠᠭᠠᠵᠠ ᠶᠢᠨ ᠬᠠᠷᠢᠭᠤᠴᠠᠯᠭ᠎ᠠ | ᠵᠢᠷᠠᠨ ᠨᠠᠢᠮᠠᠳᠤᠭᠠᠷ ᠵᠦᠢᠯ ᠤᠷᠤᠨ ᠨᠤᠲᠤᠭ ᠤᠨ ᠡᠯ᠎ᠡ ᠱᠠᠳᠤᠨ ᠤ ᠠᠷᠠᠳ ᠤᠨ ᠵᠠᠰᠠᠭ ᠤᠨ ᠤᠷᠳᠤᠨ ᠵᠢᠴᠢ | ᠲᠡᠭᠦᠨ ᠤ ᠠᠵᠢᠯᠲᠠᠨ ᠲᠤᠰ ᠬᠠᠤᠯᠢ ᠶᠢᠨ ᠲᠤᠭᠳᠠᠭᠠᠯ ᠶᠤᠰᠤᠭᠠᠷ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠭᠰᠡᠨ ᠦᠭᠡᠢ | ᠪᠠᠶᠢᠪᠠᠯ᠂ ᠰᠢᠭᠤᠳ ᠬᠠᠷᠢᠭᠤᠴᠠᠵᠤ ᠪᠠᠶᠢᠭ᠎ᠠ ᠡᠷᠬᠢᠯᠡᠨ ᠬᠠᠮᠢᠶᠠᠷᠬᠤ ᠬᠦᠮᠦᠨ ᠪᠠ ᠰᠢᠭᠤᠳ ᠬᠠᠷᠢᠭᠤᠴᠠᠯᠭ᠎ᠠ ᠲᠠᠢ ᠪᠤᠰᠤᠳ | ᠬᠦᠮᠦᠨ ᠳᠤ ᠬᠠᠤᠯᠢ ᠶᠤᠰᠤᠭᠠᠷ ᠰᠢᠢᠳᠭᠡᠯ ᠦᠭᠭᠦᠨ᠎ᠡ᠃ | ᠵᠢᠷᠠ ᠶᠢᠰᠦᠳᠦᠭᠡᠷ ᠵᠦᠢᠯ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠤ ᠮᠠᠯ | ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠵᠢᠴᠢ ᠲᠡᠭᠦᠨ ᠤ ᠠᠵᠢᠯᠳᠠᠨ ᠲᠤᠰ ᠬᠠᠤᠯᠢ ᠶᠢᠨ ᠲᠤᠭᠳᠠᠭᠠᠯ ᠢ | ᠵᠦᠷᠢᠴᠡᠵᠦ᠂ ᠳᠤᠤᠷ᠎ᠠ ᠵᠢᠭᠰᠠᠭᠠᠭᠰᠠᠨ ᠦᠢᠯᠡ ᠠᠵᠢᠯᠯᠠᠭ᠎ᠠ ᠶᠢᠨ ᠨᠢᠭᠡ ᠶᠢ ᠬᠢᠭᠰᠡᠨ ᠪᠠᠶᠢᠪᠠᠯ᠂ ᠲᠤᠰ ᠱᠠᠳᠤᠨ ᠤ | ᠠᠷᠠᠳ ᠤᠨ ᠵᠠᠰᠠᠭ ᠤᠨ ᠤᠷᠳᠤᠨ ᠠᠴᠠ ᠵᠠᠷᠯᠢᠭᠳᠠᠨ ᠵᠠᠯᠠᠷᠠᠭᠤᠯᠤᠭᠤᠯᠵᠤ᠂ ᠵᠠᠷᠯᠠᠨ ᠰᠢᠬᠦᠮᠵᠢᠯᠡᠨ᠎ᠡ︔ ᠰᠢᠭᠤᠳ | ᠬᠠᠷᠢᠭᠤᠴᠠᠵᠤ ᠪᠠᠶᠢᠭ᠎ᠠ ᠡᠷᠬᠢᠯᠡᠨ ᠬᠠᠮᠢᠶᠠᠷᠬᠤ ᠬᠦᠮᠦᠨ ᠪᠠ ᠰᠢᠭᠤᠳ ᠬᠠᠷᠢᠭᠤᠴᠠᠯᠭ᠎ᠠ ᠲᠠᠢ ᠪᠤᠰᠤᠳ ᠬᠦᠮᠦᠨ ᠳᠤ ᠬᠠᠤᠯᠢ | ᠶᠤᠰᠤᠭᠠᠷ ᠰᠢᠢᠳᠭᠡᠯ ᠦᠭᠬᠦᠨ᠎ᠡ᠄ | ︵ᠨᠢᠭᠡ︶ ᠰᠡᠷᠬᠡᠶᠢᠯᠡᠬᠦ᠂ ᠬᠢᠵᠠᠭᠠᠷᠯᠠᠬᠤ᠂ ᠠᠷᠢᠯᠭᠠᠬᠤ ᠵᠡᠷᠭᠡ ᠠᠷᠭ᠎ᠠ ᠬᠡᠮᠵᠢᠶ᠎ᠡ ᠶᠢ ᠴᠠᠭ ᠲᠤᠬᠠᠢ ᠳᠤᠨᠢ ᠠᠪᠤᠭᠰᠠᠨ | ᠦᠭᠡᠢ᠃ | ︵ᠬᠤᠶᠠᠷ︶ ᠨᠦᠭᠦᠴᠡᠯ ᠳᠤ ᠨᠡᠶᠢᠴᠡᠭᠦ ᠦᠭᠡᠢ ᠪᠠᠶᠢᠳᠠᠯ᠎ᠠ ᠠᠮᠢᠲᠠᠨ ᠤ ᠬᠢᠵᠢᠭ ᠢ ᠰᠡᠷᠬᠡᠶᠢᠯᠡᠬᠦ ᠨᠦᠭᠦᠴᠡᠯ ᠳᠤ | ᠨᠠᠶᠢᠴᠡᠭᠰᠡᠨ ᠦᠨᠡᠮᠯᠡᠯ᠂ ᠠᠮᠢᠲᠠᠨ ᠢ ᠤᠨᠤᠰᠢᠯᠠᠨ ᠡᠮᠨᠡᠬᠦ ᠵᠦᠪᠰᠢᠶᠠᠷᠠᠯ ᠤᠨ ᠦᠨᠡᠮᠯᠡᠯ ᠤᠯᠭᠤᠭᠰᠠᠨ᠂ ᠡᠰᠡᠭᠦᠯ᠎ᠠ | ᠨᠦᠭᠦᠴᠡᠯ ᠳᠤ ᠨᠡᠶᠢᠴᠡᠭᠰᠡᠨ ᠪᠠᠶᠢᠳᠠᠯ᠎ᠠ ᠠᠮᠢᠲᠠᠨ ᠤ ᠬᠢᠵᠢᠭ ᠢ ᠰᠡᠷᠬᠡᠶᠢᠯᠡᠬᠦ ᠨᠦᠭᠦᠴᠡᠯ ᠳᠤ ᠨᠠᠶᠢᠴᠡᠭᠰᠡᠨ ᠦᠨᠡᠮᠯᠡᠯ᠂ | ᠠᠮᠢᠲᠠᠨ ᠢ ᠤᠨᠤᠰᠢᠯᠠᠨ ᠡᠮᠨᠡᠬᠦ ᠵᠦᠪᠰᠢᠶᠠᠷᠠᠯ ᠤᠨ ᠦᠨᠡᠮᠯᠡᠯ ᠤᠯᠭᠤᠭᠰᠠᠨ ᠦᠭᠡᠢ︔ | ︵ᠭᠤᠷᠪᠠ︶ ᠲᠤᠰ ᠬᠠᠤᠯᠢ ᠶᠢᠨ ᠲᠤᠭᠳᠠᠭᠠᠯ ᠶᠤᠰᠤᠭᠠᠷ ᠲᠤᠰᠢᠶᠠᠯ ᠬᠠᠷᠢᠭᠤᠴᠠᠯᠭ᠎ᠠ ᠪᠠᠨ ᠦᠯᠦ ᠭᠦᠢᠴᠡᠳᠬᠡᠭᠰᠡᠨ | ᠪᠤᠰᠤᠳ ᠦᠢᠯᠡ ᠠᠵᠢᠯᠯᠠᠭ᠎ᠠ᠃ | ᠳᠠᠯᠠᠳᠤᠭᠠᠷ ᠵᠦᠢᠯ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠵᠢᠴᠢ ᠲᠡᠭᠦᠨ ᠤ | ᠠᠵᠢᠯᠳᠠᠨ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠳᠤᠤᠷ᠎ᠠ ᠵᠢᠭᠰᠠᠭᠠᠭᠰᠠᠨ ᠦᠢᠯᠡ ᠠᠵᠢᠯᠯᠠᠭ᠎ᠠ ᠶᠢᠨ ᠨᠢᠭᠡ ᠶᠢ | ᠬᠢᠭᠰᠡᠨ ᠪᠠᠶᠢᠪᠠᠯ᠂ ᠲᠤᠰ ᠱᠠᠳᠤᠨ ᠤ ᠠᠷᠠᠳ ᠤᠨ ᠵᠠᠰᠠᠭ ᠤᠨ ᠤᠷᠳᠤᠨ ᠪᠤᠶᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ | ᠰᠠᠯᠠᠭ᠎ᠠ ᠮᠦᠴᠢᠷ ᠠᠴᠠ ᠵᠠᠷᠯᠢᠭᠳᠠᠠ ᠵᠠᠯᠠᠷᠠᠭᠤᠯᠤᠭᠤᠯᠵᠤ᠂ ᠵᠠᠷᠯᠠᠨ ᠰᠢᠬᠦᠮᠵᠢᠯᠡᠨ᠎ᠡ︔ ᠰᠢᠭᠤᠳ ᠬᠠᠷᠢᠭᠤᠴᠠᠵᠤ ᠪᠠᠶᠢᠭ᠎ᠠ | ᠡᠷᠬᠢᠯᠡᠨ ᠬᠠᠮᠢᠶᠠᠷᠬᠤ ᠬᠦᠮᠦᠨ ᠪᠠ ᠰᠢᠭᠤᠳ ᠬᠠᠷᠢᠭᠤᠴᠠᠯᠭ᠎ᠠ ᠲᠠᠢ ᠪᠤᠰᠤᠳ ᠬᠦᠮᠦᠨ ᠳᠤ ᠬᠠᠤᠯᠢ ᠶᠤᠰᠤᠭᠠᠷ ᠰᠢᠢᠳᠭᠡᠯ | ᠦᠭᠬᠦᠨ᠎ᠡ᠄ | ︵ᠨᠢᠭᠡ︶ ᠲᠤᠬᠠᠢ ᠶᠢᠨ ᠲᠠᠯᠠᠪᠤᠷ ᠤᠨ ᠬᠢᠵᠢᠭ ᠤᠨ ᠪᠠᠶᠢᠴᠠᠭᠠᠯᠲᠠ ᠬᠢᠯᠭᠡᠭᠰᠡᠨ ᠦᠭᠡᠢ ᠪᠤᠶᠤ ᠬᠢᠵᠢᠭ ᠤᠨ | ᠪᠠᠶᠢᠴᠠᠭᠠᠯᠳᠠ ᠳᠤ ᠬᠢᠷᠢ ᠲᠡᠩᠴᠡᠭᠰᠡᠨ ᠦᠭᠡᠢ ᠠᠮᠢᠲᠠᠨ᠂ ᠠᠮᠢᠲᠠᠨ ᠤ ᠠᠰᠢᠭ ᠰᠢᠮ᠎ᠡ ᠳᠤ ᠬᠢᠵᠢᠭ ᠤᠨ ᠪᠠᠶᠢᠴᠠᠭᠠᠯᠲᠠ | ᠬᠢᠭᠰᠡᠨ ᠭᠡᠷᠡᠴᠢᠯᠡᠯ ᠤᠯᠭᠤᠵᠤ᠂ ᠬᠢᠵᠢᠭ ᠤᠨ ᠪᠠᠶᠢᠴᠠᠭᠠᠯᠲᠠ ᠬᠢᠭᠰᠡᠨ ᠳᠡᠮᠳᠡᠭ ᠲᠠᠯᠪᠢᠭᠰᠠᠨ᠂ ᠡᠰᠡᠭᠦᠯ᠎ᠡ ᠬᠢᠵᠢᠭ ᠤᠨ | ᠪᠠᠶᠢᠴᠠᠭᠠᠯᠲᠠ ᠳᠤ ᠬᠢᠷᠢ ᠲᠡᠩᠴᠡᠭᠰᠡᠨ ᠠᠮᠢᠲᠠᠨ᠂ ᠠᠮᠢᠲᠠᠨ ᠤ ᠠᠰᠢᠭ ᠰᠢᠮ᠎ᠡ ᠳᠤ ᠬᠢᠵᠢᠭ ᠤᠨ ᠪᠠᠶᠢᠴᠠᠭᠠᠯᠲᠠ ᠬᠢᠭᠰᠡᠨ | ᠭᠡᠷᠡᠴᠢᠯᠡᠯ ᠤᠯᠭᠤᠭᠰᠠᠨ ᠦᠭᠡᠢ᠂ ᠬᠢᠵᠢᠭ ᠤᠨ ᠪᠠᠶᠢᠴᠠᠭᠠᠯᠲᠠ ᠬᠢᠭᠰᠡᠨ ᠳᠡᠮᠳᠡᠭ ᠲᠠᠯᠪᠢᠭᠰᠠᠨ ᠦᠭᠡᠢ︔ | ︵ᠬᠤᠶᠠᠷ︶ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ᠂ ᠬᠢᠵᠢᠭ ᠤᠨ ᠪᠠᠶᠢᠴᠠᠭᠠᠯᠲᠠ ᠬᠢᠭᠰᠡᠨ ᠳᠡᠮᠳᠡᠭ ᠲᠠᠢ | ᠠᠮᠢᠲᠠᠨ᠂ ᠠᠮᠢᠲᠠᠨ ᠤ ᠠᠰᠢᠭ ᠰᠢᠮ᠎ᠡ ᠳᠤ ᠬᠢᠵᠢᠭ ᠤᠨ ᠪᠠᠶᠢᠴᠠᠭᠠᠯᠲᠠ ᠶᠢ ᠳᠠᠪᠬᠤᠷᠳᠠᠭᠤᠯᠤᠨ ᠬᠢᠭᠰᠡᠨ︔ | ︵ᠭᠤᠷᠪᠠ︶ ᠠᠮᠢᠲᠠᠨ ᠤ ᠬᠢᠵᠢᠭ ᠢ ᠰᠡᠷᠬᠡᠶᠢᠯᠡᠬᠦ ᠳᠤ ᠬᠤᠯᠪᠤᠭᠳᠠᠬᠤ ᠡᠵᠡᠩᠨᠡᠯᠲᠡ ᠶᠢᠨ ᠴᠢᠨᠡᠷᠲᠠᠢ ᠠᠵᠢᠯᠯᠠᠭ᠎ᠠ | ᠬᠢᠭᠰᠡᠨ᠂ ᠡᠰᠡᠭᠦᠯ᠎ᠡ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ᠂ ᠪᠠᠷᠠᠭᠠᠨ ᠤ | ᠦᠨ᠎ᠡ ᠶᠢ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠳᠠᠭᠠᠯ ᠠᠴᠠ ᠭᠠᠳᠠᠭᠤᠷ ᠰᠦᠢᠳᠬᠡᠯ ᠨᠡᠮᠡᠵᠦ ᠬᠤᠷᠢᠶᠠᠬᠰᠠᠨ᠂ | ᠳᠠᠪᠬᠤᠷᠳᠠᠭᠤᠯᠤᠨ ᠰᠦᠢᠳᠬᠡᠯ ᠬᠤᠷᠢᠶᠠᠬᠰᠠᠨ︔ | ︵ᠳᠦᠷᠪᠡ︶ ᠲᠤᠰ ᠬᠠᠤᠯᠢ ᠶᠢᠨ ᠲᠤᠭᠳᠠᠭᠠᠯ ᠶᠤᠰᠤᠭᠠᠷ ᠲᠤᠰᠢᠶᠠᠯ ᠬᠠᠷᠢᠭᠤᠴᠠᠯᠭ᠎ᠠ ᠪᠠᠨ ᠦᠯᠦ ᠭᠦᠢᠴᠡᠳᠬᠡᠭᠰᠡᠨ | ᠪᠤᠰᠤᠳ ᠦᠢᠯᠡ ᠠᠵᠢᠯᠯᠠᠭ᠎ᠠ᠃ | ᠳᠠᠯᠨᠨ ᠨᠢᠭᠡᠳᠦᠭᠡᠷ ᠵᠦᠢᠯ ᠠᠮᠢᠲᠠᠨ ᠤ ᠬᠢᠵᠢᠭ ᠡᠪᠡᠳᠴᠢᠨ ᠢ ᠰᠡᠷᠬᠡᠶᠢᠯᠡᠨ ᠬᠢᠵᠠᠭᠠᠷᠯᠠᠬᠤ ᠪᠠᠶᠢᠭᠤᠯᠤᠮᠵᠢ ᠵᠢᠴᠢ | ᠲᠡᠭᠦᠨ ᠤ ᠠᠵᠢᠯᠳᠠᠨ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠳᠤᠤᠷ᠎ᠡ ᠵᠢᠭᠰᠠᠭᠠᠭᠰᠠᠨ ᠦᠢᠯᠡ ᠠᠵᠢᠯᠯᠠᠭ᠎ᠠ ᠶᠢᠨ | ᠨᠢᠭᠡ ᠶᠢ ᠭᠢᠭᠰᠡᠨ ᠪᠠᠶᠢᠪᠠᠯ᠂ ᠲᠤᠰ ᠱᠠᠳᠤᠨ ᠤ ᠠᠷᠠᠳ ᠤᠨ ᠵᠠᠰᠠᠭ ᠤᠨ ᠤᠷᠳᠤᠨ ᠪᠤᠶᠤ ᠮᠠᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠠᠴᠠ ᠵᠠᠷᠯᠢᠭᠳᠠᠡ ᠵᠠᠯᠠᠷᠠᠭᠤᠯᠤᠭᠤᠯᠵᠤ᠂ ᠵᠠᠷᠯᠠᠨ ᠰᠢᠬᠦᠮᠵᠢᠯᠡᠨ᠎ᠡ︔ ᠰᠢᠭᠤᠳ ᠬᠠᠷᠢᠭᠤᠴᠠᠵᠤ | ᠪᠠᠶᠢᠭ᠎ᠠ ᠡᠷᠬᠢᠯᠡᠨ ᠬᠠᠮᠢᠶᠠᠷᠬᠤ ᠬᠦᠮᠦᠨ ᠪᠠ ᠰᠢᠭᠤᠳ ᠬᠠᠷᠢᠭᠤᠴᠠᠯᠭ᠎ᠠ ᠲᠠᠢ ᠪᠤᠰᠤᠳ ᠬᠦᠮᠦᠨ ᠳᠤ ᠬᠠᠤᠯᠢ ᠶᠤᠰᠤᠭᠠᠷ | ᠰᠢᠢᠳᠭᠡᠯ ᠦᠭᠬᠦᠨ᠎ᠡ᠄ | ︵ᠨᠢᠭᠡ︶ ᠠᠮᠢᠲᠠᠨ ᠤ ᠬᠢᠵᠢᠭ ᠡᠪᠡᠳᠴᠢᠨ ᠢ ᠬᠢᠨᠠᠨ ᠬᠡᠮᠵᠢᠬᠦ᠂ ᠰᠢᠯᠭᠠᠨ ᠬᠡᠮᠵᠢᠬᠦ ᠲᠤᠰᠢᠶᠠᠯ ᠬᠠᠷᠢᠭᠤᠴᠠᠯᠭ᠎ᠠ ᠪᠠᠨ | ᠭᠦᠢᠴᠡᠳᠬᠡᠭᠰᠡᠨ ᠦᠭᠡᠢ ᠪᠤᠶᠤ ᠬᠢᠨᠠᠨ ᠬᠡᠮᠵᠢᠭᠰᠡᠨ᠂ ᠰᠢᠯᠭᠠᠨ ᠬᠡᠮᠵᠢᠭᠰᠡᠨ ᠳ᠋ᠦᠩ ᠢ ᠬᠠᠭᠤᠷᠮᠠᠭᠯᠠᠨ ᠵᠤᠬᠢᠶᠠᠭᠰᠨᠨ︔ | ︵ᠬᠤᠶᠠᠷ︶ ᠠᠮᠢᠲᠠᠨ ᠤ ᠬᠢᠵᠢᠭ ᠤᠨ ᠪᠠᠶᠢᠳᠠᠯ ᠡᠭᠦᠰᠦᠭᠰᠡᠨ ᠦᠶ᠎ᠡ ᠳᠤ ᠴᠠᠭ ᠲᠤᠬᠠᠢ ᠳᠤᠨᠢ ᠤᠨᠤᠰᠢᠯᠠᠵᠤ᠂ | ᠪᠠᠶᠢᠴᠠᠭᠠᠯᠲᠠ ᠬᠢᠭᠰᠡᠨ ᠦᠭᠡᠢ︔ | ︵ᠭᠤᠷᠪᠠ︶ ᠲᠤᠰ ᠬᠠᠤᠯᠢ ᠶᠢᠨ ᠲᠤᠭᠲᠠᠭᠠᠯ ᠶᠤᠰᠤᠭᠠᠷ ᠲᠤᠰᠢᠶᠠᠯ ᠬᠠᠷᠢᠭᠤᠴᠠᠯᠭ᠎ᠠ ᠪᠠᠨ ᠦᠯᠦ ᠭᠦᠢᠴᠡᠳᠬᠡᠭᠰᠡᠨ | ᠪᠤᠰᠤᠳ ᠦᠢᠯᠡ ᠠᠵᠢᠯᠯᠠᠭ᠎ᠠ᠃ | ᠳᠠᠯᠨᠨ ᠬᠤᠶᠠᠳᠤᠭᠠᠷ ᠵᠦᠢᠯ ᠤᠷᠤᠨ ᠨᠤᠳᠤᠭ ᠤᠨ ᠡᠯ᠎ᠡ ᠱᠠᠳᠤᠨ ᠤ ᠠᠷᠠᠳ ᠤᠨ ᠵᠠᠰᠠᠭ ᠤᠨ ᠤᠷᠳᠤᠨ᠂ | ᠬᠤᠯᠪᠤᠭᠳᠠᠯ ᠪᠦᠬᠦᠢ ᠰᠠᠯᠠᠭ᠎ᠠ ᠮᠦᠴᠢᠷ ᠵᠢᠴᠢ ᠲᠡᠭᠦᠨ ᠤ ᠠᠵᠢᠯᠳᠠᠨ ᠠᠮᠢᠲᠠᠨ ᠤ ᠬᠢᠵᠢᠭ ᠤᠨ ᠪᠠᠶᠢᠳᠠᠯ ᠢ ᠮᠡᠳᠡᠭᠦᠯᠬᠦ ᠦᠭᠡᠢ | ᠨᠢᠭᠤᠬᠤ᠂ ᠬᠤᠳᠠᠯ ᠢᠶᠠᠷ ᠮᠡᠳᠡᠭᠦᠯᠬᠦ᠂ ᠤᠳᠠᠭᠠᠰᠢᠷᠠᠭᠤᠯᠤᠨ ᠮᠡᠳᠡᠭᠦᠯᠬᠦ᠂ ᠣᠷᠬᠢᠭᠳᠠᠭᠤᠯᠤᠨ ᠮᠡᠳᠡᠭᠦᠯᠬᠦ ᠪᠤᠶᠤ ᠮᠡᠳᠡᠭᠦᠯᠬᠦ | ᠦᠭᠡᠢ ᠨᠢᠭᠤᠬᠤ᠂ ᠬᠤᠳᠠᠯ ᠢᠶᠠᠷ ᠮᠡᠳᠡᠭᠦᠯᠬᠦ᠂ ᠤᠳᠠᠭᠠᠰᠢᠷᠠᠭᠤᠯᠤᠨ ᠮᠡᠳᠡᠭᠦᠯᠭᠦ ᠪᠠᠷ ᠪᠤᠰᠤᠳ ᠬᠦᠮᠦᠨ ᠳᠤ ᠰᠠᠨᠠᠭᠤᠯᠤᠭᠰᠠᠨ᠂ | ᠡᠰᠡᠭᠦᠯ᠎ᠡ ᠪᠤᠰᠤᠳ ᠬᠦᠮᠦᠨ ᠤ ᠠᠮᠢᠲᠠᠨ ᠤ ᠬᠢᠵᠢᠭ ᠤᠨ ᠪᠠᠶᠢᠳᠠᠯ ᠢ ᠮᠡᠳᠡᠭᠦᠯᠬᠦ ᠶᠢ ᠬᠠᠷᠰᠢᠯᠠᠭᠰᠠᠨ ᠪᠠᠶᠢᠪᠠᠯ᠂ ᠳᠡᠭᠡᠷ᠎ᠡ | ᠱᠠᠳᠤᠨ ᠤ ᠠᠷᠠᠳ ᠤᠨ ᠵᠠᠰᠠᠭ ᠤᠨ ᠤᠷᠳᠤᠨ ᠪᠤᠶᠤ ᠬᠤᠯᠪᠤᠭᠳᠠᠯ ᠪᠦᠬᠦᠢ ᠰᠠᠯᠠᠭ᠎ᠠ ᠮᠦᠴᠢᠷ ᠠᠴᠠ ᠵᠠᠷᠯᠢᠭᠳᠠᠨ | ᠵᠠᠯᠠᠷᠠᠭᠤᠯᠤᠭᠤᠯᠵᠦ᠂ ᠵᠠᠷᠯᠠᠨ ᠰᠢᠭᠦᠮᠵᠢᠯᠡᠨ᠎ᠠ︔ ᠰᠢᠭᠤᠳ ᠬᠠᠷᠢᠭᠤᠴᠠᠵᠤ ᠪᠠᠶᠢᠭ᠎ᠠ ᠡᠷᠬᠢᠯᠡᠨ ᠬᠠᠮᠢᠶᠠᠷᠬᠤ ᠬᠦᠮᠦᠨ ᠪᠠ | ᠰᠢᠭᠤᠳ ᠬᠠᠷᠢᠭᠤᠴᠠᠯᠭ᠎ᠠ ᠲᠠᠢ ᠪᠤᠰᠤᠳ ᠬᠦᠮᠦᠨ ᠳᠤ ᠬᠠᠤᠯᠢ ᠶᠤᠰᠤᠭᠠᠷ ᠰᠢᠢᠳᠭᠡᠯ ᠦᠭᠭᠦᠨ᠎ᠡ᠃ | ᠳᠠᠯᠨᠨ ᠭᠤᠷᠪᠠᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠳᠤᠤᠷ᠎ᠠ ᠵᠢᠭᠰᠠᠭᠠᠭᠰᠠᠨ ᠦᠢᠯᠡ | ᠠᠵᠢᠯᠯᠠᠭ᠎ᠠ ᠶᠢᠨ ᠨᠢᠭᠡ ᠶᠢ ᠬᠢᠭᠰᠡᠨ ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ ᠬᠢᠨᠡᠯᠳᠡ ᠳᠠᠯᠪᠢᠬᠤ ᠪᠠᠶᠢᠭᠤᠯᠤᠮᠵᠢ ᠠᠴᠠ | ᠵᠠᠷᠯᠢᠭᠳᠠᠨ ᠵᠠᠯᠠᠷᠠᠭᠤᠯᠤᠭᠤᠯᠵᠤ᠂ ᠳᠣᠩᠭᠤᠳᠤᠨ᠎ᠠ︔ ᠵᠠᠯᠠᠷᠠᠭᠤᠯᠬᠤ ᠶᠢ ᠳᠡᠪᠴᠢᠭᠰᠡᠨ ᠪᠠᠶᠢᠪᠠᠯ᠂ ᠠᠮᠢᠲᠠᠨ ᠤ ᠡᠷᠡᠭᠦᠯ | ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ ᠤᠷᠤᠯᠠᠨ ᠰᠢᠢᠳᠪᠦᠷᠢᠯᠡᠵᠦ᠂ ᠰᠢᠢᠳᠪᠦᠷᠢᠯᠡᠬᠦ ᠳᠤ ᠬᠡᠷᠡᠭᠰᠡᠬᠦ | ᠵᠠᠷᠤᠳᠡᠯ ᠢ ᠬᠠᠤᠯᠢ ᠶᠢ ᠵᠦᠷᠢᠴᠡᠭᠰᠡᠨ ᠦᠢᠯᠡ ᠠᠵᠢᠯᠯᠠᠭᠠᠲᠠᠨ ᠡᠭᠦᠷᠭᠡᠯᠡᠨ᠎ᠡ᠂ ᠮᠢᠩᠭᠠᠨ ᠲᠦᠭᠦᠷᠢᠭ ᠠᠴᠠ ᠳᠤᠭᠤᠭᠰᠢ | ᠵᠤᠭᠤᠰ ᠢᠶᠠᠷ ᠲᠤᠷᠭᠠᠬᠤ ᠪᠠᠷ ᠰᠢᠳᠬᠡᠵᠦ ᠪᠤᠯᠤᠨ᠎ᠠ᠄ | ︵ᠨᠢᠭᠡ︶ ᠳᠡᠵᠢᠭᠡᠵᠦ ᠪᠠᠶᠢᠭ᠎ᠠ ᠠᠮᠢᠲᠠᠨ ᠳᠠᠭᠠᠨ ᠠᠮᠢᠲᠠᠨ ᠤ ᠬᠢᠵᠢᠭ ᠡᠪᠡᠳᠴᠢᠨ ᠳᠤ ᠠᠯᠪᠠᠳᠠᠯᠭ᠎ᠠ ᠪᠠᠷ ᠴᠠᠷᠤᠯᠲᠠ | ᠬᠢᠬᠦ ᠲᠦᠯᠦᠪᠯᠡᠭᠡ ᠶᠤᠰᠤᠭᠠᠷ ᠴᠠᠷᠤᠯᠲᠠ ᠶᠢᠨ ᠲᠠᠷᠢᠯᠭ᠎ᠠ ᠬᠢᠯᠭᠡᠭᠰᠡᠨ ᠦᠭᠡᠢ︔ | ︵ᠬᠤᠶᠠᠷ︶ ᠡᠭᠦᠯᠳᠡᠷ ᠤᠨ᠂ ᠰᠠᠭᠠᠯᠢ ᠶᠢᠨ ᠠᠮᠢᠲᠠᠨ ᠢ ᠰᠢᠯᠭᠠᠨ ᠬᠡᠮᠵᠢᠭᠰᠡᠨ ᠦᠭᠡᠢ ᠪᠤᠶᠤ ᠰᠢᠯᠭᠠᠨ ᠬᠡᠮᠵᠢᠭᠡᠳ | ᠬᠢᠷᠢ ᠲᠡᠩᠴᠡᠭᠰᠡᠨ ᠦᠭᠡᠢ ᠪᠠᠶᠢᠳᠠᠯ᠎ᠠ ᠳᠤᠭᠲᠠᠭᠠᠯ ᠶᠤᠰᠤᠭᠠᠷ ᠰᠢᠢᠳᠪᠦᠷᠢᠯᠡᠭᠰᠡᠨ ᠦᠭᠡᠢ︔ | ︵ᠭᠤᠷᠪᠠ︶ ᠠᠮᠢᠲᠠᠨ᠂ ᠠᠮᠢᠲᠠᠨ ᠤ ᠠᠰᠢᠭ ᠰᠢᠮ᠎ᠡ ᠶᠢ ᠳᠡᠭᠡᠭᠡᠪᠦᠷᠢᠯᠡᠬᠦ ᠪᠠᠭᠠᠵᠢ ᠬᠡᠷᠡᠭᠰᠡᠯ ᠢ ᠠᠴᠢᠶᠠᠯᠠᠬᠤ ᠠᠴᠠ | ᠡᠮᠦᠨ᠎ᠡ ᠪᠠ ᠠᠴᠢᠶ᠎ᠠ ᠪᠠᠭᠤᠯᠭᠠᠭᠰᠠᠨ ᠤ ᠳᠠᠷᠠᠭ᠎ᠠ ᠴᠠᠭ ᠲᠤᠬᠠᠢ ᠳᠤᠨᠢ ᠤᠬᠢᠶᠠᠨ ᠴᠡᠪᠡᠷᠯᠡᠵᠦ᠂ ᠠᠷᠢᠭᠤᠳᠬᠠᠭᠰᠠᠨ ᠦᠭᠡᠢ᠃ | ᠳᠠᠯᠠᠨ ᠳᠦᠷᠪᠡᠳᠦᠭᠡᠷ ᠵᠦᠢᠯ ᠲᠤᠰ ᠬᠠᠤᠯᠢ ᠶᠢᠨ ᠲᠤᠭᠲᠠᠭᠠᠯ ᠢ ᠵᠦᠷᠢᠴᠡᠵᠦ᠂ ᠠᠯᠪᠠᠳᠠᠯᠭ᠎ᠠ ᠪᠠᠷ ᠴᠠᠷᠤᠯᠲᠠ | ᠬᠢᠯᠭᠡᠭᠰᠡᠨ ᠠᠮᠢᠲᠠᠨ ᠳᠤ ᠲᠦᠷᠦ ᠶᠢᠨ ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ | ᠮᠦᠴᠢᠷ ᠤᠨ ᠲᠤᠭᠲᠠᠭᠠᠯ ᠶᠤᠰᠤᠭᠠᠷ ᠴᠠᠷᠤᠯᠲᠠ ᠬᠢᠯᠭᠡᠭᠰᠡᠨ ᠳᠠᠩᠰᠠ ᠪᠠᠶᠢᠭᠤᠯᠤᠭᠰᠠᠨ ᠦᠭᠡᠢ᠂ ᠮᠠᠯ ᠵᠢᠭᠦᠷᠳᠡᠨ ᠢ ᠢᠯᠭᠠᠬᠤ | ᠳᠡᠮᠳᠡᠭ ᠲᠠᠯᠪᠢᠭᠰᠠᠨ ᠦᠭᠡᠢ ᠪᠠᠶᠢᠪᠠᠯ᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠮᠠᠯ ᠠᠵᠦ ᠠᠬᠤᠢ ᠶᠢᠨ | ᠬᠠᠤᠯᠢ︾ ᠶᠢᠨ ᠬᠤᠯᠪᠤᠭᠳᠠᠯ ᠪᠦᠬᠦᠢ ᠳᠤᠭᠳᠠᠭᠠᠯ ᠶᠣᠰᠤᠭᠠᠷ ᠰᠢᠢᠳᠭᠡᠨ᠎ᠡ᠃ | ᠳᠠᠯᠠᠨ ᠲᠠᠪᠤᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠬᠢᠵᠢᠭ ᠬᠠᠯᠳᠠᠪᠤᠷᠢᠯᠠᠭᠰᠠᠨ ᠠᠮᠢᠲᠠᠨ | ᠪᠠ ᠲᠡᠭᠦᠨ ᠤ ᠢᠯᠭᠠᠳᠠᠰᠤ᠂ ᠬᠢᠵᠢᠭ ᠬᠠᠯᠳᠠᠪᠤᠷᠢᠯᠠᠭᠰᠠᠨ ᠠᠮᠢᠲᠠᠨ ᠤ ᠠᠰᠢᠭ ᠰᠢᠮ᠎ᠡ᠂ ᠡᠪᠡᠳᠴᠢᠯᠡᠵᠦ ᠦᠭᠦᠭᠰᠡᠨ ᠪᠤᠶᠤ | ᠦᠭᠦᠭᠰᠡᠨ ᠰᠢᠯᠳᠠᠭᠠᠨ ᠨᠢ ᠳᠤᠳᠤᠷᠬᠠᠢ ᠦᠭᠡᠢ ᠠᠮᠢᠲᠠᠨ ᠤ ᠦᠬᠦᠳᠡᠯ᠂ ᠳᠡᠭᠡᠭᠡᠪᠦᠷᠢᠯᠡᠬᠦ ᠪᠠᠭᠠᠵᠢ ᠬᠡᠷᠡᠭᠰᠡᠯ ᠳᠠᠬᠢ ᠠᠮᠢᠲᠠᠨ ᠤ | ᠢᠯᠭᠠᠳᠠᠰᠤ ᠪᠤᠯᠤᠨ ᠳᠠᠪᠢᠰᠬᠦ ᠡᠳ᠋᠂ ᠪᠤᠭᠤᠳᠠᠯᠯᠠᠬᠤ ᠡᠳ᠋᠂ ᠰᠠᠪᠠ ᠵᠡᠷᠭᠡ ᠪᠤᠬᠢᠷᠳᠤᠭᠰᠠᠨ ᠪᠤᠳᠠᠰ ᠵᠢᠴᠢ ᠬᠢᠵᠢᠭ ᠤᠨ | ᠪᠠᠶᠢᠴᠠᠭᠠᠯᠲᠠ ᠳᠤ ᠬᠢᠷᠢ ᠲᠡᠩᠴᠡᠭᠰᠡᠨ ᠦᠭᠡᠢ ᠪᠤᠰᠤᠳ ᠠᠮᠢᠲᠠᠨ᠂ ᠠᠮᠢᠲᠠᠨ ᠤ ᠠᠰᠢᠭ ᠰᠢᠮ᠎ᠡ ᠶᠢ ᠲᠦᠷᠦ ᠶᠢᠨ | ᠶᠠᠪᠤᠳᠠᠯ ᠤᠨ ᠬᠤᠷᠢᠶᠠᠨ ᠤ ᠮᠠᠯ ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠲᠤᠭᠳᠠᠭᠠᠯ ᠶᠤᠰᠤᠭᠠᠷ | ᠰᠢᠢᠳᠪᠦᠷᠢᠯᠡᠭᠰᠡᠨ ᠦᠭᠡᠢ ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠳᠠᠯᠪᠢᠬᠤ ᠪᠠᠶᠢᠭᠤᠯᠤᠮᠵᠢ ᠠᠴᠠ | ᠵᠠᠷᠯᠢᠭᠳᠠᠨ ᠬᠤᠣᠷ ᠦᠭᠡᠶᠢᠵᠢᠭᠦᠯᠦᠨ ᠰᠢᠢᠳᠪᠦᠷᠢᠯᠡᠬᠦᠯᠦᠨ᠎ᠡ᠂ ᠰᠢᠢᠳᠪᠦᠷᠢᠯᠡᠬᠦ ᠳᠤ ᠬᠡᠷᠡᠭᠰᠡᠬᠦ ᠰᠦᠢᠳᠬᠡᠯ ᠢ ᠬᠠᠤᠯᠢ ᠶᠢ | ᠵᠦᠷᠢᠴᠡᠭᠰᠡᠨ ᠦᠢᠯᠠ ᠠᠵᠢᠯᠯᠠᠭᠠᠲᠠᠨ ᠡᠭᠦᠷᠭᠡᠯᠡᠨ᠎ᠡ᠂ ᠭᠤᠷᠪᠠᠨ ᠮᠢᠩᠭᠠᠨ ᠲᠦᠭᠦᠷᠢᠭ ᠠᠴᠠ ᠳᠤᠭᠤᠭᠰᠢ ᠵᠤᠭᠤᠰ ᠢᠶᠠᠷ | ᠳᠤᠷᠭᠠᠬᠤ ᠪᠠᠷ ᠰᠢᠳᠬᠡᠵᠦ ᠪᠤᠯᠤᠨ᠎ᠠ᠃ | ᠳᠠᠯᠠᠨ ᠵᠢᠷᠭᠤᠳᠤᠭᠠᠷ ᠵᠦᠢᠯ ᠲᠤᠰ ᠬᠠᠤᠯᠢ ᠶᠢᠨ ᠬᠤᠷᠢᠨ ᠲᠠᠪᠤᠳᠤᠭᠠᠷ ᠵᠦᠢᠯ ᠤᠨ ᠳᠤᠭᠳᠠᠭᠠᠯ ᠢ ᠵᠦᠷᠢᠴᠡᠵᠦ᠂ | ᠠᠮᠢᠲᠠᠨ ᠢ ᠨᠢᠳᠤᠯᠵᠦ᠂ ᠡᠵᠡᠩᠨᠡᠵᠦ᠂ ᠳᠡᠭᠡᠭᠡᠪᠦᠷᠢᠯᠡᠭᠰᠡᠨ ᠪᠤᠶᠤ ᠠᠮᠢᠲᠠᠨ ᠤ ᠠᠰᠢᠭ ᠰᠢᠮ᠎ᠡ ᠶᠢ ᠦᠢᠯᠡᠳᠪᠦᠷᠢᠯᠡᠵᠦ᠂ | ᠡᠵᠡᠩᠨᠡᠵᠦ᠂ ᠪᠤᠯᠪᠠᠰᠤᠷᠠᠭᠤᠯᠵᠦ᠂ ᠬᠠᠳᠠᠭᠠᠯᠠᠵᠤ᠂ ᠳᠡᠭᠡᠭᠡᠪᠦᠷᠢᠯᠡᠭᠰᠡᠨ ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ | ᠬᠢᠨᠠᠯᠲᠠ ᠲᠠᠯᠪᠢᠬᠤ ᠪᠠᠶᠢᠭᠤᠯᠤᠮᠵᠢ ᠠᠴᠠ ᠵᠠᠷᠯᠢᠭᠳᠠᠨ ᠵᠠᠯᠠᠷᠠᠭᠤᠯᠤᠭᠤᠯᠵᠤ᠂ ᠨᠦᠬᠦᠵᠦ ᠵᠠᠰᠠᠬᠤ ᠠᠷᠭ᠎ᠠ ᠬᠡᠮᠵᠢᠶ᠎ᠡ | ᠠᠪᠤᠭᠤᠯᠵᠤ᠂ ᠬᠠᠤᠯᠢ ᠶᠢ ᠵᠦᠷᠢᠴᠡᠵᠦ ᠤᠯᠤᠭᠰᠠᠨ ᠣᠯᠵᠠ ᠠᠰᠢᠭ ᠪᠠ ᠠᠮᠢᠲᠠᠨ᠂ ᠠᠮᠢᠲᠠᠨ ᠤ ᠠᠰᠢᠭ ᠰᠢᠮ᠎ᠡ ᠶᠢ ᠨᠢ | ᠬᠤᠷᠢᠶᠠᠨ ᠠᠪᠴᠤ᠂ ᠬᠢᠵᠢᠭ ᠤᠨ ᠪᠠᠶᠢᠴᠠᠭᠠᠯᠲᠠ ᠳᠤ ᠬᠢᠷᠢ ᠳᠡᠩᠴᠡᠭᠰᠡᠨ ᠠᠳᠠᠯᠢ ᠲᠦᠷᠦᠯ ᠤᠨ ᠠᠮᠢᠲᠠᠨ᠂ ᠠᠮᠢᠲᠠᠨ ᠤ | ᠠᠰᠢᠭ ᠰᠢᠮ᠎ᠡ ᠶᠢᠨ ᠪᠠᠷᠠᠭᠠᠨ ᠤ ᠦᠷᠳᠡᠭ ᠤᠨ ᠵᠣᠭᠤᠰ ᠤᠨ ᠲᠣᠭᠠᠨ ᠤ ᠨᠢᠭᠡ ᠳᠠᠬᠢᠨ ᠠᠴᠠ ᠳᠡᠭᠡᠭᠰᠢ ᠲᠠᠪᠤᠨ ᠳᠠᠬᠢᠨ ᠠᠴᠠ | ᠳᠤᠭᠤᠭᠰᠢ ᠵᠤᠭᠤᠰ ᠢᠶᠠᠷ ᠲᠤᠷᠭᠠᠬᠤ ᠪᠠᠷ ᠨᠡᠶᠢᠯᠡᠭᠦᠯᠦᠨ ᠰᠢᠢᠳᠭᠡᠨ᠎ᠡ︔ ᠲᠡᠭᠦᠨ ᠤ ᠳᠤᠲᠤᠷᠠᠬᠢ ᠬᠠᠤᠯᠢ ᠶᠣᠰᠤᠭᠠᠷ | ᠬᠢᠵᠢᠭ ᠤᠨ ᠪᠠᠶᠢᠴᠠᠭᠠᠯᠲᠠ ᠬᠢᠯᠭᠡᠬᠦ ᠶᠤᠰᠤᠲᠠᠢ ᠪᠠᠶᠢᠳᠠᠯ᠎ᠠ ᠬᠢᠵᠢᠭ ᠤᠨ ᠪᠠᠶᠢᠴᠠᠭᠠᠯᠲᠠ ᠬᠢᠯᠭᠡᠭᠰᠡᠨ ᠦᠭᠡᠢ ᠶᠢ ᠨᠢ ᠲᠤᠰ | ᠬᠠᠤᠯᠢ ᠶᠢᠨ ᠳᠠᠯᠠᠨ ᠨᠠᠢᠮᠠᠳᠤᠭᠠᠷ ᠵᠦᠢᠯ ᠤᠨ ᠲᠤᠭᠳᠠᠭᠠᠯ ᠶᠤᠰᠤᠭᠠᠷ ᠰᠢᠢᠳᠭᠡᠨ᠎ᠡ᠃ | ᠳᠠᠯᠨᠨ ᠳᠤᠯᠤᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠳᠤᠤᠷ᠎ᠠ ᠵᠢᠭᠰᠠᠭᠠᠭᠰᠠᠨ ᠦᠢᠯᠡ | ᠠᠵᠢᠯᠯᠠᠭ᠎ᠠ ᠶᠢᠨ ᠨᠢᠭᠡ ᠶᠢ ᠬᠢᠭᠰᠡᠨ ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ | ᠵᠠᠷᠯᠢᠭᠳᠠᠨ ᠵᠠᠯᠠᠷᠠᠭᠤᠯᠤᠭᠤᠯᠵᠤ᠂ ᠮᠢᠩᠭᠠᠨ ᠲᠦᠭᠦᠷᠢᠭ ᠠᠴᠠ ᠳᠡᠭᠡᠭᠰᠢ ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ | ᠳᠤᠷᠭᠠᠬᠤ ᠪᠠᠷ ᠰᠢᠢᠳᠭᠡᠨ᠎ᠡ︔ ᠦᠢᠯᠡ ᠪᠠᠶᠢᠳᠠᠯ ᠨᠢ ᠬᠦᠨᠳᠦ ᠨᠤᠴᠢᠳᠠᠢ ᠪᠠᠶᠢᠪᠠᠯ᠂ ᠲᠦᠮᠡᠨ ᠲᠦᠭᠦᠷᠢᠭ ᠠᠴᠠ ᠳᠡᠭᠡᠭᠰᠢ | ᠠᠷᠪᠠᠨ ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠰᠢᠢᠳᠭᠡᠨ᠎ᠡ᠄ | ︵ᠨᠢᠭᠡ︶ ᠠᠮᠢᠲᠠᠨ ᠤ ᠬᠢᠵᠢᠭ ᠢ ᠰᠡᠷᠬᠡᠶᠢᠯᠡᠬᠦ ᠨᠦᠭᠦᠴᠡᠯ ᠳᠤ ᠨᠡᠶᠢᠴᠡᠭᠰᠡᠨ ᠦᠨᠡᠮᠯᠡᠯ ᠣᠯᠤᠭᠰᠠᠨ ᠦᠭᠡᠢ ᠪᠠᠷ | ᠠᠮᠢᠲᠠᠨ ᠳᠡᠵᠢᠭᠡᠬᠦ ᠲᠠᠯᠠᠪᠠᠢ ︵ᠳᠡᠵᠢᠭᠡᠨ ᠦᠷᠡᠵᠢᠭᠦᠯᠬᠦ ᠵᠢᠵᠢᠭ ᠲᠤᠭᠤᠷᠢᠭ︶ ᠪᠠ ᠲᠤᠰᠠᠭᠠᠷᠯᠠᠬᠤ ᠲᠠᠯᠠᠪᠤᠷ ᠭᠠᠵᠠᠷ᠂ | ᠠᠮᠢᠲᠠᠨ ᠢ ᠨᠢᠲᠤᠯᠠᠵᠤ ᠪᠤᠯᠪᠠᠰᠤᠷᠠᠭᠤᠯᠬᠤ ᠲᠠᠯᠠᠪᠤᠷ ᠭᠠᠵᠠᠷ ᠵᠢᠴᠢ ᠠᠮᠢᠲᠠᠨ ᠪᠠ ᠠᠮᠢᠲᠠᠨ ᠤ ᠠᠰᠢᠭ ᠰᠢᠮ᠎ᠡ ᠶᠢ ᠬᠤᠣᠷ | ᠦᠭᠡᠶᠢᠵᠢᠭᠦᠯᠦᠨ ᠰᠢᠢᠳᠪᠦᠷᠢᠯᠡᠬᠦ ᠲᠠᠯᠠᠪᠤᠷ ᠭᠠᠵᠠᠷ ᠢ ᠡᠷᠬᠢᠯᠡᠨ ᠪᠠᠶᠢᠭᠤᠯᠤᠭᠰᠠᠨ︔ | ︵ᠬᠤᠶᠠᠷ︶ ᠬᠢᠨᠠᠨ ᠵᠦᠪᠰᠢᠶᠠᠷᠡᠭᠦᠯᠬᠦ ᠭᠠᠷ ᠭᠦᠢᠴᠡᠳᠬᠡᠯ ᠬᠢᠯᠭᠡᠭᠰᠡᠨ ᠦᠭᠡᠢ ᠪᠠᠷ ᠮᠤᠵᠢ᠂ ᠦᠪᠡᠷᠳᠡᠭᠡᠨ ᠵᠠᠰᠠᠬᠤ | ᠤᠷᠤᠨ᠂ ᠰᠢᠭᠤᠳ ᠬᠠᠷᠢᠶ᠎ᠠ ᠬᠤᠳᠠ ᠠᠯᠤᠰᠯᠠᠨ ᠰᠠᠭᠠᠯᠢ ᠶᠢᠨ ᠠᠮᠢᠲᠠᠨ᠂ ᠡᠭᠦᠯᠳᠡᠷ ᠤᠨ ᠠᠮᠢᠲᠠᠨ ᠵᠢᠴᠢ ᠲᠡᠭᠦᠨ ᠤ | ᠦᠷ᠎ᠡ ᠶᠢᠨ ᠰᠢᠩᠭᠡᠨ᠂ ᠬᠦᠪᠦᠷᠡᠯ᠂ ᠦᠷ᠎ᠡ ᠶᠢᠨ ᠦᠨᠳᠡᠭᠡ ᠶᠢ ᠤᠷᠤᠭᠤᠯᠤᠭᠰᠠᠨ︔ | ︵ᠭᠤᠷᠪᠠ︶ ᠬᠢᠵᠢᠭ ᠤᠨ ᠪᠠᠶᠢᠴᠠᠭᠠᠯᠲᠠ ᠬᠢᠯᠭᠡᠭᠰᠡᠨ ᠦᠭᠡᠢ ᠪᠠᠷ᠂ ᠲᠤᠭᠲᠠᠭᠠᠭᠰᠠᠨ ᠠᠮᠢᠲᠠᠨ ᠤ ᠬᠢᠵᠢᠭ ᠡᠪᠡᠳᠴᠢᠨ | ᠦᠭᠡᠢ ᠤᠷᠤᠨ ᠳᠤ ᠠᠮᠢᠲᠠᠨ᠂ ᠠᠮᠢᠲᠠᠨ ᠤ ᠠᠰᠢᠭ ᠰᠢᠮ᠎ᠡ ᠶᠢ ᠵᠦᠭᠡᠭᠡᠪᠦᠷᠢᠯᠡᠵᠦ ᠤᠷᠤᠭᠤᠯᠤᠭᠰᠠᠨ᠃ | ᠳᠠᠯᠠᠨ ᠨᠠᠢᠮᠠᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠨᠢᠳᠤᠯᠬᠤ᠂ ᠡᠵᠡᠩᠨᠡᠬᠦ᠂ | ᠳᠡᠭᠡᠭᠡᠪᠦᠷᠢᠯᠡᠬᠦ ᠠᠮᠢᠲᠠᠨ ᠳᠤ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ ᠳᠠᠭᠠᠯᠳᠤᠭᠤᠯᠤᠭᠰᠠᠨ ᠦᠭᠡᠢ᠂ ᠡᠵᠡᠩᠨᠡᠬᠦ ᠪᠠ | ᠳᠡᠭᠡᠭᠡᠪᠦᠷᠢᠯᠡᠬᠦ ᠠᠮᠢᠲᠠᠨ ᠤ ᠠᠰᠢᠭ ᠰᠢᠮ᠎ᠡ ᠳᠤ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ᠂ ᠬᠢᠵᠢᠭ ᠤᠨ ᠪᠠᠶᠢᠴᠠᠭᠠᠯᠲᠠ | ᠬᠢᠭᠰᠡᠨ ᠳᠠᠮᠳᠡᠭ ᠳᠠᠭᠠᠯᠳᠤᠭᠤᠯᠤᠭᠰᠠᠨ ᠦᠭᠡᠢ ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ | ᠪᠠᠶᠢᠭᠤᠯᠤᠮᠵᠢ ᠠᠴᠠ ᠵᠠᠷᠯᠢᠭᠳᠠᠨ ᠵᠠᠯᠠᠷᠠᠭᠤᠯᠤᠭᠤᠯᠵᠤ᠂ ᠬᠢᠵᠢᠭ ᠤᠨ ᠪᠠᠶᠢᠴᠠᠭᠠᠯᠲᠠ ᠳᠤ ᠬᠢᠷᠢ ᠳᠡᠩᠴᠡᠭᠰᠡᠨ ᠠᠳᠠᠯᠢ | ᠲᠦᠷᠦᠯ ᠤᠨ ᠠᠮᠢᠲᠠᠨ᠂ ᠠᠮᠢᠲᠠᠨ ᠤ ᠠᠰᠢᠭ ᠰᠢᠮ᠎ᠡ ᠶᠢᠨ ᠪᠠᠷᠠᠭᠠᠨ ᠤ ᠦᠷᠳᠡᠭ ᠤᠨ ᠵᠣᠭᠤᠰ ᠤᠨ ᠲᠣᠭᠠᠨ ᠤ ᠵᠠᠭᠤᠨ ᠤ | ᠠᠷᠪᠠ ᠠᠴᠠ ᠳᠡᠭᠡᠭᠰᠢ ᠵᠠᠭᠤᠨ ᠤ ᠲᠠᠪᠢ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠰᠢᠢᠳᠭᠡᠨ᠎ᠡ︔ ᠪᠠᠷᠠᠭᠠᠨ ᠤ | ᠡᠵᠡᠨ ᠠᠴᠠ ᠪᠤᠰᠤᠳ ᠳᠠᠭᠠᠭᠠᠨ ᠲᠡᠭᠡᠭᠡᠪᠦᠷᠢᠯᠡᠭᠴᠢ ᠶᠢ ᠳᠡᠭᠡᠭᠡᠪᠦᠷᠢᠯᠡᠬᠦ ᠰᠦᠢᠳᠬᠡᠯ ᠤᠨ ᠬᠢᠨᠢ ᠨᠢᠭᠡ ᠳᠠᠬᠢᠨ ᠠᠴᠠ ᠳᠠᠭᠡᠭᠰᠢ | ᠭᠤᠷᠪᠠᠨ ᠳᠠᠬᠢᠨ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠰᠢᠢᠳᠭᠡᠨ᠎ᠡ ᠳ᠋ᠤᠰ ᠬᠠᠤᠯᠢ ᠶᠢᠨ ᠲᠤᠭᠳᠠᠭᠠᠯ ᠢ | ᠵᠦᠷᠢᠴᠡᠵᠦ᠂ ᠦᠵᠡᠭᠦᠯᠦᠯᠭᠡ᠂ ᠲᠤᠭᠯᠠᠯᠲᠠ ᠪᠠ ᠤᠷᠤᠯᠳᠤᠭᠠᠨ ᠳᠤ ᠤᠷᠤᠯᠴᠠᠬᠤ ᠠᠮᠢᠲᠠᠨ ᠳᠤ ᠬᠢᠵᠢᠭ ᠤᠨ ᠪᠠᠶᠢᠴᠠᠭᠠᠯᠲᠠ | ᠬᠢᠭᠰᠡᠨ ᠭᠡᠷᠡᠴᠢᠯᠡᠯ ᠳᠠᠭᠠᠯᠳᠤᠭᠤᠯᠤᠭᠰᠠᠨ ᠦᠭᠡᠢ ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ | ᠪᠠᠶᠢᠭᠤᠯᠤᠮᠵᠢ ᠠᠴᠠ ᠵᠠᠷᠯᠢᠭᠳᠠᠨ ᠵᠠᠯᠠᠷᠠᠭᠤᠯᠤᠭᠤᠯᠵᠤ᠂ ᠮᠢᠩᠭᠠᠨ ᠲᠦᠭᠦᠷᠢᠭ ᠠᠴᠠ ᠳᠡᠭᠡᠭᠰᠢ ᠭᠤᠷᠪᠠᠨ ᠮᠢᠩᠭᠠᠨ | ᠲᠦᠭᠦᠷᠢᠭ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠰᠢᠢᠳᠭᠡᠨ᠎ᠡ᠃ | ᠳᠠᠯ᠎ᠠ ᠶᠢᠰᠦᠳᠦᠭᠡᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠬᠢᠵᠢᠭ ᠤᠨ ᠪᠠᠶᠢᠴᠠᠭᠠᠯᠲᠠ ᠬᠢᠭᠰᠡᠨ | ᠭᠡᠷᠡᠴᠢᠯᠡᠯ᠂ ᠬᠢᠵᠢᠭ ᠤᠨ ᠪᠠᠶᠢᠴᠠᠭᠠᠯᠲᠠ ᠬᠢᠭᠰᠡᠨ ᠳᠡᠮᠳᠡᠭ ᠪᠤᠶᠤ ᠮᠠᠯ ᠵᠢᠭᠦᠷᠲᠡᠨ ᠢ ᠢᠯᠭᠠᠬᠤ ᠲᠡᠮᠳᠡᠭ ᠢ ᠰᠢᠯᠵᠢᠭᠦᠯᠦᠨ | ᠥᠭᠭᠦᠭᠰᠡᠨ᠂ ᠬᠠᠭᠤᠷᠮᠠᠭᠯᠠᠨ ᠵᠤᠬᠢᠶᠠᠭᠰᠠᠨ ᠪᠤᠶᠤ ᠬᠤᠪᠢᠷᠠᠭᠤᠯᠦᠨ ᠵᠤᠬᠢᠶᠠᠭᠰᠠᠨ ᠪᠠᠶᠢᠪᠠᠯ᠂ ᠠᠮᠢᠲᠠᠨ ᠤ ᠡᠷᠡᠭᠦᠯ | ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ ᠬᠠᠤᠯᠢ ᠶᠢ ᠵᠦᠷᠢᠴᠡᠵᠦ ᠤᠯᠤᠭᠰᠠᠨ ᠣᠯᠵᠠ ᠠᠰᠢᠭ ᠢ ᠨᠢ | ᠬᠤᠷᠢᠶᠠᠨ ᠠᠪᠴᠤ᠂ ᠬᠢᠵᠢᠭ ᠤᠨ ᠪᠠᠶᠢᠴᠠᠭᠠᠯᠲᠠ ᠬᠢᠭᠰᠡᠨ ᠭᠡᠷᠡᠴᠢᠯᠡᠯ᠂ ᠬᠢᠵᠢᠭ ᠤᠨ ᠪᠠᠶᠢᠴᠠᠭᠠᠯᠲᠠ ᠬᠢᠭᠰᠡᠨ ᠳᠠᠮᠳᠡᠭ ᠪᠤᠶᠤ | ᠮᠠᠯ ᠵᠢᠭᠦᠷᠳᠡᠨ ᠢ ᠢᠯᠭᠠᠬᠤ ᠳᠡᠮᠳᠡᠭ ᠢ ᠨᠢ ᠬᠤᠷᠢᠶᠠᠨ ᠠᠪᠴᠤ᠂ ᠭᠤᠷᠪᠠᠨ ᠮᠢᠩᠭᠠᠨ ᠲᠦᠭᠦᠷᠢᠭ ᠠᠴᠠ ᠳᠡᠭᠡᠭᠰᠢ ᠭᠤᠷᠪᠠᠨ | ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠨᠡᠶᠢᠯᠡᠭᠦᠯᠦᠨ ᠰᠢᠢᠳᠭᠡᠨ᠎ᠡ᠃ | ᠨᠠᠶᠠᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠳᠤᠤᠷ᠎ᠠ ᠵᠢᠭᠰᠠᠭᠠᠭᠰᠠᠨ ᠦᠢᠯᠡ | ᠠᠵᠢᠯᠯᠠᠭ᠎ᠠ ᠶᠢᠨ ᠨᠢᠭᠡ ᠶᠢ ᠬᠢᠭᠰᠡᠨ ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ | ᠵᠡᠷᠯᠢᠭ᠌ᠳᠠᠨ ᠵᠠᠯᠠᠷᠠᠭᠤᠯᠤᠭᠤᠯᠵᠤ᠂ ᠮᠢᠩᠭᠠᠨ ᠲᠦᠭᠦᠷᠢᠭ ᠠᠴᠠ ᠳᠡᠭᠡᠭᠰᠢ ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ | ᠲᠤᠷᠭᠠᠬᠤ ᠪᠠᠷ ᠰᠢᠢᠳᠭᠡᠨ᠎ᠡ᠄ | ︵ᠨᠢᠭᠡ︶ ᠰᠢᠶᠠᠨ ᠤ ᠱᠠᠳᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠤᠷᠳᠤᠨ ᠵᠢᠴᠢ ᠲᠡᠬᠦᠨ ᠤ ᠮᠠᠯ | ᠡᠮᠨᠡᠯᠭᠡ ᠶᠢᠨ ᠡᠷᠬᠢᠯᠡᠨ ᠬᠠᠮᠢᠶᠠᠷᠬᠤ ᠰᠠᠯᠠᠭ᠎ᠠ ᠮᠦᠴᠢᠷ ᠤᠨ ᠬᠠᠤᠯᠢ ᠶᠤᠰᠤᠭᠠᠷ ᠭᠠᠷᠭᠠᠭᠰᠠᠨ ᠠᠮᠢᠲᠠᠨ ᠤ ᠬᠢᠵᠢᠭ | ᠡᠪᠡᠳᠴᠢᠨ ᠢ ᠬᠢᠵᠠᠭᠠᠷᠯᠠᠬᠤ᠂ ᠠᠷᠢᠯᠭᠠᠬᠤ ᠲᠤᠬᠠᠢ ᠬᠤᠯᠪᠤᠭᠳᠠᠯ ᠪᠦᠬᠦᠢ ᠲᠤᠭᠳᠠᠭᠠᠯ ᠢ ᠵᠢᠷᠤᠮᠯᠠᠭᠰᠠᠨ ᠦᠭᠡᠢ︔ | ︵ᠬᠤᠶᠠᠷ︶ ᠨᠢᠭᠡᠨᠲᠡ ᠬᠠᠤᠯᠢ ᠶᠤᠰᠤᠭᠠᠷ ᠲᠤᠰᠠᠭᠠᠷᠯᠠᠵᠤ᠂ ᠪᠢᠳᠡᠭᠦᠮᠵᠢᠯᠡᠵᠦ᠂ ᠰᠢᠢᠳᠪᠦᠷᠢᠯᠡᠭᠰᠡᠨ ᠠᠮᠢᠲᠠᠨ᠂ | ᠠᠮᠢᠲᠠᠨ ᠤ ᠠᠰᠢᠭ ᠰᠢᠮ᠎ᠡ ᠶᠢ ᠨᠢᠭᠤᠨ ᠳᠠᠯᠳᠠᠯᠠᠵᠤ᠂ ᠰᠢᠯᠵᠢᠭᠦᠯᠵᠦ᠂ ᠬᠤᠯᠠᠭᠠᠶᠢᠯᠠᠨ ᠮᠠᠯᠲᠠᠭᠰᠠᠨ︔ | ︵ᠭᠤᠷᠪᠠ︶ ᠠᠮᠢᠲᠠᠨ ᠤ ᠬᠢᠵᠢᠭ ᠤᠨ ᠪᠠᠶᠢᠳᠠᠯ ᠢ ᠨᠡᠶᠢᠳᠡᠯᠡᠭᠰᠡᠨ᠃ | ᠨᠠᠶᠠᠨ ᠨᠢᠭᠡᠳᠦᠭᠡᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠠᠮᠢᠲᠠᠨ ᠢ ᠤᠨᠤᠰᠢᠯᠠᠨ ᠡᠮᠨᠡᠬᠦ | ᠵᠦᠪᠰᠢᠶᠠᠷᠠᠯ ᠤᠨ ᠦᠨᠡᠮᠯᠡᠯ ᠤᠯᠤᠭᠰᠠᠨ ᠦᠭᠡᠢ ᠪᠠᠷ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠬᠢᠭᠰᠡᠨ ᠪᠠᠶᠢᠪᠠᠯ᠂ | ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ ᠤᠨᠤᠰᠢᠯᠠᠨ ᠡᠮᠨᠡᠬᠦ ᠠᠵᠢᠯᠯᠠᠭ᠎ᠠ ᠶᠢ ᠨᠢ | ᠵᠡᠷᠯᠢᠭ᠌ᠳᠠᠨ ᠵᠤᠭᠰᠤᠭᠠᠵᠤ᠂ ᠬᠠᠤᠯᠢ ᠶᠢ ᠵᠦᠷᠢᠴᠡᠵᠦ ᠤᠯᠤᠭᠰᠠᠨ ᠣᠯᠵᠠ ᠠᠰᠢᠭ ᠢ ᠨᠢ ᠬᠤᠷᠢᠶᠠᠨ ᠠᠪᠤᠨ᠎ᠠ︔ ᠬᠠᠤᠯᠢ ᠶᠢ | ᠵᠦᠷᠢᠴᠡᠵᠦ ᠤᠯᠤᠭᠰᠠᠨ ᠣᠯᠵᠠ ᠠᠰᠢᠭ ᠨᠢ ᠭᠤᠷᠪᠠᠨ ᠲᠦᠮᠡᠨ ᠲᠦᠭᠦᠷᠢᠭ ᠠᠴᠠ ᠳᠡᠭᠡᠭᠰᠢ ᠪᠠᠶᠢᠪᠠᠯ᠂ ᠬᠠᠤᠯᠢ ᠶᠢ | ᠵᠦᠷᠢᠴᠡᠵᠦ ᠤᠯᠤᠭᠰᠠᠨ ᠣᠯᠵᠠ ᠠᠰᠢᠭ ᠤᠨ ᠬᠢᠨᠢ ᠨᠢᠭᠡ ᠳᠠᠬᠢᠨ ᠠᠴᠠ ᠳᠡᠭᠡᠭᠰᠢ ᠭᠤᠷᠪᠠᠨ ᠳᠠᠬᠢᠨ ᠠᠴᠠ ᠳᠤᠭᠤᠭᠰᠢ | ᠵᠤᠭᠤᠰ ᠢᠶᠠᠷ ᠳᠤᠷᠭᠠᠬᠤ ᠪᠠᠷ ᠨᠡᠶᠢᠯᠡᠭᠦᠯᠦᠨ ᠰᠢᠢᠳᠭᠡᠨ᠎ᠡ︔ ᠬᠠᠤᠯᠢ ᠶᠢ ᠵᠦᠷᠢᠴᠡᠵᠦ ᠤᠯᠤᠭᠰᠠᠨ ᠣᠯᠵᠠ ᠠᠰᠢᠭ ᠪᠠᠶᠢᠬᠤ | ᠦᠭᠡᠢ ᠪᠤᠶᠤ ᠬᠠᠤᠯᠢ ᠶᠢ ᠵᠦᠷᠢᠴᠡᠵᠦ ᠤᠯᠤᠭᠰᠠᠨ ᠣᠯᠵᠠ ᠠᠰᠢᠭ ᠨᠢ ᠭᠤᠷᠪᠠᠨ ᠲᠦᠮᠡᠨ ᠲᠦᠭᠦᠷᠢᠭ ᠲᠤ ᠬᠦᠷᠬᠦ ᠦᠭᠡᠢ | ᠪᠠᠶᠢᠪᠠᠯ᠂ ᠭᠤᠷᠪᠠᠨ ᠮᠢᠩᠭᠠᠨ ᠲᠦᠭᠦᠷᠢᠭ ᠠᠴᠠ ᠳᠡᠭᠡᠭᠰᠢ ᠭᠤᠷᠪᠠᠨ ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ | ᠲᠤᠷᠭᠠᠬᠤ ᠪᠠᠷ ᠨᠡᠶᠢᠯᠡᠭᠦᠯᠦᠨ ᠰᠢᠢᠳᠭᠡᠨ᠎ᠡ᠂ ᠠᠮᠢᠲᠠᠨ ᠢ ᠤᠨᠤᠰᠢᠯᠠᠨ ᠡᠮᠨᠡᠬᠦ ᠪᠠᠶᠢᠭᠤᠯᠤᠮᠵᠢ ᠲᠤᠰ ᠬᠠᠤᠯᠢ ᠶᠢᠨ | ᠲᠤᠭᠳᠠᠭᠠᠯ ᠢ ᠵᠦᠷᠢᠴᠡᠵᠦ᠂ ᠠᠮᠢᠲᠠᠨ ᠤ ᠬᠢᠵᠢᠭ ᠡᠪᠡᠳᠴᠢᠨ ᠢ ᠲᠠᠷᠬᠠᠭᠠᠨ ᠳᠡᠯᠭᠡᠷᠡᠭᠦᠯᠦᠭᠰᠡᠨ ᠪᠠᠶᠢᠪᠠᠯ᠂ ᠠᠮᠢᠲᠠᠨ ᠤ | ᠡᠷᠡᠭᠦᠯ ᠬᠠᠮᠠᠭᠠᠯᠠᠯ ᠳᠤ ᠬᠢᠨᠡᠯᠳᠠ ᠲᠠᠯᠪᠢᠬᠤ ᠪᠠᠶᠢᠭᠤᠯᠤᠮᠵᠢ ᠠᠴᠠ ᠵᠡᠷᠯᠢᠭ᠌ᠳᠠᠨ ᠵᠠᠯᠠᠷᠠᠭᠤᠯᠤᠭᠤᠯᠵᠤ᠂ ᠲᠦᠮᠡᠨ | ᠲᠦᠭᠦᠷᠢᠭ ᠠᠴᠠ ᠳᠡᠭᠡᠭᠰᠢ ᠲᠠᠪᠤᠨ ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠰᠢᠢᠳᠭᠡᠨ᠎ᠡ︔ | ᠦᠢᠯᠡ ᠪᠠᠶᠢᠳᠠᠯ ᠨᠢ ᠬᠦᠨᠳᠦ ᠨᠤᠴᠢᠳᠠᠢ ᠪᠠᠶᠢᠪᠠᠯ᠂ ᠦᠨᠡᠮᠯᠡᠯ ᠤᠯᠭᠤᠭᠰᠠᠨ ᠪᠠᠶᠢᠭᠤᠯᠭ᠎ᠠ ᠠᠴᠠ ᠠᠮᠢᠲᠠᠨ ᠢ ᠤᠨᠤᠰᠢᠯᠠᠨ | ᠡᠮᠨᠡᠬᠦ ᠵᠦᠪᠰᠢᠶᠡᠷᠡᠯ ᠤᠨ ᠦᠨᠡᠮᠯᠡᠯ ᠢ ᠨᠢ ᠬᠤᠷᠢᠶᠠᠨ ᠠᠪᠴᠤ ᠬᠦᠴᠦᠨ ᠦᠭᠡᠢ ᠪᠤᠯᠭᠠᠨ᠎ᠠ᠃ | ᠨᠠᠶᠠᠨ ᠬᠤᠶᠠᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠮᠠᠯ ᠡᠮᠨᠡᠯᠭᠡ ᠶᠢᠨ ᠠᠵᠢᠯ ᠡᠷᠬᠢᠯᠡᠬᠦ | ᠳᠠᠩᠰᠠᠯᠡᠯᠲᠠ ᠬᠢᠯᠭᠡᠭᠰᠡᠨ ᠦᠭᠡᠢ ᠪᠠᠷ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠬᠢᠭᠰᠡᠨ ᠪᠠᠶᠢᠪᠠᠯ᠂ ᠠᠮᠢᠲᠠᠨ ᠤ ᠡᠷᠡᠭᠦᠯ | ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠶᠢ ᠨᠢ ᠵᠠᠷᠯᠢᠭᠳᠠᠨ | ᠵᠤᠭᠰᠤᠭᠠᠵᠦ᠂ ᠬᠠᠤᠯᠢ ᠶᠢ ᠵᠦᠷᠢᠴᠡᠵᠦ ᠤᠯᠤᠭᠰᠠᠨ ᠣᠯᠵᠠ ᠠᠰᠢᠭ ᠢ ᠨᠢ ᠬᠤᠷᠢᠶᠠᠨ ᠠᠪᠴᠤ᠂ ᠮᠢᠩᠭᠠᠨ ᠲᠦᠭᠦᠷᠢᠭ ᠠᠴᠠ | ᠳᠡᠭᠡᠭᠰᠢ ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠨᠡᠶᠢᠯᠡᠭᠦᠯᠦᠨ ᠰᠢᠢᠳᠭᠡᠨ᠎ᠡ ᠠᠵᠢᠯ ᠡᠷᠬᠢᠯᠡᠬᠦ | ᠮᠠᠯ ᠤᠨ ᠡᠮᠴᠢ ᠳᠤᠤᠷ᠎ᠠ ᠵᠢᠭᠰᠠᠭᠠᠭᠰᠠᠨ ᠦᠢᠯᠡ ᠠᠵᠢᠯᠯᠠᠭ᠎ᠠ ᠶᠢᠨ ᠨᠢᠭᠡ ᠶᠢ ᠬᠢᠭᠰᠡᠨ ᠪᠠᠶᠢᠪᠠᠯ᠂ ᠠᠮᠢᠲᠠᠨ ᠤ ᠡᠷᠡᠭᠦᠯ | ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠠᠴᠠ ᠳᠣᠩᠭᠤᠳᠴᠤ᠂ ᠠᠮᠢᠲᠠᠨ ᠢ ᠤᠨᠤᠰᠢᠯᠠᠨ ᠡᠮᠨᠡᠬᠦ ᠠᠵᠢᠯᠯᠠᠭ᠎ᠠ ᠶᠢ ᠨᠢ | ᠵᠢᠷᠭᠤᠭᠠᠨ ᠰᠠᠷ᠎ᠠ ᠠᠴᠠ ᠳᠡᠭᠡᠭᠰᠢ ᠨᠢᠭᠡ ᠵᠢᠯ ᠠᠴᠠ ᠳᠤᠭᠤᠭᠰᠢ ᠬᠤᠭᠤᠴᠠᠭ᠎ᠠ ᠲᠠᠢ ᠵᠠᠷᠯᠢᠭᠳᠠᠨ ᠲᠦᠷ ᠵᠤᠭᠰᠤᠭᠠᠨ᠎ᠠ︔ | ᠦᠢᠯᠡ ᠪᠠᠶᠢᠳᠠᠯ ᠨᠢ ᠬᠦᠨᠳᠦ ᠨᠤᠴᠢᠳᠠᠢ ᠪᠠᠶᠢᠪᠠᠯ᠂ ᠦᠨᠡᠮᠯᠡᠯ ᠤᠯᠭᠤᠭᠰᠠᠨ ᠪᠠᠶᠢᠭᠤᠯᠭ᠎ᠠ ᠠᠴᠠ ᠳᠠᠩᠰᠠᠯᠠᠭᠤᠯᠤᠭᠰᠠᠨ | ᠦᠨᠡᠮᠯᠡᠯ ᠢ ᠨᠢ ᠬᠤᠷᠢᠶᠠᠨ ᠠᠪᠴᠤ ᠬᠦᠴᠦᠨ ᠦᠭᠡᠢ ᠪᠤᠯᠭᠠᠨ᠎ᠠ᠄ | ︵ᠨᠢᠭᠡ︶ ᠠᠮᠢᠲᠠᠨ ᠢ ᠤᠨᠤᠰᠢᠯᠠᠨ ᠡᠮᠨᠡᠬᠦ ᠠᠵᠢᠯᠯᠠᠭᠠᠨ ᠤ ᠬᠤᠯᠪᠤᠭᠳᠠᠯ ᠪᠥᠬᠦᠢ ᠮᠡᠷᠬᠡᠵᠢᠯ ᠤᠨ ᠵᠢᠷᠥᠮᠵᠢᠯ ᠢ | ᠵᠦᠷᠢᠴᠡᠵᠦ᠂ ᠠᠮᠢᠲᠠᠨ ᠤ ᠬᠢᠵᠢᠭ ᠡᠪᠡᠳᠴᠢᠨ ᠢ ᠳᠠᠷᠬᠠᠭᠠᠵᠦ᠂ ᠳᠡᠯᠭᠡᠷᠡᠬᠦᠯᠦᠭᠰᠡᠨ ᠪᠤᠶᠤ ᠲᠠᠷᠬᠠᠭᠠᠵᠤ᠂ ᠳᠡᠯᠭᠡᠷᠡᠭᠦᠯᠬᠦ | ᠪᠤᠯᠤᠯᠴᠠᠭ᠎ᠠ ᠲᠠᠢ ᠪᠤᠯᠭᠠᠭᠰᠠᠨ︔ | ︵ᠬᠤᠶᠠᠷ︶ ᠤᠯᠤᠰ ᠤᠨ ᠳᠤᠭᠳᠠᠭᠠᠯ ᠳᠤ ᠨᠡᠶᠢᠴᠡᠬᠦ ᠦᠭᠡᠢ ᠮᠠᠯ ᠤᠨ ᠡᠮ ᠪᠠ ᠮᠠᠯ ᠡᠮᠨᠡᠯᠭᠡ ᠶᠢᠨ ᠪᠠᠭᠠᠵᠢ | ᠬᠡᠷᠡᠭᠰᠡᠯ ᠢ ᠬᠡᠷᠡᠭᠯᠡᠭᠰᠡᠨ︔ | ︵ᠭᠤᠷᠪᠠ︶ ᠲᠤᠬᠠᠢ ᠶᠢᠨ ᠭᠠᠵᠠᠷ ᠤᠨ ᠠᠷᠠᠳ ᠤᠨ ᠵᠠᠰᠠᠭ ᠤᠨ ᠤᠷᠳᠤᠨ ᠪᠤᠶᠦ ᠮᠠᠯ ᠡᠮᠨᠡᠯᠭᠡ ᠶᠢᠨ ᠡᠷᠬᠢᠯᠡᠨ | ᠬᠠᠮᠢᠶᠠᠷᠬᠤ ᠰᠠᠯᠠᠭ᠎ᠠ ᠮᠦᠴᠢᠷ ᠤᠨ ᠱᠠᠭᠠᠷᠳᠠᠯᠭ᠎ᠠ ᠶᠤᠰᠤᠭᠠᠷ ᠠᠮᠢᠲᠠᠨ ᠤ ᠬᠢᠵᠢᠭ ᠡᠪᠡᠳᠴᠢᠨ ᠢ ᠤᠷᠢᠳᠴᠢᠯᠠᠨ ᠰᠡᠷᠬᠡᠶᠢᠯᠡᠬᠦ᠂ | ᠬᠢᠵᠠᠭᠠᠷᠯᠠᠬᠤ ᠪᠠ ᠠᠷᠢᠯᠭᠠᠬᠤ ᠠᠵᠢᠯᠯᠠᠭ᠎ᠠ ᠳᠤ ᠤᠷᠤᠯᠴᠠᠭᠰᠠᠨ ᠦᠭᠡᠢ᠃ | ᠨᠠᠶᠠᠨ ᠭᠤᠷᠪᠠᠳᠤᠭᠠᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠠᠮᠢᠲᠠᠨ ᠤ ᠬᠢᠵᠢᠭ ᠡᠪᠡᠳᠴᠢᠨ ᠢ | ᠰᠤᠳᠤᠯᠬᠤ᠂ ᠤᠨᠤᠰᠢᠯᠠᠨ ᠡᠮᠨᠡᠬᠦ ᠪᠠ ᠠᠮᠢᠲᠠᠨ ᠢ ᠳᠡᠵᠢᠭᠡᠬᠦ᠂ ᠨᠢᠳᠤᠯᠬᠤ᠂ ᠡᠵᠡᠩᠨᠡᠬᠦ᠂ ᠲᠤᠰᠠᠭᠠᠷᠯᠠᠬᠤ᠂ ᠳᠡᠭᠡᠭᠡᠪᠦᠷᠢᠯᠡᠬᠦ ᠵᠢᠴᠢ | ᠠᠮᠢᠳ᠋ᠨᠨ ᠤ ᠠᠰᠢᠭ ᠰᠢᠮ᠎ᠡ ᠶᠢ ᠦᠢᠯᠡᠳᠪᠤᠷᠢᠯᠡᠬᠦ᠂ ᠡᠵᠡᠩᠨᠡᠬᠦ᠂ ᠪᠤᠯᠪᠠᠰᠤᠷᠠᠭᠤᠯᠬᠤ᠂ ᠬᠠᠳᠠᠭᠠᠯᠠᠬᠤ ᠵᠡᠷᠭᠡ ᠠᠵᠢᠯᠯᠠᠭ᠎ᠠ | ᠡᠷᠬᠢᠯᠡᠵᠦ ᠪᠠᠶᠢᠭ᠎ᠠ ᠨᠢᠭᠡᠴᠢ ᠪᠤᠯᠣᠨ ᠬᠤᠪᠢ ᠬᠦᠮᠦᠨ ᠳᠤᠤᠷ᠎ᠠ ᠵᠢᠭᠰᠠᠭᠠᠭᠰᠠᠨ ᠦᠢᠯᠡ ᠠᠵᠢᠯᠯᠠᠭ᠎ᠠ ᠶᠢᠨ ᠨᠢᠭᠡ ᠶᠢ ᠬᠢᠭᠰᠡᠨ | ᠪᠠᠶᠢᠪᠠᠯ᠂ ᠠᠮᠢᠲᠠᠨ ᠤ ᠡᠷᠡᠭᠦᠯ ᠬᠠᠮᠠᠭᠠᠯᠠᠯ ᠳᠤ ᠬᠢᠨᠡᠯᠲᠡ ᠲᠠᠯᠪᠢᠬᠤ ᠪᠠᠶᠢᠭᠤᠯᠤᠮᠵᠢ ᠠᠴᠠ ᠵᠠᠷᠯᠢᠭᠳᠠᠨ ᠵᠠᠯᠠᠷᠠᠭᠤᠯᠤᠭᠤᠯᠤᠨ᠎ᠠ︔ | ᠵᠠᠯᠠᠷᠠᠭᠤᠯᠬᠤ ᠶᠢ ᠳᠡᠪᠴᠢᠭᠰᠡᠨ ᠪᠠᠶᠢᠪᠠᠯ᠂ ᠬᠠᠤᠯᠢ ᠶᠢ ᠵᠦᠷᠢᠴᠡᠭᠰᠡᠨ ᠦᠢᠯᠡ ᠠᠵᠢᠯᠯᠠᠭ᠎ᠠ ᠬᠢᠭᠰᠡᠨ ᠨᠢᠭᠡᠴᠢ ᠶᠢ ᠮᠢᠩᠭᠠᠨ | ᠲᠦᠭᠦᠷᠢᠭ ᠠᠴᠠ ᠳᠡᠭᠡᠭᠰᠢ ᠲᠦᠮᠡᠨ ᠲᠦᠭᠦᠷᠢᠭ ᠠᠴᠠ ᠳᠤᠭᠤᠭᠰᠢ ᠵᠤᠭᠤᠰ ᠢᠶᠠᠷ ᠲᠤᠷᠭᠠᠬᠤ ᠪᠠᠷ ᠰᠢᠳᠬᠡᠵᠦ᠂ ᠬᠠᠤᠯᠢ ᠶᠢ | ᠵᠦᠷᠢᠴᠡᠭᠰᠡᠨ ᠦᠢᠯᠡ ᠠᠵᠢᠯᠯᠠᠭ᠎ᠠ ᠬᠢᠭᠰᠡᠨ ᠬᠤᠪᠢ ᠬᠦᠮᠦᠨ ᠢ ᠲᠠᠪᠤᠨ ᠵᠠᠭᠤᠨ ᠲᠦᠭᠦᠷᠢᠭ ᠠᠴᠠ ᠳᠤᠭᠤᠭᠰᠢ ᠵᠤᠭᠤᠰ ᠢᠶᠠᠷ | ᠲᠤᠷᠭᠠᠬᠤ ᠪᠠᠷ ᠰᠢᠢᠳᠭᠡᠨ᠎ᠡ᠄ | ︵ᠨᠢᠭᠡ︶ ᠠᠮᠢᠲᠠᠨ ᠤ ᠬᠢᠵᠢᠭ ᠤᠨ ᠪᠠᠶᠢᠳᠠᠯ ᠢ ᠮᠡᠳᠡᠭᠦᠯᠬᠦ ᠡᠭᠦᠷᠭᠡ ᠪᠠᠨ ᠭᠦᠢᠴᠡᠳᠭᠡᠭᠰᠡᠨ ᠦᠭᠡᠢ︔ | ︵ᠬᠤᠶᠠᠷ︶ ᠠᠮᠢᠳᠠᠨ ᠤ ᠬᠢᠵᠢᠭ ᠢ ᠰᠡᠷᠬᠡᠶᠢᠯᠡᠬᠦ ᠠᠵᠢᠯᠯᠠᠭ᠎ᠠ ᠳᠤ ᠬᠤᠯᠪᠤᠭᠳᠠᠬᠤ ᠮᠡᠲ᠋ᠧᠷᠢᠶᠠᠯ ᠢ ᠦᠨᠡᠨ | ᠮᠦᠨ ᠢᠶᠠᠷ ᠨᠢ ᠬᠠᠩᠭᠠᠬᠰᠠᠨ ᠦᠭᠡᠢ︔ | ︵ᠭᠤᠷᠪᠡ︶ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠᠶᠢᠭᠤᠯᠤᠮᠵᠢ ᠶᠢᠨ ᠬᠢᠨᠠᠨ ᠪᠠᠶᠢᠴᠠᠭᠠᠬᠤ ᠶᠢ | ᠳᠡᠪᠴᠢᠭᠰᠡᠨ︔ | ︵ᠳᠦᠷᠪᠡ︶ ᠠᠮᠢᠲᠠᠨ ᠤ ᠬᠢᠵᠢᠭ ᠡᠪᠡᠳᠴᠢᠨ ᠢ ᠰᠡᠷᠬᠡᠶᠢᠯᠡᠨ ᠬᠢᠵᠠᠭᠠᠷᠯᠠᠬᠤ ᠪᠠᠶᠢᠭᠤᠯᠤᠮᠵᠢ ᠶᠢᠨ ᠠᠮᠢᠲᠠᠨ ᠤ ᠬᠢᠵᠢᠭ | ᠡᠪᠡᠳᠴᠢᠨ ᠢ ᠬᠢᠨᠠᠨ ᠬᠡᠮᠵᠢᠬᠦ᠂ ᠰᠢᠯᠭᠠᠨ ᠬᠡᠮᠵᠢᠬᠦ ᠶᠢ ᠳᠡᠪᠴᠢᠭᠰᠡᠨ᠃ | ᠨᠠᠶᠠᠨ ᠳᠦᠷᠪᠡᠳᠦᠭᠡᠷ ᠵᠦᠢᠯ ᠲᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ ᠶᠡᠯ᠎ᠡ ᠪᠣᠯᠵᠤ ᠪᠦᠷᠢᠯᠳᠦᠭᠰᠡᠨ | ᠪᠠᠶᠢᠪᠠᠯ ᠬᠠᠤᠯᠢ ᠶᠤᠰᠤᠭᠠᠷ ᠡᠷᠡᠬᠦᠦ ᠶᠢᠨ ᠬᠠᠷᠢᠭᠤᠴᠠᠯᠭ᠎ᠠ ᠨᠡᠬᠡᠮᠵᠢᠯᠡᠨ᠎ᠡ ᠳ᠋ᠤᠰ ᠬᠠᠤᠯᠢ ᠶᠢᠨ ᠲᠤᠭᠳᠠᠭᠠᠯ ᠢ ᠵᠦᠷᠢᠴᠡᠵᠦ᠂ | ᠠᠮᠢᠲᠠᠨ ᠤ ᠬᠢᠵᠢᠭ ᠡᠪᠡᠳᠴᠢᠨ ᠢ ᠳᠠᠷᠬᠠᠭᠠᠵᠦ᠂ ᠳᠡᠯᠭᠡᠷᠡᠭᠦᠯᠭᠦᠵᠡᠷᠭᠡ ᠳᠤ ᠬᠦᠷᠭᠡᠵᠦ᠂ ᠪᠤᠰᠤᠳ ᠤᠨ ᠪᠡᠶ᠎ᠡ ᠮᠠᠬᠠᠪᠤᠳ᠂ | ᠡᠳ᠋ ᠬᠦᠷᠦᠩᠭᠡ ᠳᠤ ᠬᠤᠭᠢᠷᠠᠯ ᠤᠴᠠᠷᠠᠭᠤᠯᠤᠭᠰᠠᠨ ᠪᠠᠶᠢᠪᠠᠯ ᠬᠠᠤᠯᠢ ᠶᠣᠰᠤᠭᠠᠷ ᠢᠷᠭᠡᠨ ᠤ ᠬᠡᠷᠡᠭ ᠤᠨ ᠬᠠᠷᠢᠭᠤᠴᠠᠯᠭ᠎ᠠ | ᠡᠭᠦᠷᠭᠡᠯᠡᠨ᠎ᠡ᠃ | ᠠᠷᠪᠠᠳᠤᠭᠠᠷ ᠪᠦᠯᠦᠭ ᠳᠠᠭᠠᠯᠳᠤᠭᠤᠯᠤᠭᠰᠠᠨ ᠳᠦᠷᠢᠮ | ᠨᠠᠶᠠᠨ ᠲᠠᠪᠤᠳᠤᠭᠠᠷ ᠵᠦᠢᠯ ᠲᠤᠰ ᠬᠠᠤᠯᠢ ᠶᠢ 2008 ᠤᠨ ᠤ 1 ᠰᠠᠷ᠎ᠠ ᠶᠢᠨ 1 ᠤ ᠡᠳᠦᠷ ᠠᠴᠠ ᠡᠬᠢᠯᠡᠵᠦ | ᠭᠡᠷᠡᠭᠵᠢᠭᠦᠯᠦᠨ᠎ᠠ᠃ |