ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠣᠰᠬᠤᠨ ᠮᠠᠯᠵᠢᠬᠤ ᠣᠷᠣᠨ | ᠤ ᠲᠢᠩᠬᠢᠮ ᠤᠨ ᠠᠵᠤ ᠦᠶᠯᠡᠰ ᠢᠶᠠᠷ ᠨᠠᠷᠢᠯᠢᠭ ᠤᠨᠤᠪᠴᠢᠲᠠᠢ ᠶᠠᠳᠠᠭᠤ ᠠᠴᠠ ᠠᠩᠭᠢᠵᠢᠷᠠᠭᠤᠯᠬᠤ ᠠᠵᠢᠯ ᠢ | ᠠᠬᠢᠭᠤᠯᠬᠤ ᠠᠵᠢᠯ ᠤᠨ ᠪᠠᠶᠢᠷᠢᠯᠠᠭᠤᠯᠤᠯᠲᠠ ᠶᠣᠰᠣᠭᠠᠷ᠂ ᠥᠪᠡᠷᠲᠡᠭᠡᠨ ᠵᠠᠰᠠᠬᠤ ᠣᠷᠣᠨ ᠤ ᠠᠮᠢᠲᠠᠨ ᠤ ᠡᠷᠡᠭᠦᠯ | ᠬᠠᠮᠠᠭᠠᠯᠠᠯ ᠳᠤ ᠬᠢᠨᠠᠯᠲᠠ ᠲᠠᠯᠪᠢᠬᠤ ᠭᠠᠵᠠᠷ ᠤᠨ ᠠᠵᠤ ᠦᠶᠯᠡᠰ ᠢᠶᠠᠷ ᠶᠠᠳᠠᠭᠤ ᠶᠢ ᠲᠡᠳᠬᠦᠬᠦ ᠰᠢᠨᠵᠢᠯᠡᠭᠡ ᠮᠡᠷᠭᠡᠵᠢᠯ | ᠤᠨ ᠳᠠᠭᠠᠭᠠᠴᠢᠯᠠᠨ ᠬᠤᠯᠪᠤᠭᠠᠯᠠᠬᠤ ᠳᠤᠭᠤᠶᠢᠯᠠᠩ ᠨᠢ 3 ᠰᠠᠷ᠎ᠠ ᠶᠢᠨ 19 ᠤ ᠡᠳᠦᠷ ᠤᠨ ᠦᠳᠡ ᠶᠢᠨ ᠬᠤᠶᠢᠨ᠎ᠠ | ᠲᠠᠶᠢᠹᠤᠰᠧ ᠬᠤᠰᠢᠭᠤᠨ ᠳᠤ ᠬᠦᠷᠴᠦ ᠲᠠᠷᠢᠶᠠᠯᠠᠩ ᠮᠠᠯ ᠠᠵᠤ ᠠᠬᠤᠶ ᠶᠢᠨ ᠠᠵᠤ ᠦᠶᠯᠡᠰ ᠢᠶᠠᠷ ᠨᠠᠷᠢᠯᠢᠭ | ᠤᠨᠤᠪᠴᠢᠲᠠᠢ ᠶᠠᠳᠠᠭᠤ ᠶᠢ ᠲᠡᠳᠬᠦᠬᠦ ᠰᠢᠨᠵᠢᠯᠡᠭᠡ ᠮᠡᠷᠭᠡᠵᠢᠯ ᠤᠨ ᠳᠠᠭᠠᠭᠠᠴᠢᠯᠠᠨ ᠬᠤᠯᠪᠤᠭᠠᠯᠠᠬᠤ ᠠᠵᠢᠯ ᠢ | ᠥᠷᠨᠢᠭᠦᠯᠪᠡ᠃ | ᠡᠩ ᠲᠡᠷᠢᠭᠦᠨ ᠳᠤ᠂ ᠰᠢᠯᠢ ᠶᠢᠨ ᠭᠤᠣᠯ ᠠᠶᠢᠮᠠᠭ᠂ ᠲᠠᠶᠢᠹᠤᠰᠧ ᠬᠤᠰᠢᠭᠤ ᠲᠠᠢ ᠢᠳᠡᠪᠬᠢᠲᠡᠢ ᠬᠠᠷᠢᠯᠴᠠᠨ᠎ᠠ | ᠥᠪᠡᠷᠲᠡᠭᠡᠨ ᠵᠠᠰᠠᠬᠤ ᠣᠷᠣᠨ ᠤ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠭᠠᠵᠠᠷ ᠤᠨ | ᠳᠠᠭᠠᠭᠠᠴᠢᠯᠠᠨ ᠬᠤᠯᠪᠣᠭᠠᠯᠠᠬᠤ ᠠᠵᠢᠯ ᠤᠨ ᠳᠤᠭᠤᠶᠢᠯᠠᠩ ᠨᠢ ᠲᠠᠶᠢᠹᠤᠰᠧ ᠬᠤᠰᠢᠭᠤᠨ ᠤ ᠳᠠᠭᠠᠭᠠᠴᠢᠯᠠᠨ | ᠬᠤᠯᠪᠣᠭᠠᠯᠠᠬᠤ ᠠᠵᠢᠯ ᠢ ᠰᠠᠶᠢᠲᠤᠷ ᠬᠢᠬᠦ ᠶᠢᠨ ᠲᠥᠯᠥᠭᠡ ᠬᠦᠯᠢᠶᠡᠬᠦ ᠦᠭᠡᠢ ᠲᠦᠰᠢᠬᠦ ᠦᠭᠡᠢ ᠪᠠᠶᠢᠵᠤ᠂ ᠠᠵᠢᠯ ᠤᠨ | ᠡᠭᠦᠷᠭᠡ ᠪᠠᠨ ᠲᠣᠭᠲᠠᠭᠠᠭᠰᠠᠨ ᠤ ᠳᠠᠷᠠᠭ᠎ᠠ᠂ ᠲᠡᠷᠡ ᠳᠠᠷᠤᠶ ᠳᠤᠨᠢ ᠰᠢᠯᠢ ᠶᠢᠨ ᠭᠤᠣᠯ ᠠᠶᠢᠮᠠᠭ ᠤᠨ ᠲᠠᠷᠢᠶᠠᠯᠠᠩ ᠮᠠᠯ | ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠣᠪᠴᠢᠶ᠎ᠠ᠂ ᠲᠠᠶᠢᠹᠤᠰᠧ ᠬᠤᠰᠢᠭᠤᠨ ᠤ ᠲᠠᠷᠢᠶᠠᠯᠠᠩ | ᠮᠠᠯ ᠠᠵᠤ ᠠᠬᠤᠶ ᠪᠠ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠲᠠᠢ ᠬᠠᠷᠢᠯᠴᠠᠵᠤ᠂ ᠠᠶᠢᠮᠠᠭ᠂ ᠬᠤᠰᠢᠭᠤ | ᠬᠤᠶᠠᠷ ᠱᠠᠲᠤᠨ ᠤ ᠳᠠᠭᠠᠭᠠᠴᠢᠯᠠᠨ ᠬᠤᠯᠪᠣᠭᠠᠯᠠᠬᠤ ᠠᠵᠢᠯ ᠪᠠ ᠲᠤᠰᠬᠠᠶ ᠮᠡᠷᠭᠡᠵᠢᠯᠲᠡᠨ ᠤ ᠬᠠᠷᠢᠯᠴᠠᠬᠤ ᠬᠥᠮᠦᠨ ᠢ | ᠲᠣᠭᠲᠠᠭᠠᠵᠠᠶ᠃ | ᠬᠤᠶᠠᠳᠤᠭᠠᠷ ᠲᠤ᠂ ᠲᠠᠶᠢᠹᠤᠰᠧ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ | ᠮᠡᠷᠭᠡᠵᠢᠯ ᠤᠨ ᠲᠣᠪᠴᠢᠶ᠎ᠠ ᠲᠠᠢ ᠠᠵᠢᠯ ᠢᠶᠠᠨ ᠵᠣᠯᠭᠠᠭᠤᠯᠤᠨ ᠰᠠᠭᠤᠳᠠᠯ ᠤᠨ ᠬᠤᠷᠠᠯ ᠬᠢᠵᠡᠢ | 3 ᠰᠠᠷ᠎ᠠ ᠶᠢᠨ 20 ᠤ ᠡᠳᠦᠷ᠂ ᠲᠠᠶᠢᠹᠤᠰᠧ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ | ᠤᠬᠠᠭᠠᠨ ᠮᠡᠷᠭᠡᠵᠢᠯ ᠤᠨ ᠲᠣᠪᠴᠢᠶ᠎ᠠ ᠲᠠᠢ ᠠᠵᠤ ᠦᠶᠯᠡᠰ ᠢᠶᠠᠷ ᠶᠠᠳᠠᠭᠤ ᠶᠢ ᠲᠡᠳᠬᠦᠬᠦ ᠰᠢᠨᠵᠢᠯᠡᠭᠡ ᠮᠡᠷᠭᠡᠵᠢᠯ ᠢᠶᠠᠷ | ᠳᠠᠭᠠᠭᠠᠴᠢᠯᠠᠨ ᠬᠤᠯᠪᠣᠭᠠᠯᠠᠬᠤ ᠠᠵᠢᠯ ᠢ ᠵᠣᠯᠭᠠᠯᠳᠤᠭᠤᠯᠤᠨ ᠶᠠᠷᠢᠯᠴᠠᠬᠤ ᠰᠠᠭᠤᠳᠠᠯ ᠤᠨ ᠬᠤᠷᠠᠯ ᠬᠢᠪᠡ᠃ | ᠥᠪᠡᠷᠲᠡᠭᠡᠨ ᠵᠠᠰᠠᠬᠤ ᠣᠷᠣᠨ ᠤ ᠳᠠᠭᠠᠭᠠᠴᠢᠯᠠᠨ ᠬᠤᠯᠪᠤᠭᠠᠯᠠᠬᠤ ᠳᠤᠭᠤᠶᠢᠯᠠᠩ ᠤᠨ ᠪᠦᠬᠦ ᠭᠡᠰᠢᠭᠦᠨ᠂ ᠰᠢᠯᠢ ᠶᠢᠨ | ᠭᠤᠤᠯ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠣᠪᠴᠢᠶ᠎ᠠ ᠶᠢᠨ | ᠲᠥᠮᠥᠰᠥ ᠪᠠ ᠮᠢᠬᠠᠨ ᠦᠬᠡᠷ ᠤᠨ ᠲᠡᠵᠢᠭᠡᠯᠭᠡ ᠶᠢᠨ ᠲᠤᠰᠬᠠᠶ ᠮᠡᠷᠭᠡᠵᠢᠯᠲᠡᠨ᠂ ᠲᠠᠶᠢᠹᠤᠰᠧ ᠬᠤᠰᠢᠭᠤᠨ ᠤ | ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠶᠢᠨ ᠤᠳᠤᠷᠢᠳᠤᠯᠭ᠎ᠠ᠂ | ᠲᠤᠰᠬᠠᠶ ᠮᠡᠷᠭᠡᠵᠢᠯᠲᠡᠨ ᠪᠠ ᠠᠵᠢᠯᠲᠠᠨ ᠰᠠᠭᠤᠳᠠᠯ ᠤᠨ ᠬᠤᠷᠠᠯ ᠳᠤ ᠣᠷᠣᠯᠴᠠᠪᠠ᠃ ᠥᠪᠡᠷᠲᠡᠭᠡᠨ ᠵᠠᠰᠠᠬᠤ ᠣᠷᠣᠨ᠂ | ᠰᠢᠯᠢ ᠶᠢᠨ ᠭᠤᠣᠯ ᠠᠶᠢᠮᠠᠭ᠂ ᠲᠠᠶᠢᠹᠤᠰᠧ ᠬᠤᠰᠢᠭᠤ ᠭᠤᠷᠪᠠᠨ ᠱᠠᠲᠤᠨ ᠤ ᠬᠤᠷᠠᠯ ᠳᠤ ᠣᠷᠣᠯᠴᠠᠭᠰᠠᠳ ᠨᠢ ᠴᠥᠮ | ᠢᠳᠡᠪᠬᠢᠲᠡᠢ ᠶᠠᠷᠢᠯᠴᠠᠭ᠎ᠠ ᠦᠷᠨᠢᠭᠦᠯᠵᠦ᠂ ᠥᠪᠡᠷᠲᠡᠭᠡᠨ ᠵᠠᠰᠠᠬᠤ ᠣᠷᠣᠨ ᠤ ᠠᠵᠤ ᠦᠶᠯᠡᠰ ᠢᠶᠠᠷ ᠶᠠᠳᠠᠭᠤ ᠶᠢ | ᠲᠡᠳᠬᠦᠬᠦ ᠭᠤᠤᠯ ᠱᠤᠭᠤᠮ ᠪᠣᠯᠤᠨ ᠲᠠᠶᠢᠹᠤᠰᠧ ᠬᠤᠰᠢᠭᠤᠨ ᠤ ᠠᠵᠤ ᠦᠶᠯᠡᠰ ᠢᠶᠠᠷ ᠶᠠᠳᠠᠭᠤ ᠶᠢ ᠳᠡᠳᠬᠦᠵᠦ | ᠪᠠᠶᠢᠭ᠎ᠠ ᠭᠤᠣᠯᠳᠠᠯᠭᠠᠲᠤ ᠠᠵᠤ ᠦᠢᠯᠡᠰ ᠪᠣᠯᠬᠤ ᠲᠥᠮᠥᠰᠥ ᠲᠠᠷᠢᠬᠤ ᠪᠠ ᠮᠢᠬᠠᠨ ᠦᠬᠡᠷ ᠤᠨ ᠲᠡᠵᠢᠭᠡᠯᠭᠡ ᠶᠢ | ᠶᠠᠳᠠᠭᠤ ᠶᠢ ᠲᠡᠳᠬᠦᠬᠦ ᠠᠵᠢᠯ ᠤᠨ ᠭᠤᠤᠯᠳᠠᠯᠭ᠎ᠠ ᠪᠣᠯᠭᠠᠬᠤ ᠪᠠᠷ ᠲᠣᠭᠲᠠᠭᠰᠠᠨ ᠪᠥᠭᠡᠳ ᠥᠪᠡᠷᠲᠡᠭᠡᠨ ᠵᠠᠰᠠᠬᠤ | ᠣᠷᠣᠨ ᠤ ᠠᠮᠢᠲᠠᠨ ᠤ ᠡᠷᠡᠭᠦᠯ ᠬᠠᠮᠠᠭᠠᠯᠠᠯ ᠳᠤ ᠬᠢᠨᠠᠯᠲᠠ ᠲᠠᠯᠪᠢᠬᠤ ᠭᠠᠵᠠᠷ᠂ ᠰᠢᠯᠢ ᠶᠢᠨ ᠭᠤᠣᠯ ᠠᠶᠢᠮᠠᠭ ᠤᠨ | ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ ᠤ ᠲᠣᠪᠴᠢᠶ᠎ᠠ᠂ ᠲᠠᠶᠢᠹᠤᠰᠧ ᠬᠤᠰᠢᠭᠤᠨ | ᠤ ᠤᠯᠤᠰ ᠲᠥᠷᠥ ᠶᠢᠨ ᠵᠥᠪᠯᠡᠯᠭᠡᠨ᠂ ᠲᠠᠷᠢᠶᠠᠯᠠᠩ ᠮᠠᠯ ᠠᠵᠤ ᠠᠬᠤᠶ ᠪᠠ ᠰᠢᠨᠵᠢᠯᠡᠬᠦ ᠤᠬᠠᠭᠠᠨ ᠮᠡᠷᠭᠡᠵᠢᠯ ᠤᠨ | ᠲᠣᠪᠴᠢᠶ᠎ᠠ ᠶᠢ ᠪᠠᠭᠲᠠᠭᠠᠭᠰᠠᠨ ᠭᠤᠷᠪᠠᠨ ᠱᠠᠲᠤᠨ ᠤ ᠳᠠᠭᠠᠭᠠᠴᠢᠯᠠᠨ ᠬᠤᠯᠪᠣᠭᠠᠯᠠᠬᠤ ᠠᠵᠢᠯ ᠤᠨ ᠳᠤᠭᠤᠶᠢᠯᠠᠩ ᠢ | ᠪᠠᠶᠢᠭᠤᠯᠵᠤ᠂ ᠲᠣᠰ ᠲᠣᠰ ᠤᠨ ᠠᠵᠢᠯ ᠤᠨ ᠬᠤᠪᠢᠶᠠᠷᠢᠯᠠᠯ ᠢᠶᠠᠨ ᠲᠣᠳᠣᠷᠬᠠᠶᠢᠯᠠᠪᠠ᠃ | ᠭᠤᠷᠪᠠᠳᠤᠭᠠᠷ ᠲᠤ᠂ ᠲᠠᠶᠢᠹᠤᠰᠧ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠲᠠᠢ ᠠᠵᠢᠯ ᠢᠶᠠᠨ | ᠵᠣᠯᠭᠠᠭᠤᠯᠤᠨ ᠰᠠᠭᠤᠳᠠᠯ ᠤᠨ ᠬᠤᠷᠠᠯ ᠬᠢᠵᠡᠢ | 3 ᠰᠠᠷ᠎ᠠ ᠶᠢᠨ 23 ᠤ ᠡᠳᠦᠷ᠂ ᠳᠠᠭᠠᠭᠠᠴᠢᠯᠠᠨ ᠬᠤᠯᠪᠤᠭᠠᠯᠠᠬᠤ ᠳᠤᠭᠤᠶᠢᠯᠠᠩ ᠤᠨ ᠬᠢᠨ ᠨᠢ ᠲᠠᠶᠢᠹᠤᠰᠧ | ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠠᠮᠢᠶ᠎ᠠ ᠪᠦᠬᠦᠢ ᠬᠥᠮᠦᠰ ᠲᠠᠢ ᠠᠵᠤ ᠦᠶᠯᠡᠰ ᠢᠶᠠᠷ | ᠶᠠᠳᠠᠭᠤ ᠶᠢ ᠲᠡᠳᠬᠦᠬᠦ ᠰᠢᠨᠵᠢᠯᠡᠭᠡ ᠮᠡᠷᠭᠡᠵᠢᠯ ᠢᠶᠠᠷ ᠳᠠᠭᠠᠭᠠᠴᠢᠯᠠᠨ ᠬᠤᠯᠪᠣᠭᠠᠯᠠᠬᠤ ᠠᠵᠢᠯ ᠢ ᠵᠣᠯᠭᠠᠭᠤᠯᠬᠤ | ᠰᠠᠭᠤᠳᠠᠯ ᠤᠨ ᠬᠤᠷᠠᠯ ᠬᠢᠪᠡ᠃ ᠲᠠᠶᠢᠹᠤᠰᠧ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠪᠣᠷᠤᠬᠦᠦ᠂ ᠬᠤᠰᠢᠭᠤ | ᠨᠠᠮ ᠤᠨ ᠬᠤᠷᠢᠶ᠎ᠠ ᠶᠢᠨ ᠪᠠᠶᠢᠩᠭᠤ ᠶᠢᠨ ᠬᠤᠷᠢᠶᠠᠨ ᠤ ᠠᠯᠪᠠᠨ ᠭᠡᠷ ᠤᠨ ᠡᠷᠬᠢᠯᠡᠭᠴᠢ ᠵᠤᠤ ᠵᠢᠶᠠᠨ ᠳ᠋ᠦᠩ᠂ | ᠲᠠᠶᠢᠹᠤᠰᠧ ᠬᠤᠰᠢᠭᠤᠨ ᠤ ᠲᠠᠷᠢᠶᠠᠯᠠᠩ ᠮᠠᠯ ᠠᠵᠤ ᠠᠬᠤᠶ ᠪᠠ ᠰᠢᠨᠵᠢᠯᠡᠬᠦ ᠤᠬᠠᠭᠠᠨ ᠮᠡᠷᠭᠡᠵᠢᠯ ᠤᠨ ᠲᠣᠪᠴᠢᠶ᠎ᠠ ᠶᠢᠨ | ᠤᠳᠤᠷᠢᠳᠤᠯᠭ᠎ᠠ᠂ ᠲᠤᠰᠬᠠᠶ ᠮᠡᠷᠭᠡᠵᠢᠯᠲᠡᠨ ᠪᠠ ᠬᠠᠮᠢᠶ᠎ᠠ ᠪᠦᠬᠦᠢ ᠠᠵᠢᠯᠲᠠᠳ ᠰᠠᠭᠤᠳᠠᠯ ᠤᠨ ᠬᠤᠷᠠᠯ ᠳᠤ ᠣᠷᠣᠯᠴᠠᠪᠠ᠃ | ᠪᠣᠷᠣᠬᠦᠦ ᠱᠦᠵᠢ ᠲᠠᠶᠢᠹᠣᠰᠧ ᠬᠤᠰᠢᠭᠤᠨ ᠤ ᠨᠠᠷᠢᠯᠢᠭ ᠤᠨᠤᠪᠴᠢᠲᠠᠢ ᠪᠠᠷ ᠶᠠᠳᠠᠭᠤ ᠶᠢ ᠲᠡᠳᠬᠦᠬᠦ ᠶᠡᠷᠦᠩᠬᠡᠶ | ᠪᠠᠶᠢᠳᠠᠯ ᠪᠣᠯᠤᠨ ᠣᠳᠣᠬᠠᠨ ᠤ ᠠᠵᠢᠯ ᠤᠨ ᠠᠬᠢᠯᠲᠠ ᠶᠢᠨ ᠪᠠᠶᠢᠳᠠᠯ ᠢ ᠲᠠᠨᠢᠯᠴᠠᠭᠤᠯᠬᠤ ᠶᠢᠨ ᠬᠠᠮᠲᠤ ᠥᠪᠡᠷᠲᠡᠭᠡᠨ | ᠵᠠᠰᠠᠬᠤ ᠣᠷᠣᠨ ᠤ ᠠᠵᠤ ᠦᠶᠯᠡᠰ ᠢᠶᠠᠷ ᠨᠠᠷᠢᠯᠢᠭ ᠤᠨᠤᠪᠴᠢᠲᠠᠢ ᠪᠠᠷ ᠶᠠᠳᠠᠭᠤ ᠶᠢ ᠲᠡᠳᠬᠦᠬᠦ ᠰᠢᠨᠵᠢᠯᠡᠭᠡ ᠮᠡᠷᠭᠡᠵᠢᠯ | ᠢᠶᠠᠷ ᠳᠠᠭᠠᠭᠠᠴᠢᠯᠠᠨ ᠬᠤᠯᠪᠣᠭᠠᠯᠠᠬᠤ ᠠᠵᠢᠯ ᠳᠤ ᠢᠳᠡᠪᠬᠢᠲᠡᠢ ᠬᠠᠮᠵᠢᠯᠴᠠᠵᠤ᠂ ᠲᠠᠶᠢᠹᠣᠰᠧ ᠬᠤᠰᠢᠭᠤᠨ ᠤ ᠶᠠᠳᠠᠭᠤ | ᠠᠴᠠ ᠠᠩᠭᠢᠵᠢᠷᠠᠭᠤᠯᠬᠤ ᠠᠵᠢᠯ ᠢ ᠬᠠᠮᠲᠤᠪᠠᠷ ᠰᠠᠶᠢᠲᠤᠷ ᠬᠢᠬᠦ ᠶᠢᠨ ᠵᠡᠷᠭᠡ ᠪᠠᠷ᠂ ᠬᠤᠰᠢᠭᠤ ᠨᠠᠮ ᠤᠨ ᠬᠤᠷᠢᠶᠠᠨ ᠤ | ᠪᠠᠶᠢᠩᠭᠤ ᠶᠢᠨ ᠭᠡᠰᠢᠭᠦᠨ᠂ ᠪᠠᠶᠢᠩᠭᠤ ᠶᠢᠨ ᠬᠤᠷᠢᠶᠠᠨ ᠤ ᠠᠯᠪᠠᠨ ᠭᠡᠷ ᠤᠨ ᠡᠷᠬᠢᠯᠡᠭᠴᠢ ᠵᠤᠤ ᠵᠢᠶᠠᠨ ᠳ᠋ᠦᠩ ᠢ | ᠬᠠᠷᠢᠯᠴᠠᠬᠤ ᠬᠦᠮᠦᠨ ᠪᠣᠯᠭᠠᠬᠤ ᠪᠠᠷ ᠲᠣᠭᠲᠠᠵᠠᠶ᠃ | ᠬᠡᠳᠦᠨ ᠡᠳᠦᠷ ᠤᠨ ᠬᠤᠭᠤᠴᠠᠭᠠᠨ ᠳᠤ᠂ ᠳᠠᠭᠠᠭᠠᠴᠢᠯᠠᠨ ᠬᠤᠯᠪᠤᠭᠠᠯᠠᠬᠤ ᠳᠤᠭᠤᠶᠢᠯᠠᠩ ᠤᠨ ᠬᠢᠨ ᠨᠢ ᠠᠵᠢᠯ | ᠢᠶᠠᠨ ᠢᠳᠡᠪᠬᠢᠲᠡᠢ ᠥᠷᠨᠢᠭᠦᠯᠵᠦ᠂ ᠶᠠᠳᠠᠭᠤ ᠶᠢ ᠲᠡᠳᠬᠦᠬᠦ ᠬᠠᠮᠢᠶ᠎ᠠ ᠪᠦᠬᠦᠢ ᠲᠥᠷᠦ ᠶᠢᠨ ᠪᠣᠳᠣᠯᠭ᠎ᠠ ᠶᠢ | ᠰᠤᠷᠤᠯᠴᠠᠵᠤ᠂ 3 ᠰᠠᠷ᠎ᠠ ᠶᠢᠨ 22 ᠤᠨ ᠡᠳᠦᠷ ᠲᠠᠶᠢᠹᠣᠰᠧ ᠬᠤᠰᠢᠭᠤᠨ ᠤ ᠨᠠᠮ ᠤᠨ ᠬᠤᠷᠢᠶᠠᠨ ᠤ | ᠬᠤᠷᠠᠯᠳᠤᠭᠤᠯᠤᠭᠰᠠᠨ ︽ᠪᠦᠬᠦ ᠬᠤᠰᠢᠭᠤᠨ ᠤ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠤᠨ | ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠪᠠ ᠰᠤᠷᠲᠠᠯ ᠢ ᠴᠡᠭᠴᠡᠯᠡᠬᠦ ᠶᠡᠭᠡ ᠬᠤᠷᠠᠯ︾ ᠳᠤ ᠣᠷᠣᠯᠴᠠᠪᠠ᠃ | ᠶᠠᠳᠠᠭᠤ ᠶᠢ ᠲᠡᠳᠬᠦᠬᠦ ᠮᠠᠲ᠋ᠧᠷᠢᠶᠠᠯ ᠢ ᠪᠠᠶᠢᠴᠠᠭᠠᠨ ᠦᠵᠡᠬᠦ᠂ ᠠᠵᠤ ᠠᠬᠤᠶᠢᠯᠠᠯ ᠲᠠᠢ ᠶᠠᠷᠢᠯᠴᠠᠬᠤ᠂ ᠡᠷᠦᠬᠡ ᠳᠤ | ᠬᠦᠷᠴᠦ ᠪᠠᠶᠢᠴᠠᠭᠠᠯᠲᠠ ᠬᠢᠬᠦ ᠵᠡᠷᠭᠡ ᠠᠷᠭ᠎ᠠ ᠬᠡᠯᠪᠡᠷᠢ ᠪᠠᠷ ᠳᠠᠮᠵᠢᠨ᠂ ᠲᠠᠶᠢᠹᠤᠰᠧ ᠬᠤᠰᠢᠭᠤᠨ ᠤ ᠶᠠᠳᠠᠭᠤ | ᠬᠦᠴᠢᠷᠳᠡᠯ ᠤᠨ ᠦᠨᠳᠦᠰᠦᠨ ᠪᠠᠶᠢᠳᠠᠯ᠂ ᠲᠠᠷᠢᠮᠠᠯ ᠤᠨ ᠦᠢᠯᠡᠰ ᠤᠨ ᠠᠵᠤ ᠦᠢᠯᠡᠰ ᠢᠶᠠᠷ ᠶᠠᠳᠠᠭᠤ ᠶᠢ ᠲᠡᠳᠬᠦᠬᠦ | ᠪᠠᠶᠢᠳᠠᠯ᠂ ᠮᠠᠯ ᠠᠵᠤ ᠠᠬᠤᠢ ᠶᠢᠨ ᠠᠵᠤ ᠦᠢᠯᠡᠰ ᠢᠶᠠᠷ ᠶᠠᠳᠠᠭᠤ ᠶᠢ ᠲᠡᠳᠬᠦᠬᠦ ᠪᠠᠶᠢᠳᠠᠯ ᠵᠢᠴᠢ ᠣᠷᠣᠰᠢᠵᠤ ᠪᠠᠶᠢᠭ᠎ᠠ | ᠠᠰᠠᠭᠤᠳᠠᠯ ᠢ ᠣᠶᠢᠯᠠᠭᠠᠵᠤ᠂ ᠲᠠᠶᠢᠹᠤᠰᠧ ᠬᠤᠰᠢᠭᠤᠨ ᠤ ᠪᠦᠬᠦᠶᠢᠯᠡ ᠪᠠᠶᠢᠳᠠᠯ ᠢ ᠠᠩᠬ᠎ᠠ ᠠᠯᠬᠤᠮ ᠪᠠᠶᠢᠴᠠᠭᠠᠨ | ᠰᠤᠳᠤᠯᠪᠠ᠃ |