ᠬᠤᠨᠢ ᠢᠮᠠᠭᠠᠨ ᠤ ᠨᠢᠲᠤᠯᠭᠠᠨ ᠤ ᠬᠢᠵᠢᠭ ᠪᠠᠶᠢᠴᠠᠭᠠᠯᠲᠠ ᠶᠢᠨ ᠵᠢᠷᠤᠮ
ᠨᠡᠶᠢᠲᠡᠯᠡᠭᠰᠡᠨ ᠴᠠᠭ᠄
2020/7/4
        ᠬᠤᠨᠢ ᠢᠮᠠᠭᠠᠨ ᠤ ᠨᠢᠲᠤᠯᠭᠠᠨ ᠤ ᠬᠢᠵᠢᠭ ᠪᠠᠶᠢᠴᠠᠭᠠᠯᠲᠠ ᠶᠢᠨ ᠵᠢᠷᠤᠮ                 农医发 ﹇2010﹈ 27号      1. ᠬᠡᠷᠡᠭᠯᠡᠬᠦ ᠬᠦᠷᠢᠶ᠎ᠡ ᠬᠡᠪᠴᠢᠶ᠎ᠡ᠂ ᠡᠨᠡ ᠵᠢᠷᠤᠮ ᠳᠤ ᠬᠤᠨᠢ ᠢᠮᠠᠭᠠᠨ ᠤ ᠨᠢᠲᠤᠯᠭᠠᠨ ᠤ ᠲᠠᠯᠠᠪᠤᠷ ︵ᠦᠢᠯᠡᠳᠪᠦᠷᠢ᠂ ᠴᠢᠭ︶ ᠲᠤ ᠣᠷᠣᠭᠤᠯᠬᠤ ᠶᠢ ᠬᠢᠨᠠᠵᠤ ᠰᠢᠯᠭᠠᠬᠤ᠂ ᠨᠢᠲᠤᠯᠭᠠᠨ ᠤ ᠡᠮᠦᠨᠡᠬᠢ ᠦᠵᠡᠯᠭᠡ᠂ ᠬᠠᠮᠲᠤ ᠳᠤ ᠨᠢ ᠬᠢᠵᠢᠭ ᠪᠠᠶᠢᠴᠠᠭᠠᠯᠲᠠ᠂ ᠬᠢᠵᠢᠭ ᠪᠠᠶᠢᠴᠠᠭᠠᠯᠲᠠ ᠶᠢᠨ ᠦᠷ᠎ᠡ ᠳ᠋ᠦᠩ ᠤᠨ ᠰᠢᠢᠳᠪᠦᠷᠢᠯᠡᠯᠲᠡ ᠪᠣᠯᠣᠨ ᠬᠢᠵᠢᠭ ᠪᠠᠶᠢᠴᠠᠭᠠᠯᠲᠠ ᠶᠢᠨ ᠲᠡᠮᠳᠡᠭᠯᠡᠯ ᠵᠡᠷᠭᠡ ᠦᠢᠯᠡ ᠠᠵᠢᠯᠯᠠᠭᠠᠨ ᠤ ᠵᠢᠷᠤᠮ ᠢ ᠲᠣᠭᠲᠠᠭᠠᠪᠠ᠃ ᠡᠨᠡ ᠵᠢᠷᠤᠮ ᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠢᠵᠠᠭᠠᠷ ᠲᠤ ᠪᠠᠶᠢᠬᠤ ᠬᠤᠨᠢ ᠢᠮᠠᠭᠠᠨ ᠤ ᠨᠢᠲᠤᠯᠭᠠᠨ ᠤ ᠬᠢᠵᠢᠭ ᠪᠠᠶᠢᠴᠠᠭᠠᠯᠲᠠ ᠳᠤ ᠬᠡᠷᠡᠭᠯᠡᠨ᠎ᠡ᠃      2. ᠬᠢᠵᠢᠭ ᠪᠠᠶᠢᠴᠠᠭᠠᠯᠲᠠ ᠶᠢᠨ ᠣᠸ᠋ᠶᠧᠺᠲ ᠬᠥᠯ ᠠᠮᠠᠨ ᠤ ᠡᠪᠡᠳᠴᠢᠨ᠂ ᠬᠠᠮᠠᠭᠤ᠂ ᠬᠤᠳᠣᠭᠤᠳᠤ ᠰᠠᠷᠬᠢᠨᠠᠭ ᠤᠨ ᠡᠪᠡᠳᠴᠢᠨ᠂ ᠬᠤᠨᠢᠨ ᠤ ᠪᠣᠳᠣ ᠪᠣᠯᠣᠨ ᠢᠮᠠᠭᠠᠨ ᠤ ᠪᠣᠳᠣ᠂ ᠬᠠᠷᠠᠤ᠂ ᠪᠷᠤᠼᠧᠯᠯᠶᠣᠽ᠂ ᠡᠯᠢᠭᠡᠨ ᠤ ᠬᠢᠯᠲᠠᠩ ᠤᠨ ᠴᠢᠰᠤ ᠰᠣᠷᠣᠭᠴᠢ ᠬᠤᠮᠬᠠᠭ᠎ᠠ᠂ ᠭᠢᠳᠠᠲ᠋ᠢᠳ᠋ ᠤᠨ ᠡᠪᠡᠳᠴᠢᠨ᠃      3. ᠬᠢᠵᠢᠭ ᠪᠠᠶᠢᠴᠠᠭᠠᠯᠲᠠ ᠶᠢᠨ ᠬᠢᠷᠢ ᠳᠤ ᠬᠦᠷᠬᠦ ᠪᠠᠷᠢᠮᠵᠢᠶ᠎ᠠ      3.1 ᠲᠠᠯᠠᠪᠤᠷ ︵ᠦᠢᠯᠡᠳᠪᠦᠷᠢ᠂ ᠴᠢᠭ︶ ᠲᠤ ᠣᠷᠣᠭᠤᠯᠬᠤ ᠦᠶ᠎ᠡ ᠳᠤ ᠬᠦᠴᠦᠨ ᠪᠦᠬᠦᠢ ︽ᠠᠮᠢᠲᠠᠨ ᠤ ᠬᠢᠵᠢᠭ ᠲᠠᠬᠤᠯ ᠤᠨ ᠪᠠᠶᠢᠴᠠᠭᠠᠯᠲᠠ ᠳᠤ ᠬᠢᠷᠢ ᠳᠤ ᠨᠡᠶᠢᠴᠡᠭᠰᠡᠨ ᠦᠨᠡᠮᠯᠡᠬᠦ︾ ᠶᠢ ᠪᠦᠷᠢᠳᠦᠭᠦᠯᠦᠭᠰᠡᠨ ᠪᠠᠶᠢᠬᠤ ᠬᠡᠷᠡᠭᠲᠡᠢ᠃ ᠮᠠᠯ ᠰᠢᠪᠠᠭᠤᠨ ᠤ ᠱᠣᠰᠢᠭ᠎ᠠ ᠨᠢ ᠤᠯᠤᠰ ᠤᠨ ᠳᠦᠷᠢᠮ ᠲᠣᠭᠲᠠᠭᠠᠯ ᠤᠨ ᠳᠠᠭᠠᠤ ᠪᠠᠶᠢᠬᠤ ᠬᠡᠷᠡᠭᠲᠡᠢ᠃      3.2 ᠵᠢᠷᠤᠮᠵᠢᠯ ᠦᠭᠡᠢ ᠬᠠᠯᠳᠠᠪᠤᠷᠢᠲᠤ ᠡᠪᠡᠳᠴᠢᠨ ᠪᠣᠯᠣᠨ ᠰᠢᠮᠡᠭᠴᠢ ᠬᠤᠷᠣᠬᠠᠢ ᠶᠢᠨ ᠡᠪᠡᠳᠴᠢᠨ᠃      3.3 ᠬᠢᠵᠢᠭ ᠲᠠᠬᠤᠯ ᠢ ᠯᠠᠪᠤᠷᠠᠲ᠋ᠣᠷᠢ ᠳᠤ ᠬᠢᠭᠰᠡᠨ ᠰᠢᠨᠵᠢᠯᠡᠭᠡᠨ ᠤ ᠳ᠋ᠦᠩ ᠢ ᠬᠦᠯᠢᠶᠡᠨ ᠵᠥᠪᠰᠢᠶᠡᠷᠡᠨ᠎ᠡ᠃      3.4 ᠲᠤᠰ ᠵᠢᠷᠤᠮ ᠳᠤ ᠲᠣᠭᠲᠠᠭᠠᠭᠰᠠᠨ ᠬᠢᠵᠢᠭ ᠪᠠᠶᠢᠴᠠᠭᠠᠯᠲᠠ ᠶᠢᠨ ᠠᠯᠬᠤᠮ ᠳᠠᠷᠠᠭ᠎ᠠ ᠪᠠᠷ ᠭᠦᠢᠴᠡᠳᠬᠡᠪᠡᠯ ᠬᠢᠵᠢᠭ ᠪᠠᠶᠢᠴᠠᠭᠠᠯᠲᠠ ᠶᠢᠨ ᠦᠷ᠎ᠡ ᠳ᠋ᠦᠩ ᠨᠢ ᠲᠣᠭᠲᠠᠭᠠᠯ ᠳᠤ ᠨᠡᠶᠢᠴᠡᠨ᠎ᠡ᠃      4. ᠲᠠᠯᠠᠪᠤᠷ ᠲᠤ ᠣᠷᠣᠭᠤᠯᠬᠤ ︵ᠦᠢᠯᠡᠳᠪᠦᠷᠢ᠂ ᠴᠢᠭ︶ ᠰᠢᠯᠭᠠᠨ ᠪᠠᠶᠢᠴᠠᠭᠠᠯᠲᠠ ᠶᠢ ᠬᠢᠨᠠᠬᠤ      4.1 ᠲᠠᠯᠠᠪᠤᠷ ︵ᠦᠢᠯᠡᠳᠪᠦᠷᠢ᠂ ᠴᠢᠭ︶ ᠲᠤ ᠨᠡᠪᠲᠡᠷᠡᠭᠦᠯᠬᠦ ᠠᠮᠢᠲᠠᠨ ᠤ ᠭᠡᠷᠡᠴᠢ ᠲᠡᠮᠳᠡᠭ ᠂ ᠡᠳ᠋ ᠵᠦᠢᠯ᠂ ᠬᠤᠨᠢ ᠢᠮᠠᠭᠠᠨ ᠤ ︽ᠠᠮᠢᠲᠠᠨ ᠤ ᠬᠢᠵᠢᠭ ᠪᠠᠶᠢᠴᠠᠭᠠᠯᠲᠠ ᠶᠢᠨ ᠬᠢᠷᠢ ᠳᠤ ᠨᠡᠶᠢᠴᠡᠭᠰᠡᠨ ᠦᠨᠡᠮᠯᠡᠬᠦ︾ ᠪᠣᠯᠣᠨ ᠵᠡᠭᠦᠭᠰᠡᠨ ᠱᠣᠰᠢᠭ᠎ᠠ ᠲᠡᠮᠳᠡᠭ ᠢ ᠰᠢᠯᠭᠠᠨ᠎ᠠ᠃      4.2 ᠬᠤᠨᠢ ᠢᠮᠠᠭᠠᠨ ᠤ ᠵᠠᠮ ᠲᠡᠭᠡᠭᠡᠪᠦᠷᠢᠯᠡᠯᠲᠡ ᠶᠢᠨ ᠳᠤᠮᠳᠠᠬᠢ ᠪᠠᠶᠢᠳᠠᠯ ᠢ ᠠᠰᠠᠭᠤᠵᠤ ᠯᠠᠪᠯᠠᠨ᠎ᠠ᠃      4.3 ᠺᠯᠢᠨᠢᠺ ᠤᠨ ᠦᠵᠡᠯᠭᠡ ᠪᠠᠷ ᠬᠤᠨᠢ ᠢᠮᠠᠭᠠᠨ ᠤ ᠰᠦᠷᠦᠭ ᠤᠨ ᠴᠤᠭ ᠵᠣᠯᠪᠣᠭ᠎ᠠ᠂ ᠭᠠᠳᠠᠷ ᠪᠠᠶᠢᠳᠠᠯ᠂ ᠠᠮᠢᠰᠬᠤᠯ ᠪᠣᠯᠣᠨ ᠢᠯᠭᠠᠳᠠᠰᠤ ᠵᠡᠷᠭᠡ ᠪᠠᠶᠢᠳᠠᠯ ᠢ ᠰᠢᠯᠭᠠᠨ᠎ᠠ᠃      4.4 ᠦᠷ᠎ᠡ ᠳ᠋ᠦᠩ ᠢ ᠰᠢᠢᠳᠬᠦ      4.4.1 ᠬᠦᠴᠦᠨ ᠲᠡᠭᠦᠯᠳᠡᠷ ᠪᠦᠬᠦᠢ ︽ᠠᠮᠢᠲᠠᠨ ᠤ ᠬᠢᠵᠢᠭ ᠤᠨ ᠪᠠᠶᠢᠴᠠᠭᠠᠯᠲᠠ ᠶᠢᠨ ᠬᠢᠷᠢ ᠳᠤ ᠨᠡᠶᠢᠴᠡᠭᠰᠡᠨ ᠦᠨᠡᠮᠯᠡᠬᠦ︾᠂ ᠭᠡᠷᠡᠴᠢ ᠪᠠᠷᠢᠮᠲᠠ ᠡᠳ᠋ ᠵᠦᠢᠯ ᠨᠢ ᠬᠤᠭᠤᠷᠣᠨᠳᠤ ᠪᠠᠨ ᠠᠪᠴᠠᠯᠳᠤᠭᠰᠠᠨ᠂ ᠮᠠᠯ ᠰᠢᠪᠠᠭᠤᠨ ᠤ ᠱᠣᠰᠢᠭ᠎ᠠ ᠨᠢ ᠱᠠᠭᠠᠷᠳᠠᠯᠭ᠎ᠠ ᠳᠤ ᠨᠡᠶᠢᠴᠡᠭᠰᠡᠨ᠂ ᠺᠯᠢᠨᠢᠺ ᠤᠨ ᠦᠵᠡᠯᠭᠡ ᠪᠠᠷ ᠡᠷᠡᠭᠦᠯ ᠮᠡᠨᠳᠦ ᠭᠠᠷᠤᠭᠰᠠᠨ ᠪᠠᠶᠢᠪᠠᠯ᠂ ᠲᠠᠯᠠᠪᠤᠷ ᠲᠤ ᠣᠷᠣᠭᠤᠯᠬᠤ ᠶᠢ ᠵᠥᠪᠰᠢᠶᠡᠷᠡᠵᠦ᠂ ᠲᠡᠭᠦᠨᠴᠢᠯᠡᠨ ︽ᠠᠮᠢᠲᠠᠨ ᠤ ᠬᠢᠵᠢᠭ ᠤᠨ ᠪᠠᠶᠢᠴᠠᠭᠠᠯᠲᠠ ᠬᠢᠷᠢ ᠳᠤ ᠨᠡᠶᠢᠴᠡᠭᠰᠡᠨ ᠦᠨᠡᠮᠯᠡᠬᠦ︾ ᠶᠢ ᠬᠤᠷᠢᠶᠠᠮᠵᠢᠯᠠᠨ ᠠᠪᠤᠨ᠎ᠠ᠃ ᠲᠠᠯᠠᠪᠤᠷ ︵ᠦᠢᠯᠡᠳᠪᠦᠷᠢ᠂ ᠴᠢᠭ︶ ᠨᠢ ᠭᠠᠭ᠋ᠠᠢ ᠶᠢ ᠤᠤᠯ ᠭᠠᠷᠤᠯᠲᠠ ᠶᠢᠨ ᠵᠦᠭ ᠠᠴᠠ ᠨᠢᠲᠤᠯᠭᠠᠨ ᠤ ᠬᠠᠰᠢᠶᠠᠨ ᠳᠤ ᠣᠷᠣᠭᠤᠯᠬᠤ ᠳᠠᠭᠠᠨ ᠠᠳᠠᠯᠢ ᠪᠤᠰᠤ ᠡᠵᠡᠳ ᠤᠨ᠂ ᠠᠳᠠᠯᠢ ᠪᠤᠰᠤ ᠵᠥᠪᠰᠢᠶᠡᠷᠡᠯ ᠢᠶᠠᠷ ᠪᠠᠲᠤᠯᠠᠭᠳᠠᠭᠰᠠᠨ ᠬᠤᠨᠢ ᠢᠮᠠᠭᠠᠨ ᠰᠦᠷᠦᠭ ᠢ ᠬᠤᠭᠤᠷᠣᠨᠳᠤ ᠨᠢ ᠬᠤᠯᠢᠵᠤ ᠬᠤᠳᠬᠤᠵᠤ ᠪᠣᠯᠬᠤ ᠦᠭᠡᠢ᠃      4.4.2 ᠬᠢᠷᠢ ᠳᠤ ᠬᠦᠷᠬᠦ ᠦᠭᠡᠢ᠂ ᠨᠥᠬᠦᠴᠡᠯ ᠳᠤ ᠲᠣᠬᠢᠷᠠᠭᠰᠠᠨ ᠦᠭᠡᠢ ᠶᠢ ᠤᠯᠤᠰ ᠤᠨ ᠬᠤᠯᠪᠣᠭᠳᠠᠯ ᠪᠦᠬᠦᠢ ᠲᠣᠭᠲᠠᠭᠠᠯ ᠤᠨ ᠳᠠᠭᠠᠤ ᠰᠢᠢᠳᠪᠦᠷᠢᠯᠡᠨ᠎ᠡ᠃      4.5 ᠪᠠᠷᠠᠭ᠎ᠠ ᠡᠵᠡᠮᠰᠢᠭᠴᠢ ᠪᠠᠷᠠᠭ᠎ᠠ ᠪᠠᠨ ᠪᠠᠭᠤᠯᠭᠠᠭᠰᠠᠨ ᠬᠤᠶᠢᠨ᠎ᠠ ᠲᠡᠭᠡᠭᠡᠪᠦᠷᠢ ᠶᠢᠨ ᠪᠠᠭᠠᠵᠢ ᠬᠡᠷᠡᠭᠰᠡᠯ ᠪᠣᠯᠣᠨ ᠬᠤᠯᠪᠣᠭᠳᠠᠬᠤ ᠡᠳ᠋ ᠵᠦᠢᠯ ᠢ ᠠᠷᠢᠭᠤᠳᠬᠠᠯ ᠬᠢᠬᠦ ᠳᠤ ᠬᠢᠨᠠᠯᠲᠠ ᠲᠠᠯᠪᠢᠨ᠎ᠠ᠃      5. ᠬᠢᠵᠢᠭ ᠪᠠᠶᠢᠴᠠᠭᠠᠯᠲᠠ ᠶᠢᠨ ᠡᠷᠭᠦᠳᠡᠯ      5.1 ᠡᠷᠭᠦᠳᠡᠯ ᠢ ᠬᠦᠯᠢᠶᠡᠵᠦ ᠠᠪᠤᠭᠰᠠᠨ ᠦᠶ᠎ᠡ ᠳᠤ ᠲᠠᠯᠠᠪᠤᠷ ︵ᠦᠢᠯᠡᠳᠪᠦᠷᠢ᠂ ᠴᠢᠭ︶ ᠤᠨ ᠬᠢᠨ ᠨᠢᠲᠤᠯᠭᠠᠨ ᠠᠴᠠ ᠵᠢᠷᠭᠤᠭᠠᠨ ᠴᠠᠭ ᠤᠨ ᠡᠮᠦᠨ᠎ᠡ ᠬᠢᠵᠢᠭ ᠪᠠᠶᠢᠴᠠᠭᠠᠯᠭᠠᠬᠤ ᠪᠠᠷ ᠮᠡᠳᠡᠭᠦᠯᠭᠡ ᠭᠠᠷᠭᠠᠵᠤ᠂ ᠬᠢᠵᠢᠭ ᠲᠠᠬᠤᠯ ᠠᠴᠠ ᠤᠷᠢᠳᠴᠢᠯᠠᠨ ᠰᠡᠷᠭᠡᠶᠢᠯᠡᠬᠦ ᠮᠠᠶ᠋ᠢᠭᠲᠤ ᠶᠢ ᠪᠥᠭᠯᠡᠨ᠎ᠡ᠃ ᠠᠯᠪᠠᠨ ᠶᠣᠰᠣᠨ ᠤ ᠮᠠᠯ ᠤᠨ ᠡᠮᠴᠢ ᠬᠢᠵᠢᠭ ᠪᠠᠶᠢᠴᠠᠭᠠᠯᠭᠠᠬᠤ ᠡᠷᠭᠦᠳᠡᠯ ᠢ ᠣᠯᠣᠭᠰᠠᠨ ᠤ ᠳᠠᠷᠠᠭ᠎ᠠ᠂ ᠬᠤᠯᠪᠣᠭᠳᠠᠯ ᠪᠦᠬᠦᠢ ᠪᠠᠶᠢᠳᠠᠯ ᠢ ᠦᠨᠳᠦᠰᠦᠯᠡᠵᠦ ᠬᠦᠯᠢᠶᠡᠨ ᠠᠪᠬᠤ ᠡᠰᠡᠬᠦ ᠶᠢ ᠲᠣᠭᠲᠠᠭᠠᠨ᠎ᠠ᠃ ᠬᠦᠯᠢᠶᠡᠨ ᠠᠪᠤᠭᠰᠠᠨ ᠪᠣᠯ ᠴᠠᠭ ᠲᠤᠬᠠᠢ ᠳᠤ ᠨᠢ ᠨᠢᠲᠤᠯᠭᠠᠨ ᠠᠴᠠ ᠡᠮᠦᠨᠡᠬᠢ ᠪᠠᠶᠢᠴᠠᠭᠠᠯᠲᠠ ᠬᠢᠨ᠎ᠡ︔ ᠬᠦᠯᠢᠶᠡᠵᠦ ᠠᠪᠤᠭᠰᠠᠨ ᠦᠭᠡᠢ ᠪᠣᠯ ᠤᠴᠢᠷ ᠰᠢᠯᠲᠠᠭᠠᠨ ᠢ ᠨᠢ ᠲᠣᠳᠣᠷᠬᠠᠶᠢᠯᠠᠬᠤ ᠬᠡᠷᠡᠭᠲᠡᠢ᠃      5.2 ᠡᠷᠭᠦᠳᠡᠯ ᠤᠨ ᠬᠡᠯᠪᠡᠷᠢ ᠭᠠᠵᠠᠷ ᠲᠤ ᠨᠢ ᠡᠷᠭᠦᠳᠡᠯ ᠢᠶᠠᠨ ᠲᠤᠰᠢᠶᠠᠨ᠎ᠠ᠃      6. ᠨᠢᠲᠤᠯᠭᠠᠨ ᠤ ᠡᠮᠦᠨᠡᠬᠢ ᠪᠠᠶᠢᠴᠠᠭᠠᠯᠲᠠ      6.1 ᠨᠢᠲᠤᠯᠭᠠᠨ ᠠᠴᠠ ᠡᠮᠦᠨᠡᠬᠢ ᠬᠤᠶᠠᠷ ᠴᠠᠭ ᠤᠨ ᠳᠣᠲᠣᠷ᠎ᠠ ᠠᠯᠪᠠᠨ ᠶᠣᠰᠣᠨ ᠤ ᠮᠠᠯ ᠤᠨ ᠡᠮᠴᠢ ︽ᠬᠡᠪᠢᠭᠴᠢ ᠠᠮᠢᠲᠠᠨ ᠤ ᠤᠤᠯ ᠭᠠᠷᠤᠯᠲᠠ ᠶᠢᠨ ᠭᠠᠵᠠᠷ ᠤᠨ ᠬᠢᠵᠢᠭ ᠪᠠᠶᠢᠴᠠᠭᠠᠯᠲᠠ ᠶᠢᠨ ᠵᠢᠷᠤᠮ︾ ᠳᠣᠲᠣᠷᠠᠬᠢ ︽ᠺᠯᠢᠨᠢᠺ ᠤᠨ ᠦᠵᠡᠯᠭᠡ︾ ᠶᠢᠨ ᠳᠠᠭᠠᠤ︾ ᠬᠡᠰᠡᠭᠴᠢᠯᠡᠭᠰᠡᠨ ᠰᠢᠯᠭᠠᠯᠲᠠ ᠬᠢᠨ᠎ᠡ᠃      6.2 ᠦᠷ᠎ᠡ ᠳ᠋ᠦᠩ ᠢ ᠰᠢᠢᠳᠬᠦ      6.2.1 ᠬᠢᠷᠢ ᠳᠤ ᠬᠦᠷᠦᠭᠰᠡᠨ ᠢ ᠨᠢᠲᠤᠯᠭᠠᠨ ᠳᠤ ᠪᠡᠯᠡᠳᠬᠡᠨ᠎ᠡ᠃      6.2.2 ᠬᠢᠷᠢ ᠳᠤ ᠬᠦᠷᠦᠭᠰᠡᠨ ᠦᠭᠡᠢ ᠶᠢ ᠳᠠᠷᠠᠭᠠᠬᠢ ᠲᠣᠭᠲᠠᠭᠠᠯ ᠢᠶᠠᠷ ᠰᠢᠢᠳᠪᠦᠷᠢᠯᠡᠨ᠎ᠡ᠃      6.2.2.1 ᠬᠥᠯ ᠠᠮᠠᠨ ᠤ ᠡᠪᠡᠳᠴᠢᠨ᠂ ᠬᠠᠮᠠᠭᠤ᠂ ᠬᠤᠳᠣᠭᠤᠳᠤ ᠰᠠᠷᠬᠢᠨᠠᠭ ᠤᠨ ᠡᠪᠡᠳᠴᠢᠨ᠂ ᠬᠤᠨᠢᠨ ᠤ ᠪᠣᠳᠣ ᠪᠣᠯᠣᠨ ᠢᠮᠠᠭᠠᠨ ᠤ ᠪᠣᠳᠣ᠂ ᠬᠠᠷᠠᠤ ᠵᠡᠷᠭᠡ ᠡᠪᠡᠳᠴᠢᠨ ᠤ ᠪᠠᠶᠢᠳᠠᠯ ᠢᠯᠡᠷᠡᠭᠰᠡᠨ ᠪᠠᠶᠢᠪᠠᠯ ᠰᠢᠯᠵᠢᠭᠦᠯᠬᠦ ᠶᠢ ᠬᠢᠵᠠᠭᠠᠷᠯᠠᠵᠤ ᠲᠡᠭᠦᠨᠴᠢᠯᠡᠨ ︽ᠠᠮᠢᠲᠠᠨ ᠤ ᠬᠢᠵᠢᠭ ᠠᠴᠠ ᠤᠷᠢᠳᠴᠢᠯᠠᠨ ᠰᠡᠷᠭᠡᠶᠢᠯᠡᠬᠦ ᠬᠠᠤᠯᠢ︾᠂ ︽ᠬᠦᠨᠳᠦ ᠨᠣᠴᠢᠲᠠᠢ ᠬᠢᠵᠢᠭ ᠤᠨ ᠪᠠᠶᠢᠳᠠᠯ ᠢ ᠪᠠᠴᠢᠮ ᠠᠷᠭᠠᠴᠠᠭᠠᠬᠤ ᠳᠦᠷᠢᠮ︾᠂ ︽ᠠᠮᠢᠲᠠᠨ ᠤ ᠬᠢᠵᠢᠭ ᠤᠨ ᠪᠠᠶᠢᠳᠠᠯ ᠤᠨ ᠮᠡᠳᠡᠭᠦᠯᠦᠯᠲᠡ ᠶᠢᠨ ᠬᠠᠮᠢᠶᠠᠷᠤᠯᠲᠠ ᠶᠢᠨ ᠠᠷᠭ᠎ᠠ ᠬᠡᠮᠵᠢᠶ᠎ᠡ︾ ᠪᠣᠯᠣᠨ ︽ᠡᠪᠡᠳᠴᠢᠨ ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ ᠳᠤ ᠬᠤᠣᠷᠳᠠᠭᠰᠠᠨ ᠠᠮᠢᠲᠠᠨ ᠤ ᠭᠠᠷᠤᠯ ᠲᠠᠢ ᠪᠦᠲᠦᠭᠡᠭᠳᠡᠬᠦᠨ ᠤ ᠪᠢᠣᠯᠣᠭᠢ ᠶᠢᠨ ᠠᠶᠤᠯ ᠦᠭᠡᠢ ᠰᠢᠢᠳᠪᠦᠷᠢᠯᠡᠬᠦ ᠵᠢᠷᠤᠮ︾ ︵GB16548︶ ᠵᠡᠷᠭᠡ ᠬᠤᠯᠪᠣᠭᠳᠠᠯ ᠪᠦᠬᠦᠢ ᠲᠣᠭᠲᠠᠭᠠᠯ ᠤᠨ ᠳᠠᠭᠠᠤ ᠰᠢᠢᠳᠪᠦᠷᠢᠯᠡᠨ᠎ᠡ᠃      6.2.2.2 ᠪᠷᠤᠼᠧᠯᠯᠶᠣᠽ ᠢᠯᠡᠷᠡᠭᠰᠡᠨ ᠪᠠᠶᠢᠪᠠᠯ ᠬᠠᠯᠳᠠᠪᠤᠷᠢ ᠠᠪᠤᠭᠰᠠᠨ ᠬᠤᠨᠢ ᠢᠮᠠᠭ᠎ᠠ ᠶᠢ ᠪᠷᠤᠼᠧᠯᠯᠶᠣᠽ ᠢ ᠰᠡᠷᠭᠡᠶᠢᠯᠡᠬᠦ ᠲᠧᠭᠨᠢᠭ ᠤᠨ ᠦᠵᠡᠭᠦᠯᠦᠯᠲᠡ ᠤᠨ ᠳᠠᠭᠠᠤ ᠰᠢᠢᠳᠪᠦᠷᠢᠯᠡᠵᠦ᠂ ᠰᠦᠷᠦᠭ ᠤᠨ ᠪᠤᠰᠤᠳ ᠬᠤᠨᠢ ᠢᠮᠠᠭ᠎ᠠ ᠶᠢ ᠲᠤᠰᠠᠭᠠᠷᠯᠠᠨ ᠠᠵᠢᠭᠯᠠᠵᠤ᠂ ᠰᠡᠵᠢᠭ ᠦᠭᠡᠢ ᠭᠡᠳᠡᠭ ᠢ ᠨᠤᠲᠠᠯᠠᠭᠰᠠᠨ ᠬᠤᠶᠢᠨ᠎ᠠ᠂ ᠨᠢᠲᠤᠯᠭᠠᠨ ᠳᠤ ᠥᠭᠬᠦ ᠶᠢ ᠵᠥᠪᠰᠢᠶᠡᠷᠡᠨ᠎ᠡ᠃      6.2.2.3 ᠲᠤᠰ ᠵᠢᠷᠤᠮ ᠳᠤ ᠵᠢᠭᠠᠭᠰᠠᠨ ᠡᠪᠡᠳᠴᠢᠨ ᠳᠤ ᠨᠡᠷᠪᠡᠭᠳᠡᠭᠰᠡᠨ ᠰᠡᠵᠢᠭ ᠲᠠᠢ ᠪᠤᠶᠤ ᠺᠯᠢᠨᠢᠺ ᠤᠨ ᠦᠵᠡᠯᠭᠡ ᠪᠠᠷ ᠪᠤᠰᠤᠳ ᠬᠡᠪ ᠤᠨ ᠪᠤᠰᠤ ᠪᠠᠶᠢᠳᠠᠯ ᠢᠯᠡᠷᠡᠭᠰᠡᠨ ᠪᠠᠶᠢᠪᠠᠯ᠂ ᠬᠤᠯᠪᠣᠭᠳᠠᠬᠤ ᠬᠢᠵᠢᠭ ᠰᠡᠷᠭᠡᠶᠢᠯᠡᠬᠦ ᠲᠧᠭᠨᠢᠭ ᠤᠨ ᠦᠵᠡᠭᠦᠯᠦᠯᠲᠡ ᠶᠢᠨ ᠳᠠᠭᠠᠤ ᠯᠠᠪᠤᠷᠠᠲ᠋ᠣᠷᠢ ᠶᠢᠨ ᠰᠢᠨᠵᠢᠯᠡᠭᠡ ᠪᠠᠷ ᠰᠢᠯᠭᠠᠨ ᠲᠣᠭᠲᠠᠭᠠᠵᠤ ᠬᠠᠮᠲᠤ ᠳᠤ ᠨᠢ ᠮᠡᠳᠡᠭᠦᠯᠭᠡ ᠶᠢᠨ ᠪᠢᠴᠢᠭ ᠭᠠᠷᠭᠠᠵᠤ ᠥᠭᠬᠦ ᠬᠡᠷᠡᠭᠲᠡᠢ᠃ ᠯᠠᠪᠤᠷᠠᠲ᠋ᠣᠷᠢ ᠶᠢᠨ ᠰᠢᠨᠵᠢᠯᠡᠭᠡ ᠶᠢ ᠡᠷᠬᠡᠪᠰᠢ ᠣᠷᠣᠨ ᠤ ᠳᠡᠰ ᠤᠨ ᠠᠮᠢᠲᠠᠨ ᠤ ᠡᠷᠡᠭᠦᠯ ᠬᠠᠮᠠᠭᠠᠯᠠᠯ ᠤᠨ ᠬᠢᠨᠠᠯᠲᠠ ᠶᠢᠨ ᠠᠯᠪᠠᠨ ᠠᠴᠠ ᠲᠣᠭᠲᠠᠭᠠᠭᠰᠠᠨ ᠬᠢᠷᠢ ᠲᠦᠪᠰᠢᠨ ᠪᠦᠬᠦᠢ ᠯᠠᠪᠤᠷᠠᠲ᠋ᠣᠷᠢ ᠪᠠᠷ ᠭᠦᠢᠴᠡᠳᠬᠡᠨ᠎ᠡ᠃      6.2.2.4 ᠲᠤᠰ ᠵᠢᠷᠤᠮ ᠳᠤ ᠵᠢᠭᠠᠭᠰᠠᠨ ᠠᠴᠠ ᠪᠤᠰᠤᠳ ᠡᠪᠡᠳᠴᠢᠨ ᠳᠠᠷᠬᠠᠯᠠᠯ ᠠᠵᠢᠭᠯᠠᠭᠳᠠᠭᠰᠠᠨ ᠪᠠᠶᠢᠪᠠᠯ ᠲᠤᠰᠠᠭᠠᠷᠯᠠᠨ ᠠᠵᠢᠭᠯᠠᠵᠤ᠂ ᠰᠡᠵᠢᠭ ᠦᠭᠡᠢ ᠭᠡᠳᠡᠭ ᠢ ᠨᠤᠲᠠᠯᠠᠭᠰᠠᠨ ᠬᠤᠶᠢᠨ᠎ᠠ ᠨᠢᠲᠤᠯᠭᠠᠨ ᠳᠤ ᠥᠭᠬᠦ ᠶᠢ ᠵᠥᠪᠰᠢᠶᠡᠷᠡᠨ᠎ᠡ︔ ᠲᠤᠰᠠᠭᠠᠷᠯᠠᠭᠰᠠᠨ ᠬᠤᠭᠤᠴᠠᠭᠠᠨ ᠳᠤ ᠬᠡᠪ ᠤᠨ ᠪᠤᠰᠤ ᠪᠠᠶᠢᠳᠠᠯ ᠢᠯᠡᠷᠡᠪᠡᠯ᠂ ︽ᠡᠪᠡᠳᠴᠢᠨ ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ ᠳᠤ ᠬᠤᠣᠷᠳᠠᠭᠰᠠᠨ ᠠᠮᠢᠲᠠᠨ ᠤ ᠭᠠᠷᠤᠯ ᠲᠠᠢ ᠪᠦᠲᠦᠭᠡᠭᠳᠡᠬᠦᠨ ᠤ ᠪᠢᠣᠯᠣᠭᠢ ᠶᠢᠨ ᠠᠶᠤᠯ ᠦᠭᠡᠢ ᠰᠢᠢᠳᠪᠦᠷᠢᠯᠡᠬᠦ ᠵᠢᠷᠤᠮ︾ ︵GB16548︶ ᠵᠡᠷᠭᠡ ᠬᠤᠯᠪᠣᠭᠳᠠᠯ ᠪᠦᠬᠦᠢ ᠲᠣᠭᠲᠠᠭᠠᠯ ᠤᠨ ᠳᠠᠭᠠᠤ ᠰᠢᠢᠳᠪᠦᠷᠢᠯᠡᠨ᠎ᠡ᠃      6.2.2.5 ᠮᠢᠬᠠᠨ ᠤ ᠠᠶᠤᠯ ᠦᠭᠡᠢ ᠪᠠᠶᠢᠳᠠᠯ ᠳᠤ ᠬᠤᠣᠷ ᠨᠥᠯᠥᠭᠡ ᠦᠵᠡᠭᠦᠯᠬᠦ ᠦᠭᠡᠢ ᠶᠢᠨ ᠲᠤᠯᠠᠳᠠ ᠦᠬᠦᠭᠰᠡᠨ ᠭᠠᠭ᠋ᠠᠢ ᠲᠠᠢ ᠣᠶᠢᠷᠠᠲᠤᠭᠰᠠᠨ ᠭᠠᠭ᠋ᠠᠢ ᠶᠢ ᠪᠠᠶᠢᠳᠠᠯ ᠢ ᠦᠵᠡᠵᠦ ᠪᠠᠴᠢᠮ ᠨᠢᠲᠤᠯᠭᠠᠨ ᠳᠤ ᠣᠷᠣᠭᠤᠯᠤᠨ᠎ᠠ᠃      6.3 ᠲᠠᠯᠠᠪᠤᠷ ︵ᠦᠢᠯᠡᠳᠪᠦᠷᠢ᠂ ᠴᠢᠭ︶ ᠤᠨ ᠠᠯᠠᠰᠢᠨ ᠳᠤ ᠭᠠᠷᠭᠠᠭᠰᠠᠨ ᠡᠪᠡᠳᠴᠢᠨ ᠤ ᠬᠠᠯᠳᠠᠪᠤᠷᠢ ᠠᠪᠤᠭᠰᠠᠨ ᠬᠤᠨᠢ ᠢᠮᠠᠭᠠᠨ ᠤ ᠨᠢᠲᠤᠯᠬᠤ ᠪᠠᠷ ᠪᠡᠯᠡᠳᠬᠡᠭᠰᠡᠨ ᠬᠠᠰᠢᠶᠠᠯᠠᠭ᠎ᠠ᠂ ᠪᠠᠴᠢᠮ ᠨᠢᠲᠤᠯᠬᠤ ᠬᠠᠰᠢᠶᠠᠯᠠᠭ᠎ᠠ᠂ ᠲᠤᠰᠠᠭᠠᠷᠯᠠᠬᠤ ᠬᠠᠰᠢᠶᠠᠯᠠᠭ᠎ᠠ ᠵᠡᠷᠭᠡ ᠳᠤ ᠬᠢᠬᠦ ᠠᠷᠢᠭᠤᠳᠬᠠᠯ ᠳᠤ ᠬᠠᠷᠠᠭ᠎ᠠ ᠬᠢᠨᠠᠯᠲᠠ ᠲᠠᠯᠪᠢᠨ᠎ᠠ᠃      7. ᠬᠢᠵᠢᠭ ᠪᠠᠶᠢᠴᠠᠭᠠᠯᠲᠠ ᠪᠣᠯᠣᠨ ᠨᠢᠲᠤᠯᠭᠠᠨ ᠤ ᠦᠢᠯᠡᠳᠦᠯ ᠨᠢ ᠬᠠᠷᠢᠯᠴᠠᠨ ᠵᠣᠬᠢᠴᠠᠯᠳᠤᠭᠰᠠᠨ ᠪᠠᠶᠢᠬᠤ ᠬᠡᠷᠡᠭᠲᠡᠢ᠃ ᠨᠢᠭᠡ ᠬᠤᠨᠢ ᠢᠮᠠᠭᠠᠨ ᠤ ᠲᠣᠯᠣᠭᠠᠢ᠂ ᠰᠢᠭᠢᠷ᠎ᠡ᠂ ᠳᠣᠲᠣᠷ᠎ᠠ ᠴᠤᠯᠤ᠂ ᠭᠤᠯᠤᠤᠵᠠ ᠵᠡᠷᠭᠡ ᠶᠢ ᠨᠢᠭᠡᠳᠦᠯ ᠲᠠᠢ ᠳ᠋ᠤᠭᠠᠷᠯᠠᠵᠤ ᠬᠢᠵᠢᠭ ᠪᠠᠶᠢᠴᠠᠭᠠᠯᠲᠠ ᠬᠢᠬᠦ ᠬᠡᠷᠡᠭᠲᠡᠢ᠃      7.1 ᠲᠣᠯᠣᠭᠠᠢ ᠰᠢᠭᠢᠷ᠎ᠡ ᠶᠢᠨ ᠪᠠᠶᠢᠴᠠᠭᠠᠯᠲᠠ      7.1.1 ᠲᠣᠯᠣᠭᠠᠢ ᠶᠢᠨ ᠬᠡᠰᠡᠭ ᠤᠨ ᠪᠠᠶᠢᠴᠠᠭᠠᠯᠲᠠ ᠳᠤ ᠬᠠᠮᠠᠷ᠂ ᠰᠢᠳᠦᠨ ᠤ ᠤᠭ᠂ ᠠᠮᠠᠨ ᠤ ᠬᠥᠨᠳᠡᠢ ᠶᠢᠨ ᠰᠠᠯᠢᠰᠤᠨ ᠪᠦᠷᠬᠦᠪᠴᠢ᠂ ᠬᠡᠯᠡ ᠪᠣᠯᠣᠨ ᠬᠡᠯᠡᠨ ᠤ ᠥᠩᠭᠡᠨ ᠲᠠᠯ᠎ᠠ ᠳᠤ ᠴᠥᠪᠥᠷᠢᠭᠦᠦ᠂ ᠰᠢᠷᠬᠠᠯᠠᠭ᠎ᠠ᠂ ᠲᠣᠯᠪᠤ ᠪᠠᠶᠢᠬᠤ ᠡᠰᠡᠬᠦ ᠶᠢ ᠰᠢᠯᠭᠠᠨ᠎ᠠ᠃ ᠱᠠᠭᠠᠷᠳᠠᠯᠭ᠎ᠠ ᠲᠠᠢ ᠦᠶ᠎ᠡ ᠳᠤ ᠳᠣᠣᠷᠠᠳᠤ ᠡᠷᠡᠭᠦᠦ ᠶᠢᠨ ᠯᠢᠮᠹᠠ ᠶᠢᠨ ᠪᠤᠯᠴᠢᠷᠬᠠᠢ ᠶᠢ ᠬᠠᠭᠠᠯᠵᠤ᠂ ᠬᠡᠯᠪᠡᠷᠢ ᠪᠠᠶᠢᠳᠠᠯ᠂ ᠥᠩᠭᠡ ᠲᠤᠶᠠᠭ᠎ᠠ ᠪᠣᠯᠣᠨ ᠪᠤᠰᠤᠳ ᠬᠠᠪᠤᠳᠠᠷ ᠬᠠᠪᠤᠨ᠂ ᠴᠢᠰᠤᠨ ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶᠢᠬᠤ ᠡᠰᠡᠬᠦ ᠶᠢ ᠰᠢᠯᠭᠠᠨ᠎ᠠ᠃      7.1.2 ᠰᠢᠭᠢᠷ᠎ᠡ ᠳᠤ ᠬᠢᠬᠦ ᠪᠠᠶᠢᠴᠠᠭᠠᠯᠲᠠ ᠳᠤ ᠲᠤᠭᠤᠷᠠᠢ ᠶᠢᠨ ᠦᠶ᠎ᠡ ᠶᠢᠨ ᠳᠣᠲᠣᠭᠠᠳᠤ ᠬᠡᠰᠡᠭ᠂ ᠰᠠᠯᠠᠭ᠎ᠠ ᠲᠤᠭᠤᠷᠠᠢ ᠶᠢᠨ ᠥᠩᠭᠡᠨ ᠲᠠᠯ᠎ᠠ ᠳᠤ ᠴᠥᠪᠥᠷᠢᠭᠦᠦ᠂ ᠰᠢᠷᠬᠠᠯᠠᠭ᠎ᠠ᠂ ᠲᠣᠯᠪᠤ᠂ ᠲᠠᠪᠯᠠᠭᠠᠰᠤ ᠪᠠᠶᠢᠬᠤ ᠡᠰᠡᠬᠦ ᠶᠢ ᠰᠢᠯᠭᠠᠨ᠎ᠠ᠃      7.2 ᠳᠣᠲᠣᠷ᠎ᠠ ᠡᠷᠬᠡᠲᠡᠨ ᠤ ᠪᠠᠶᠢᠴᠠᠭᠠᠯᠲᠠ ᠳᠤ ᠳᠣᠲᠣᠷ᠎ᠠ ᠡᠷᠬᠡᠲᠡᠨ ᠢ ᠠᠪᠬᠤ ᠠᠴᠠ ᠡᠮᠦᠨ᠎ᠡ ᠬᠡᠬᠦᠳᠡᠭ᠂ ᠬᠡᠪᠡᠯᠢ ᠶᠢᠨ ᠬᠥᠨᠳᠡᠢ ᠳᠤ ᠬᠤᠷᠠᠭᠰᠠᠨ ᠤᠰᠤ᠂ ᠨᠠᠭᠠᠯᠳᠤᠭᠰᠠᠨ ᠬᠡᠰᠡᠭ᠂ ᠰᠢᠷᠬᠡᠭᠯᠢᠭ ᠮᠡᠲᠦ ᠶᠢᠨ ᠨᠡᠪᠴᠢᠯᠲᠡ ᠪᠣᠳᠠᠰ ᠪᠠᠶᠢᠬᠤ ᠡᠰᠡᠬᠦ ᠶᠢ ᠠᠵᠢᠭᠯᠠᠨ᠎ᠠ᠃ ᠵᠢᠷᠦᠬᠡ᠂ ᠠᠭᠤᠰᠬᠢ᠂ ᠡᠯᠢᠭᠡ᠂ ᠬᠤᠳᠣᠭᠤᠳᠤ ᠭᠡᠳᠡᠰᠦ᠂ ᠳᠡᠯᠢᠭᠦᠦ᠂ ᠪᠥᠭᠡᠷ᠎ᠡ ᠵᠡᠷᠭᠡ ᠶᠢ ᠰᠢᠯᠭᠠᠨ᠎ᠠ᠃ ᠮᠥᠭᠡᠷᠰᠦᠨ ᠬᠤᠭᠤᠯᠠᠢ ᠶᠢᠨ ᠯᠢᠮᠹᠠ ᠶᠢᠨ ᠪᠤᠯᠴᠢᠷᠬᠠᠢ᠂ ᠡᠯᠢᠭᠡᠨ ᠤ ᠠᠮᠠᠰᠠᠷ ᠤᠨ ᠯᠢᠮᠹᠠ ᠶᠢᠨ ᠪᠤᠯᠴᠢᠷᠬᠠᠢ᠂ ᠴᠢᠴᠠᠷᠬᠠᠢ ᠶᠢᠨ ᠯᠢᠮᠹᠠ ᠶᠢᠨ ᠪᠤᠯᠴᠢᠷᠬᠠᠢ ᠵᠡᠷᠭᠡ ᠶᠢ ᠬᠠᠭᠠᠯᠵᠤ ᠡᠪᠡᠳᠴᠢᠨ ᠤ ᠬᠤᠪᠢᠷᠠᠯᠲᠠ ᠪᠣᠯᠣᠨ ᠪᠤᠰᠤᠳ ᠬᠡᠪ ᠤᠨ ᠪᠤᠰᠤ ᠵᠦᠢᠯ ᠪᠠᠶᠢᠬᠤ ᠡᠰᠡᠬᠦ ᠶᠢ ᠰᠢᠯᠭᠠᠨ᠎ᠠ᠃      7.2.1 ᠵᠢᠷᠦᠬᠡᠨ ᠤ ᠪᠠᠶᠢᠴᠠᠭᠠᠯᠲᠠ ᠳᠤ ᠵᠢᠷᠦᠬᠡᠨ ᠤ ᠬᠡᠯᠪᠡᠷᠢ᠂ ᠶᠡᠭᠡ ᠪᠠᠭ᠎ᠠ᠂ ᠥᠩᠭᠡ ᠲᠤᠶᠠᠭ᠎ᠠ ᠪᠣᠯᠣᠨ ᠴᠢᠰᠤᠨ ᠤ ᠴᠢᠨᠦᠷᠡᠯ᠂ ᠴᠢᠰᠤ ᠠᠯᠳᠠᠭᠳᠠᠯ ᠪᠠᠶᠢᠬᠤ ᠡᠰᠡᠬᠦ ᠶᠢ ᠰᠢᠯᠭᠠᠨ᠎ᠠ᠃ ᠱᠠᠭᠠᠷᠳᠠᠯᠭ᠎ᠠ ᠲᠠᠢ ᠪᠣᠯ ᠦᠩᠬᠦᠯᠴᠡᠭ ᠢ ᠨᠡᠭᠡᠭᠡᠵᠦ᠂ ᠵᠢᠷᠦᠬᠡᠨ ᠤ ᠪᠦᠷᠬᠦᠪᠴᠢ᠂ ᠵᠢᠷᠦᠬᠡᠨ ᠪᠦᠷᠬᠦᠪᠴᠢ ᠶᠢᠨ ᠰᠢᠩᠭᠡᠨ ᠪᠣᠯᠣᠨ ᠵᠢᠷᠦᠬᠡᠨ ᠤ ᠪᠤᠯᠴᠢᠩ ᠬᠡᠪ ᠤᠨ ᠡᠰᠡᠬᠦ ᠶᠢ ᠰᠢᠯᠭᠠᠨ᠎ᠠ᠃      7.2.2 ᠠᠭᠤᠰᠬᠢᠨ ᠤ ᠪᠠᠶᠢᠴᠠᠭᠠᠯᠲᠠ ᠳᠤ ᠬᠤᠶᠠᠷ ᠲᠠᠯ᠎ᠠ ᠶᠢᠨ ᠠᠭᠤᠰᠬᠢ ᠶᠢᠨ ᠰᠠᠯᠪᠢᠩ᠂ ᠥᠩᠭᠡ ᠲᠤᠶᠠᠭ᠎ᠠ᠂ ᠬᠡᠪ ᠪᠠᠶᠢᠳᠠᠯ᠂ ᠶᠡᠭᠡ ᠪᠠᠭ᠎ᠠ ᠪᠣᠯᠣᠨ ᠴᠢᠰᠤᠨ ᠤ ᠴᠢᠨᠦᠷᠡᠯ᠂ ᠴᠢᠰᠤ ᠠᠯᠳᠠᠭᠳᠠᠯ᠂ ᠤᠰᠤᠨ ᠬᠠᠪᠤᠨ᠂ ᠢᠳᠡᠭᠡ ᠰᠢᠭᠦᠰᠦ᠂ ᠪᠣᠳᠠᠲᠠᠢ ᠬᠤᠪᠢᠷᠠᠯ᠂ ᠨᠠᠭᠠᠯᠳᠤᠭᠰᠠᠨ ᠬᠡᠰᠡᠭ᠂ ᠪᠢᠲᠡᠭᠦᠮᠵᠢᠯᠡᠭᠳᠡᠭᠰᠡᠨ ᠡᠯᠡᠰᠦ᠂ ᠰᠢᠮᠡᠭᠴᠢ ᠬᠤᠷᠣᠬᠠᠢ ᠪᠠᠶᠢᠬᠤ ᠡᠰᠡᠬᠦ ᠶᠢ ᠰᠢᠯᠭᠠᠨ᠎ᠠ᠃ ᠨᠢᠭᠡ ᠲᠠᠯ᠎ᠠ ᠶᠢᠨ ᠰᠠᠯᠪᠤᠷᠢ ᠮᠥᠭᠡᠷᠰᠦᠨ ᠬᠤᠭᠤᠯᠠᠢ ᠶᠢ ᠬᠠᠭᠠᠯᠵᠤ ᠯᠢᠮᠹᠠ ᠶᠢᠨ ᠪᠤᠯᠴᠢᠷᠬᠠᠢ᠂ ᠣᠭᠲᠣᠯᠣᠭᠠᠰᠤ ᠶᠢᠨ ᠬᠡᠰᠡᠭ ᠲᠤ ᠴᠢᠰᠤᠨ ᠤ ᠴᠢᠨᠦᠷᠡᠯ᠂ ᠴᠢᠰᠤ ᠠᠯᠳᠠᠭᠳᠠᠯ᠂ ᠤᠰᠤᠨ ᠬᠠᠪᠤᠨ ᠪᠠᠶᠢᠬᠤ ᠡᠰᠡᠬᠦ ᠶᠢ ᠰᠢᠯᠭᠠᠨ᠎ᠠ᠃      7.2.3 ᠡᠯᠢᠭᠡᠨ ᠤ ᠪᠠᠶᠢᠴᠠᠭᠠᠯᠲᠠ ᠳᠤ ᠡᠯᠢᠭᠡᠨ ᠤ ᠶᠡᠭᠡ ᠪᠠᠭ᠎ᠠ᠂ ᠥᠩᠭᠡ ᠲᠤᠶᠠᠭ᠎ᠠ᠂ ᠬᠠᠷᠢᠮᠠᠬᠠᠢ ᠴᠢᠨᠠᠷ ᠪᠣᠯᠣᠨ ᠬᠠᠲᠠᠭᠤᠷᠠᠯ ᠵᠢᠴᠢ ᠶᠡᠭᠡ ᠪᠠᠭ᠎ᠠ ᠨᠢ ᠠᠳᠠᠯᠢ ᠪᠤᠰᠤ ᠪᠠᠷ ᠭᠦᠳᠦ᠋ᠢᠭᠰᠡᠨ ᠵᠦᠢᠯ ᠪᠠᠶᠢᠬᠤ ᠡᠰᠡᠬᠦ ᠶᠢ ᠰᠢᠯᠭᠠᠨ᠎ᠠ᠃ ᠡᠯᠢᠭᠡᠨ ᠤ ᠠᠮᠠᠰᠠᠷ ᠤᠨ ᠯᠢᠮᠹᠠ ᠶᠢᠨ ᠪᠤᠯᠴᠢᠷᠬᠠᠢ᠂ ᠰᠥᠰᠥᠨ ᠤ ᠭᠤᠤᠷᠰᠤ ᠶᠢ ᠬᠠᠭᠠᠯᠵᠤ ᠰᠢᠮᠡᠭᠴᠢ ᠬᠤᠷᠣᠬᠠᠢ ︵ᠡᠯᠢᠭᠡᠨ ᠤ ᠭᠢᠯᠲᠠᠩ ᠤᠨ ᠰᠢᠮᠡᠭᠴᠢ ᠬᠤᠷᠣᠬᠠᠢ︶ ᠪᠠᠶᠢᠬᠤ ᠡᠰᠡᠬᠦ ᠶᠢ ᠰᠢᠯᠭᠠᠨ᠎ᠠ᠃ ᠴᠢᠬᠤᠯᠠ ᠲᠠᠢ ᠦᠶ᠎ᠡ ᠳᠤ ᠡᠯᠢᠭᠡ ᠶᠢ ᠬᠠᠭᠠᠯᠵᠤ᠂ ᠬᠠᠪᠤᠳᠠᠷ᠂ ᠴᠢᠰᠤ ᠠᠯᠳᠠᠭᠳᠠᠯ᠂ ᠴᠢᠰᠤ ᠴᠢᠨᠦᠷᠡᠯ᠂ ᠨᠧᠺᠷᠣᠽ᠂ ᠬᠠᠲᠠᠭᠤᠷᠠᠯ᠂ ᠠᠪᠴᠢᠯᠲᠠ ᠪᠠᠶᠢᠬᠤ ᠡᠰᠡᠬᠦ ᠶᠢ ᠰᠢᠯᠭᠠᠨ᠎ᠠ᠃      7.2.4 ᠳᠣᠲᠣᠷ᠎ᠠ ᠪᠥᠭᠡᠷ᠎ᠡ ᠶᠢᠨ ᠬᠤᠶᠠᠷ ᠲᠠᠯ᠎ᠠ ᠶᠢᠨ ᠪᠦᠷᠬᠦᠪᠴᠢ ᠶᠢ ᠱᠠᠭᠠᠯᠵᠤ ︵ᠬᠤᠶᠠᠷ ᠬᠢᠲᠤᠭ᠎ᠠ ᠪᠠᠷ︶ ᠬᠠᠷᠢᠮᠠᠬᠠᠢ ᠴᠢᠨᠠᠷ᠂ ᠬᠠᠲᠠᠭᠤᠷᠠᠯ ᠪᠣᠯᠣᠨ ᠴᠢᠰᠤᠨ ᠤ ᠬᠠᠩᠭᠠᠮᠵᠢ ᠳᠤᠲᠠᠭᠳᠠᠭᠰᠠᠨ᠂ ᠴᠢᠰᠤ ᠠᠯᠳᠠᠭᠳᠠᠯ᠂ ᠴᠢᠰᠤᠨ ᠤ ᠴᠢᠨᠦᠷᠡᠯ ᠵᠡᠷᠭᠡ ᠶᠢ ᠰᠢᠯᠭᠠᠨ᠎ᠠ᠃ ᠱᠠᠭᠠᠷᠳᠠᠯᠭ᠎ᠠ ᠲᠠᠢ ᠪᠣᠯ ᠳᠣᠲᠣᠷ᠎ᠠ ᠪᠥᠭᠡᠷ᠎ᠡ ᠶᠢ ᠬᠠᠭᠠᠯᠵᠤ ᠰᠢᠯᠭᠠᠨ᠎ᠠ᠃      7.2.5 ᠳᠡᠯᠢᠭᠦᠦ ᠶᠢᠨ ᠪᠠᠶᠢᠴᠠᠭᠠᠯᠲᠠ ᠳᠤ ᠬᠠᠷᠢᠮᠠᠬᠠᠢ ᠴᠢᠨᠠᠷ᠂ ᠥᠩᠭᠡ᠂ ᠶᠡᠭᠡ ᠪᠠᠭ᠎ᠠ ᠵᠡᠷᠭᠡ ᠶᠢ ᠪᠠᠶᠢᠴᠠᠭᠠᠨ᠎ᠠ᠃ ᠱᠠᠭᠠᠷᠳᠠᠯᠭ᠎ᠠ ᠲᠠᠢ ᠪᠣᠯ ᠳᠡᠯᠢᠭᠦᠦ ᠶᠢ ᠬᠠᠭᠠᠯᠵᠤ ᠰᠢᠯᠭᠠᠨ᠎ᠠ᠃      7.2.6 ᠬᠤᠳᠣᠭᠤᠳᠤ ᠪᠣᠯᠣᠨ ᠭᠡᠳᠡᠰᠦᠨ ᠤ ᠪᠠᠶᠢᠴᠠᠭᠠᠯᠲᠠ ᠳᠤ ᠰᠧᠷᠣᠽ᠂ ᠴᠢᠴᠠᠷᠬᠠᠢ ᠳᠤ ᠴᠢᠰᠤᠨ ᠤ ᠴᠢᠨᠦᠷᠡᠯ᠂ ᠴᠢᠰᠤ ᠠᠯᠳᠠᠭᠳᠠᠯ᠂ ᠨᠠᠭᠠᠯᠳᠤᠭᠰᠠᠨ ᠬᠡᠰᠡᠭ ᠪᠠᠶᠢᠬᠤ ᠡᠰᠡᠬᠦ ᠶᠢ ᠰᠢᠯᠭᠠᠨ᠎ᠠ᠃ ᠴᠢᠴᠠᠷᠬᠠᠢ ᠶᠢᠨ ᠯᠢᠮᠹᠠ ᠶᠢᠨ ᠪᠤᠯᠴᠢᠷᠬᠠᠢ ᠶᠢ ᠬᠠᠭᠠᠯᠵᠤ᠂ ᠬᠠᠪᠤᠳᠠᠷ ᠬᠠᠪᠤᠨ᠂ ᠴᠢᠰᠤ ᠴᠢᠨᠦᠷᠡᠯ᠂ ᠴᠢᠰᠤ ᠠᠯᠳᠠᠭᠳᠠᠯ᠂ ᠦᠬᠦᠵᠢᠯᠲᠡ ᠪᠠᠶᠢᠬᠤ ᠡᠰᠡᠬᠦ ᠶᠢ ᠰᠢᠯᠭᠠᠨ᠎ᠠ᠃ ᠱᠠᠭᠠᠷᠳᠠᠯᠭ᠎ᠠ ᠲᠠᠢ ᠪᠣᠯ ᠬᠤᠳᠣᠭᠤᠳᠤ ᠭᠡᠳᠡᠰᠦ ᠶᠢ ᠬᠠᠭᠠᠯᠵᠤ ᠴᠢᠰᠤ ᠴᠢᠨᠦᠷᠡᠯ᠂ ᠴᠢᠰᠤ ᠠᠯᠳᠠᠭᠳᠠᠯ᠂ ᠴᠠᠪᠠᠤᠭᠤᠷᠠᠭᠰᠠᠨ ᠪᠠᠶᠢᠳᠠᠯ᠂ ᠡᠯᠡᠭᠳᠡᠯ᠂ ᠰᠢᠷᠬᠠᠯᠠᠭ᠎ᠠ᠂ ᠦᠷᠪᠢᠰᠦᠯ᠂ ᠵᠠᠩᠭᠢᠷᠠᠯ᠂ ᠰᠢᠮᠡᠭᠴᠢ ᠬᠤᠷᠣᠬᠠᠢ ᠪᠠᠶᠢᠬᠤ ᠡᠰᠡᠬᠦ ᠶᠢ ᠰᠢᠯᠭᠠᠨ᠎ᠠ᠃ ᠭᠦᠵᠡᠭᠡᠨ ᠤ ᠭᠠᠳᠠᠷ ᠲᠠᠯ᠎ᠠ ᠳᠤ ᠴᠥᠪᠥᠷᠢᠭᠦᠦ᠂ ᠡᠯᠡᠭᠳᠡᠯ ᠪᠤᠶᠤ ᠰᠢᠷᠬᠠᠯᠠᠭ᠎ᠠ ᠪᠠᠶᠢᠬᠤ ᠡᠰᠡᠬᠦ ᠶᠢ ᠰᠢᠯᠭᠠᠨ᠎ᠠ᠃      7.3 ᠭᠤᠯᠤᠤᠵᠠ ᠶᠢᠨ ᠰᠢᠯᠭᠠᠯᠲᠠ      7.3.1 ᠪᠦᠬᠦᠯᠢ ᠴᠣᠭᠴᠠ ᠶᠢᠨ ᠪᠠᠶᠢᠴᠠᠭᠠᠯᠲᠠ ᠳᠤ ᠠᠷᠠᠰᠤᠨ ᠤ ᠳᠣᠣᠷᠠᠬᠢ ᠬᠡᠰᠡᠭ᠂ ᠥᠭᠡᠬᠦ᠂ ᠪᠤᠯᠴᠢᠩ᠂ ᠯᠢᠮᠹᠠ ᠶᠢᠨ ᠪᠤᠯᠴᠢᠷᠬᠠᠢ ᠪᠣᠯᠣᠨ ᠬᠡᠬᠦᠳᠡᠭ᠂ ᠬᠡᠪᠡᠯᠢ ᠶᠢᠨ ᠬᠥᠨᠳᠡᠢ ᠶᠢᠨ ᠰᠧᠷᠣᠽ ᠳᠤ ᠴᠢᠰᠤᠨ ᠤ ᠴᠢᠨᠦᠷᠡᠯ᠂ ᠴᠢᠰᠤ ᠠᠯᠳᠠᠭᠳᠠᠯ ᠪᠣᠯᠣᠨ ᠴᠥᠪᠥᠷᠢᠭᠦᠦ᠂ ᠬᠠᠪᠤᠳᠠᠷ ᠬᠠᠪᠤᠨ ᠪᠣᠯᠣᠨ ᠪᠤᠰᠤᠳ ᠬᠡᠪ ᠤᠨ ᠪᠤᠰᠤ ᠵᠦᠢᠯ ᠪᠠᠶᠢᠬᠤ ᠡᠰᠡᠬᠦ ᠶᠢ ᠰᠢᠯᠭᠠᠨ᠎ᠠ᠃      7.3.2 ᠯᠢᠮᠹᠠ ᠶᠢᠨ ᠪᠤᠯᠴᠢᠷᠬᠠᠢ ᠶᠢᠨ ᠪᠠᠶᠢᠴᠠᠭᠠᠯᠲᠠ      7.3.2.1 ᠬᠦᠵᠦᠭᠦᠨ ᠤ ᠭᠦᠶᠦᠬᠡᠨ ᠲᠠᠯ᠎ᠠ ᠶᠢᠨ ᠯᠢᠮᠹᠠ ᠶᠢᠨ ᠪᠤᠯᠴᠢᠷᠬᠠᠢ ︵ᠳᠠᠯᠤ ᠶᠢᠨ ᠡᠮᠦᠨᠡᠬᠢ ᠯᠢᠮᠹᠠ ᠶᠢᠨ ᠪᠤᠯᠴᠢᠷᠬᠠᠢ︶ ᠳᠠᠯᠤ ᠶᠢᠨ ᠡᠮᠦᠨ᠎ᠡ ᠬᠡᠰᠡᠭ ᠠᠴᠠ ᠵᠢᠭᠠᠬᠠᠨ ᠳᠡᠭᠡᠳᠦ ᠲᠠᠯ᠎ᠠ ᠶᠢᠨ ᠪᠤᠭᠤᠯᠤᠭ ᠤᠨ ᠪᠤᠯᠴᠢᠩ᠂ ᠳᠠᠯᠤ ᠶᠢᠨ ᠮᠥᠷᠥ ᠶᠢᠨ ᠳᠣᠣᠷᠠᠳᠤ ᠬᠡᠰᠡᠭ ᠤᠨ ᠬᠦᠵᠦᠭᠦᠨ ᠤ ᠭᠦᠶᠦᠬᠡᠨ ᠲᠠᠯ᠎ᠠ ᠶᠢᠨ ᠯᠢᠮᠹᠠ ᠶᠢᠨ ᠪᠤᠯᠴᠢᠷᠬᠠᠢ᠂ ᠬᠠᠭᠠᠯᠤᠭᠰᠠᠨ ᠲᠠᠯ᠎ᠠ ᠶᠢᠨ ᠬᠡᠯᠪᠡᠷᠢ᠂ ᠥᠩᠭᠡ ᠲᠤᠶᠠᠭ᠎ᠠ ᠪᠣᠯᠣᠨ ᠬᠠᠪᠤᠳᠠᠷ ᠬᠠᠪᠤᠨ᠂ ᠴᠢᠰᠤᠨ ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶᠢᠬᠤ ᠡᠰᠡᠬᠦ ᠶᠢ ᠰᠢᠯᠭᠠᠨ᠎ᠠ᠃      7.3.2.2 ᠲᠠᠰᠢᠶᠠᠨ ᠤ ᠯᠢᠮᠹᠠ ᠶᠢᠨ ᠪᠤᠯᠴᠢᠷᠬᠠᠢ ︵ᠭᠤᠶ᠎ᠠ ᠶᠢᠨ ᠡᠮᠦᠨ᠎ᠡ ᠬᠡᠰᠡᠭ ᠤᠨ ᠯᠢᠮᠹᠠ ᠶᠢᠨ ᠪᠤᠯᠴᠢᠷᠬᠠᠢ᠂ ᠡᠪᠡᠳᠦᠭ ᠤᠨ ᠯᠢᠮᠹᠠ ᠶᠢᠨ ᠪᠤᠯᠴᠢᠷᠬᠠᠢ︶ ᠨᠢᠭᠡ ᠲᠠᠯ᠎ᠠ ᠶᠢᠨ ᠯᠢᠮᠹᠠ ᠶᠢᠨ ᠪᠤᠯᠴᠢᠷᠬᠠᠢ ᠶᠢ ᠬᠠᠭᠠᠯᠵᠤ᠂ ᠬᠠᠭᠠᠯᠤᠭᠰᠠᠨ ᠲᠠᠯ᠎ᠠ ᠶᠢᠨ ᠬᠡᠯᠪᠡᠷᠢ᠂ ᠥᠩᠭᠡ ᠲᠤᠶᠠᠭ᠎ᠠ᠂ ᠶᠡᠭᠡ ᠪᠠᠭ᠎ᠠ ᠪᠣᠯᠣᠨ ᠴᠢᠰᠤᠨ ᠤ ᠴᠢᠨᠦᠷᠡᠯ᠂ ᠴᠢᠰᠤ ᠠᠯᠳᠠᠭᠳᠠᠯ᠂ ᠨᠧᠺᠷᠣᠽ ᠪᠠᠶᠢᠬᠤ ᠡᠰᠡᠬᠦ ᠶᠢ ᠰᠢᠯᠭᠠᠨ᠎ᠠ᠃      7.3.2.3 ᠴᠢᠬᠤᠯᠠ ᠲᠠᠢ ᠦᠶ᠎ᠡ ᠳᠤ ᠳᠤᠮᠳᠠ ᠴᠢᠮᠦᠭᠡ ᠶᠢᠨ ᠭᠦᠨ ᠳᠠᠬᠢ ᠯᠢᠮᠹᠠ ᠶᠢᠨ ᠪᠤᠯᠴᠢᠷᠬᠠᠢ ᠶᠢ ᠰᠢᠯᠭᠠᠨ᠎ᠠ᠃      7.4 ᠠᠯᠪᠠᠨ ᠶᠣᠰᠣᠨ ᠤ ᠮᠠᠯ ᠤᠨ ᠡᠮᠴᠢ ᠠᠴᠠ ᠳᠡᠭᠡᠷ᠎ᠡ ᠳᠤᠷᠠᠳᠤᠭᠰᠠᠨ ᠬᠢᠵᠢᠭ ᠪᠠᠶᠢᠴᠠᠭᠠᠯᠲᠠ ᠶᠢᠨ ᠪᠠᠶᠢᠳᠠᠯ ᠢ ᠳᠠᠬᠢᠨ ᠰᠢᠯᠭᠠᠵᠤ ᠪᠦᠬᠦᠯᠢ ᠴᠣᠭᠴᠠ ᠠᠴᠠ ᠦᠷ᠎ᠡ ᠳ᠋ᠦᠩ ᠢ ᠮᠠᠭᠠᠳᠯᠠᠬᠤ ᠬᠡᠷᠡᠭᠲᠡᠢ᠃      7.5 ᠦᠷ᠎ᠡ ᠳ᠋ᠦᠩ ᠢ ᠰᠢᠢᠳᠬᠦ      7.5.1 ᠬᠢᠷᠢ ᠳᠤ ᠬᠦᠷᠦᠭᠰᠡᠨ ᠢ ᠠᠯᠪᠠᠨ ᠶᠣᠰᠣᠨ ᠤ ᠮᠠᠯ ᠤᠨ ᠡᠮᠴᠢ ᠠᠴᠠ ︽ᠠᠮᠢᠲᠠᠨ ᠤ ᠬᠢᠵᠢᠭ ᠲᠠᠬᠤᠯ ᠤᠨ ᠪᠠᠶᠢᠴᠠᠭᠠᠯᠲᠠ ᠬᠢᠷᠢ ᠳᠤ ᠨᠡᠶᠢᠴᠡᠭᠰᠡᠨ ᠦᠨᠡᠮᠯᠡᠬᠦ︾ ᠣᠯᠭᠤᠵᠤ᠂ ᠲᠠᠮᠠᠭ᠎ᠠ ᠳᠠᠷᠤᠨ ᠪᠠᠲᠤᠯᠠᠵᠤ᠂ ᠰᠠᠪᠠᠯᠠᠭᠰᠠᠨ ᠮᠢᠬᠠᠨ ᠪᠦᠲᠦᠭᠡᠭᠳᠡᠬᠦᠨ ᠳᠤ ᠬᠢᠵᠢᠭ ᠪᠠᠶᠢᠴᠠᠭᠠᠯᠲᠠ ᠶᠢᠨ ᠲᠡᠮᠳᠡᠭ ᠢ ᠬᠡᠷᠡᠭᠯᠡᠨ᠎ᠡ᠃      7.5.2 ᠬᠢᠷᠢ ᠳᠤ ᠬᠦᠷᠦᠭᠡ ᠦᠭᠡᠢ ᠶᠢ ᠠᠯᠪᠠᠨ ᠶᠣᠰᠣᠨ ᠤ ᠮᠠᠯ ᠤᠨ ᠡᠮᠴᠢ ᠠᠴᠠ ︽ᠠᠮᠢᠲᠠᠨ ᠤ ᠬᠢᠵᠢᠭ ᠲᠠᠬᠤᠯ ᠤᠨ ᠪᠠᠶᠢᠴᠠᠭᠠᠯᠲᠠ ᠶᠢᠨ ᠮᠡᠳᠡᠭᠳᠡᠯ︾ ᠪᠠᠭᠤᠯᠭᠠᠵᠤ ᠳᠠᠷᠠᠭᠠᠬᠢ ᠪᠠᠶᠢᠳᠠᠯ ᠢᠶᠠᠷ ᠰᠢᠢᠳᠪᠦᠷᠢᠯᠡᠨ᠎ᠡ᠃      7.5.2.1 ᠲᠤᠰ ᠵᠢᠷᠤᠮ ᠳᠤ ᠵᠢᠭᠠᠭᠰᠠᠨ ᠡᠪᠡᠳᠴᠢᠨ ᠳᠠᠷᠬᠠᠯᠠᠯ ᠢᠯᠡᠷᠡᠭᠰᠡᠨ ᠪᠠᠶᠢᠪᠠᠯ 6.2.2.1᠂ 6.2.2.2 ᠪᠣᠯᠣᠨ ᠬᠤᠯᠪᠣᠭᠳᠠᠯ ᠪᠦᠬᠦᠢ ᠲᠣᠭᠲᠠᠭᠠᠯ ᠤᠨ ᠳᠠᠭᠠᠤ ᠰᠢᠢᠳᠪᠦᠷᠢᠯᠡᠨ᠎ᠡ᠃      7.5.2.2 ᠲᠤᠰ ᠵᠢᠷᠤᠮ ᠳᠤ ᠵᠢᠭᠠᠭᠰᠠᠨ ᠠᠴᠠ ᠪᠤᠰᠤᠳ ᠡᠪᠡᠳᠴᠢᠨ ᠳᠠᠷᠬᠠᠯᠠᠯ ᠠᠵᠢᠭᠯᠠᠭᠳᠠᠭᠰᠠᠨ ᠪᠠᠶᠢᠪᠠᠯ ᠬᠠᠷᠠᠭ᠎ᠠ ᠬᠢᠨᠠᠯᠲᠠ ᠲᠠᠯᠪᠢᠵᠤ ᠪᠦᠬᠦᠢ ᠲᠠᠯᠠᠪᠤᠷ ︵ᠦᠢᠯᠡᠳᠪᠦᠷᠢ᠂ ᠴᠡᠭ︶ ᠤᠨ ᠬᠢᠨ ᠭᠠᠭ᠋ᠠᠢ ᠶᠢᠨ ᠶᠡᠭᠡ ᠪᠡᠶ᠎ᠡ ︵ᠭᠤᠤᠯᠤᠵᠠ︶ ᠪᠣᠯᠣᠨ ᠳᠠᠭᠠᠯᠳᠤᠬᠤ ᠪᠦᠲᠦᠭᠡᠭᠳᠡᠬᠦᠨ ᠢ ︽ᠡᠪᠡᠳᠴᠢᠨ ᠤ ᠬᠠᠯᠳᠠᠪᠤᠷᠢ ᠠᠪᠤᠭᠰᠠᠨ ᠠᠮᠢᠲᠠᠨ ᠪᠤᠶᠤ ᠡᠪᠡᠳᠴᠢᠨ ᠳᠤ ᠬᠤᠣᠷᠳᠠᠭᠰᠠᠨ ᠠᠮᠢᠲᠠᠨ ᠤ ᠭᠠᠷᠤᠯ ᠲᠠᠢ ᠪᠦᠲᠦᠭᠡᠭᠳᠡᠬᠦᠨ ᠤ ᠪᠢᠣᠯᠣᠭᠢ ᠶᠢᠨ ᠠᠶᠤᠯ ᠦᠭᠡᠢ ᠰᠢᠢᠳᠪᠦᠷᠢᠯᠡᠬᠦ ᠵᠢᠷᠤᠮ︾ ᠤᠨ ᠳᠠᠭᠠᠤ ᠰᠢᠢᠳᠪᠦᠷᠢᠯᠡᠵᠦ᠂ ᠪᠣᠬᠢᠷᠳᠠᠭᠰᠠᠨ ᠲᠠᠯᠠᠪᠤᠷ᠂ ᠪᠠᠭᠠᠵᠢ ᠬᠡᠷᠡᠭᠰᠡᠯ ᠢ ᠲᠣᠭᠲᠠᠭᠠᠯ ᠤᠨ ᠳᠠᠭᠠᠤ ᠠᠷᠢᠭᠤᠳᠬᠠᠵᠤ᠂ ᠲᠡᠭᠦᠨᠴᠢᠯᠡᠨ ︽ᠠᠮᠢᠳᠤ ᠪᠣᠳᠠᠰ ᠤᠨ ᠠᠶᠤᠯ ᠦᠭᠡᠢ ᠰᠢᠢᠳᠪᠦᠷᠢᠯᠡᠯᠲᠡ ᠶᠢᠨ ᠲᠡᠮᠳᠡᠭᠯᠡᠯ︾ ᠢ ᠰᠠᠶᠢᠨ ᠬᠢᠭᠰᠡᠨ ᠪᠠᠶᠢᠬᠤ ᠬᠡᠷᠡᠭᠲᠡᠢ᠃      7.5.3 ᠬᠠᠷᠠᠭ᠎ᠠ ᠬᠢᠨᠠᠯᠲᠠ ᠲᠠᠯᠪᠢᠵᠤ ᠪᠦᠬᠦᠢ ᠲᠠᠯᠠᠪᠤᠷ ︵ᠦᠢᠯᠡᠳᠪᠦᠷᠢ᠂ ᠴᠡᠭ︶ ᠤᠨ ᠬᠢᠨ ᠡᠪᠡᠳᠴᠢᠨ ᠳᠠᠷᠬᠠᠯᠠᠯ ᠳᠤ ᠠᠪᠲᠠᠭᠰᠠᠨ ᠠᠮᠢᠲᠠᠨ ᠪᠤᠶᠤ ᠬᠠᠶᠠᠭᠳᠠᠯ ᠵᠦᠢᠯ ᠢ ᠬᠤᠣᠷᠳᠠᠯ ᠦᠭᠡᠢ ᠰᠢᠢᠳᠪᠦᠷᠢᠯᠡᠬᠦ ᠠᠵᠢᠯ ᠢ ᠰᠠᠶᠢᠨ ᠬᠢᠬᠦ ᠬᠡᠷᠡᠭᠲᠡᠢ᠃      7.6 ᠠᠯᠪᠠᠨ ᠶᠣᠰᠣᠨ ᠤ ᠮᠠᠯ ᠤᠨ ᠡᠮᠴᠢ ᠨᠠᠷ ᠨᠢᠭᠡᠨ ᠵᠡᠷᠭᠡ ᠬᠢᠵᠢᠭ ᠪᠠᠶᠢᠴᠠᠭᠠᠯᠲᠠ ᠶᠢᠨ ᠶᠠᠪᠤᠴᠠ ᠳᠤᠮᠳᠠ ᠡᠷᠡᠭᠦᠯ ᠬᠠᠮᠠᠭᠠᠯᠠᠯ ᠠᠶᠤᠯ ᠦᠭᠡᠢ ᠪᠠᠶᠢᠳᠠᠯ ᠢ ᠰᠠᠶᠢᠨ ᠬᠢᠬᠦ ᠬᠡᠷᠡᠭᠲᠡᠢ᠃      8. ᠬᠢᠵᠢᠭ ᠪᠠᠶᠢᠴᠠᠭᠠᠯᠲᠠ ᠶᠢᠨ ᠲᠡᠮᠳᠡᠭᠯᠡᠯ      8.1 ᠠᠯᠪᠠᠨ ᠶᠣᠰᠣᠨ ᠤ ᠮᠠᠯ ᠤᠨ ᠡᠮᠴᠢ ᠨᠠᠷ ᠨᠢᠲᠤᠯᠭᠠᠨ ᠤ ᠲᠠᠯᠠᠪᠤᠷ ︵ᠦᠢᠯᠡᠳᠪᠦᠷᠢ᠂ ᠴᠢᠭ︶ ᠤᠨ ᠠᠯᠠᠰᠢᠨ ᠳᠤ ᠭᠠᠷᠭᠠᠭᠰᠠᠨ᠂ ᠪᠠᠴᠢᠮ ᠨᠢᠲᠤᠯᠬᠤ᠂ ᠠᠮᠢᠳᠤ ᠪᠣᠳᠠᠰ ᠤᠨ ᠠᠶᠤᠯ ᠦᠭᠡᠢ ᠰᠢᠢᠳᠪᠦᠷᠢᠯᠡᠯᠲᠡ ᠶᠢᠨ ᠬᠤᠯᠪᠣᠭᠳᠠᠯ ᠪᠦᠬᠦᠢ ᠲᠡᠮᠳᠡᠭᠯᠡᠯ ᠳᠤ ᠬᠠᠷᠠᠭ᠎ᠠ ᠬᠢᠨᠠᠯᠲᠠ ᠲᠠᠯᠪᠢᠵᠤ ᠬᠥᠲᠥᠯᠥᠨ ᠤᠳᠤᠷᠢᠳᠤᠨ᠎ᠠ᠃      8.2 ᠠᠯᠪᠠᠨ ᠶᠣᠰᠣᠨ ᠤ ᠮᠠᠯ ᠤᠨ ᠡᠮᠴᠢ ᠨᠠᠷ ᠲᠠᠯᠠᠪᠤᠷ ᠲᠤ ᠨᠡᠪᠲᠡᠷᠡᠭᠦᠯᠬᠦ ᠰᠢᠯᠭᠠᠨ ᠪᠠᠶᠢᠴᠠᠭᠠᠯᠲᠠ ᠶᠢ ᠬᠢᠨᠠᠬᠤ᠂ ᠬᠢᠵᠢᠭ ᠪᠠᠶᠢᠴᠠᠭᠠᠯᠲᠠ ᠶᠢᠨ ᠡᠷᠭᠦᠳᠡᠯ᠂ ᠨᠢᠲᠤᠯᠭᠠᠨ ᠤ ᠡᠮᠦᠨᠡᠬᠢ ᠪᠠᠶᠢᠴᠠᠭᠠᠯᠲᠠ᠂ ᠬᠢᠵᠢᠭ ᠪᠠᠶᠢᠴᠠᠭᠠᠯᠲᠠ ᠵᠡᠷᠭᠡ ᠲᠠᠯ᠎ᠠ ᠤᠳ ᠤᠨ ᠲᠡᠮᠳᠡᠭᠯᠡᠯ ᠢ ᠬᠠᠮᠲᠤ ᠳᠤ ᠨᠢ ᠰᠠᠶᠢᠲᠤᠷ ᠬᠢᠬᠦ ᠬᠡᠷᠡᠭᠲᠡᠢ᠃      8.3 ᠬᠢᠵᠢᠭ ᠪᠠᠶᠢᠴᠠᠭᠠᠯᠲᠠ ᠶᠢᠨ ᠲᠡᠮᠳᠡᠭᠯᠡᠯ ᠢ 12 ᠰᠠᠷ᠎ᠠ ᠠᠴᠠ ᠳᠣᠷᠣᠭᠰᠢ ᠦᠭᠡᠢ ᠬᠠᠳᠠᠭᠠᠯᠠᠬᠤ ᠬᠡᠷᠡᠭᠲᠡᠢ᠃    
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号