ᠶᠢᠰᠦᠨ ᠲᠠᠷᠢᠶᠠᠨ ᠤ ᠢᠷᠦᠭᠡᠯ
ᠨᠡᠶᠢᠲᠡᠯᠡᠭᠰᠡᠨ ᠴᠠᠭ᠄
2020/9/23
     ᠦᠳᠦᠷᠮ᠎ᠡ ᠶᠢᠨ ᠨᠠᠶᠢᠷ ᠳᠡᠭᠡᠷ᠎ᠡ ᠨᠠᠩᠭᠢ᠂ ᠮᠣᠩᠭᠤᠯ ᠠᠮᠤ᠂ ᠰᠠᠭᠠᠭ᠂ ᠨᠤᠶᠠᠨ ᠰᠢᠰᠢ᠂ ᠨᠠᠷᠢᠮᠤ᠂ ᠰᠢᠰᠢ᠂ ᠪᠤᠷᠴᠠᠭ᠂ ᠣᠯᠣᠰᠤ᠂ ᠲᠦᠮᠦᠰᠦ ᠵᠡᠷᠭᠡ ᠶᠢᠰᠦᠨ ᠲᠠᠷᠢᠶᠠᠨ ᠤ ᠦᠷ᠎ᠡ ᠶᠢ ᠲᠤᠰ ᠲᠤᠰ ᠠᠳᠬᠤᠨ ᠢᠷᠦᠭᠡᠵᠦ ᠰᠠᠴᠤᠯᠢ ᠡᠷᠭᠦᠳᠡᠭ᠃ ᠡᠭᠦᠨ ᠳᠤ ᠨᠠᠷᠢᠮᠤ ᠶᠢ ︽ᠨᠠᠶᠢᠭᠤᠵᠤ ᠤᠷᠭᠤᠭᠰᠠᠨ ᠪᠡᠶ᠎ᠡ ᠨᠢ / ᠨᠠᠷᠢᠨ ᠬᠤᠯᠣᠰᠤᠨ ᠤ ᠲᠦᠯᠦᠪ ᠲᠠᠢ / ᠨᠠᠢᠮᠠᠨ ᠰᠠᠶᠢᠬᠠᠨ ᠨᠠᠪᠴᠢ ᠨᠢ / ᠯᠠᠪᠷᠢ ᠴᠢᠮᠡᠭ ᠶᠢᠨ ᠰᠢᠨᠵᠢ ᠲᠠᠢ / ᠨᠠᠶᠠᠨ ᠳᠦᠷᠪᠡᠨ ᠪᠦᠴᠡ ᠪᠠᠷ / ᠨᠢᠭᠲᠠ ᠪᠠᠷᠢᠯᠳᠤᠭᠰᠠᠨ ᠲᠦᠷᠦᠭᠦᠦ ᠲᠠᠢ / ᠨᠠᠷᠢᠯᠢᠭ ᠰᠢᠵᠢᠷ ᠮᠦᠬᠦᠯᠢᠭ ᠲᠠᠢ / ᠠᠷᠢᠮᠤ ᠠᠮᠤ ᠪᠠᠨ ᠮᠢᠯᠢᠶᠠᠶ᠎ᠠ︕︾ ᠭᠡᠵᠦ ᠢᠷᠦᠭᠡᠳᠡᠭ᠃ ᠨᠤᠶᠠᠨ ᠰᠢᠰᠢ ᠶᠢ ︽ᠲᠠᠯ᠎ᠠ ᠳᠤ ᠤᠷᠭᠤᠭᠰᠠᠨ ᠴᠡᠴᠡᠭ ᠰᠢᠭ / ᠲᠠᠪᠤᠨ ᠦᠩᠭᠡ ᠪᠠᠷ ᠰᠤᠯᠤᠩᠭᠠᠷᠠᠵᠤ / ᠲᠠᠭᠠᠲᠠᠢ ᠪᠠᠭ᠋ᠠᠲᠠᠢ ᠢᠨᠢᠶᠡᠬᠦ ᠳᠤ ᠪᠠᠨ / ᠲᠠᠨ᠎ᠠ ᠰᠤᠪᠤᠳ ᠢᠶᠠᠷ ᠪᠦᠭᠡᠯᠵᠢᠳᠡᠭ / ᠲᠠᠩᠰᠤᠭ ᠰᠠᠶᠢᠬᠠᠨ ᠨᠤᠶᠠᠨ ᠰᠢᠰᠢ ᠪᠠᠨ / ᠲᠠᠷᠠᠭ ᠠᠶᠢᠷᠠᠭ ᠢᠶᠠᠷ ᠮᠢᠯᠢᠶᠠᠶ᠎ᠠ︕︾ ᠭᠡᠵᠦ ᠢᠷᠦᠭᠡᠨ᠎ᠡ᠃ ᠮᠦᠨ ᠦᠲᠦᠷᠮ᠎ᠡ ᠶᠢᠨ ᠨᠠᠶᠢᠷ ᠳᠡᠭᠡᠷ᠎ᠡ ᠶᠢᠰᠦᠨ ᠲᠦᠷᠦᠯ ᠤᠨ ᠲᠠᠷᠢᠶ᠎ᠠ ᠲᠠᠷᠢᠬᠤ ᠳᠤ ᠬᠦᠴᠦ ᠪᠠᠨ ᠡᠷᠭᠦᠭᠰᠡᠨ ᠬᠦᠯᠪᠦᠷᠢ ᠶᠢᠨ ᠤᠨᠤᠭ᠎ᠠ ᠪᠠᠨ᠄ ︽… ᠴᠦᠬᠦ— ᠯᠡ ᠭᠡᠬᠦ ᠳᠤ / ᠴᠦᠬᠦᠷᠡᠯᠲᠡ ᠦᠭᠡᠢ ᠵᠢᠳᠭᠦᠭᠰᠡᠨ / ᠬᠦᠦᠭ— ᠯᠡ ᠭᠡᠬᠦ ᠳᠤ / ᠬᠤᠶᠢᠰᠢ ᠦᠭᠡᠢ ᠴᠢᠩᠭᠠᠭᠠᠭᠰᠠᠨ / ᠲᠠᠰᠢᠭᠤᠷ ᠢᠶᠠᠷ ᠭᠤᠶᠠᠳᠠᠯ᠎ᠠ ᠭᠡᠳ / ᠲᠠᠰᠢᠶ᠎ᠠ ᠪᠤᠳᠤᠭᠰᠠᠨ ᠦᠭᠡᠢ / ᠮᠤᠳᠤ ᠪᠠᠷ ᠴᠤᠬᠢᠯ᠎ᠠ ᠭᠡᠳ / ᠮᠠᠭᠤ ᠰᠠᠨᠠᠭᠰᠠᠨ ᠦᠭᠡᠢ / ᠴᠠᠭᠠᠨ ᠠᠷᠢᠭᠤᠨ ᠰᠡᠳᠭᠢᠯ ᠲᠠᠢ / ᠴᠠᠭᠯᠠᠰᠢ ᠦᠭᠡᠢ ᠠᠴᠢ ᠲᠠᠢ / ᠬᠦᠴᠦ ᠰᠠᠶᠢᠲᠠᠢ ᠬᠦᠯᠪᠦᠷᠢ ᠤᠨᠤᠭ᠎ᠠ ᠪᠠᠨ / ᠬᠦᠷᠦᠩᠭᠡ ᠠᠶᠢᠷᠠᠭ ᠢᠶᠠᠷ ᠮᠢᠯᠢᠶᠠᠶ᠎ᠠ︕︾ ᠭᠡᠬᠦ ᠮᠡᠲᠦ ᠪᠠᠷ ᠢᠷᠦᠭᠡᠳᠡᠭ ᠪᠠᠶᠢᠨ᠎ᠠ᠃︵ᠢᠷᠡᠯᠲᠡ᠄ ᠱᠠᠭᠠᠯᠠᠢ᠂ ᠠᠯᠳᠠᠷᠠᠢ ᠶᠢᠨ ᠨᠠᠶᠢᠷᠠᠭᠤᠯᠤᠭᠰᠠᠨ ︽ᠮᠣᠩᠭᠤᠯ ᠤᠯᠠᠮᠵᠢᠯᠠᠯᠲᠤ ᠶᠤᠰᠤ ᠵᠠᠩᠰᠢᠯ ︵ᠠᠵᠤ ᠠᠮᠢᠳᠤᠷᠠᠯ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠤᠯᠠᠮᠵᠢᠯᠠᠯᠲᠤ ᠶᠤᠰᠤ ᠵᠠᠩᠰᠢᠯ ︵ᠠᠵᠤ ᠠᠮᠢᠳᠤᠷᠠᠯ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号