ᠠᠳᠤᠭᠤ ᠢᠮᠨᠡᠬᠦ
ᠨᠡᠶᠢᠲᠡᠯᠡᠭᠰᠡᠨ ᠴᠠᠭ᠄
2021/10/27
     ᠮᠣᠩᠭᠤᠯᠴᠣᠳ ᠤᠨ ᠮᠠᠯ ᠰᠦᠷᠦᠭ ᠢᠶᠠᠨ ᠢᠮᠨᠡᠬᠦ ᠦᠢᠯᠡ ᠨᠢ ᠨᠡᠯᠢᠶᠡᠳ ᠤᠷᠲᠦ ᠤᠳᠠᠭᠠᠨ ᠲᠡᠦᠭᠡ ᠲᠠᠢ ᠶᠤᠮ᠃      ᠮᠠᠯᠴᠢᠨ ᠲᠦᠮᠡᠨ ᠤ ᠠᠵᠤ ᠠᠮᠢᠳᠤᠷᠠᠯ ᠪᠠᠶᠠᠯᠢᠭᠵᠢᠨ᠂ ᠮᠠᠯ ᠰᠦᠷᠦᠭ ᠨᠢ ᠣᠯᠠᠰᠢᠷᠠᠨ ᠵᠤᠵᠠᠭᠠᠷᠠᠬᠤ ᠳᠤ ᠠᠶᠢᠯ ᠬᠤᠲᠠ ᠬᠦᠷᠰᠢ ᠵᠡᠷᠭᠡᠯᠡᠳᠡᠭᠡ ᠶᠢᠨ ᠮᠠᠯ ᠠᠳᠤᠭᠤᠨ ᠤ ᠲᠠᠮᠠᠭ᠎ᠠ ᠲᠡᠮᠳᠡᠭ ᠨᠢ ᠠᠳᠠᠯᠢᠪᠲᠤᠷ ᠪᠣᠯᠵᠤ᠂ ᠠᠶᠢᠯ ᠡᠷᠦᠭᠡ ᠶᠢᠨ ᠬᠤᠭᠤᠷᠤᠨᠳᠦ ᠠᠳᠤᠭᠤ ᠮᠠᠯ ᠬᠤᠯᠢᠯᠳᠤᠨ ᠨᠡᠶᠢᠯᠡᠭᠡᠳ ᠢᠯᠭᠠᠨ ᠰᠠᠯᠠᠭᠠᠬᠤ ᠳᠤ ᠬᠦᠴᠢᠷ ᠲᠠᠢ ᠪᠠᠶᠢᠳᠠᠯ ᠵᠦᠩᠳᠡᠭᠡᠨ ᠭᠠᠷᠬᠤ ᠪᠣᠯᠵᠠᠢ᠃ ᠡᠭᠦᠨ ᠤ ᠳᠣᠲᠤᠷ᠎ᠠ ᠠᠴᠠ ᠠᠳᠤᠭᠤ ᠪᠣᠯ ᠭᠠᠭᠴᠠ ᠬᠤᠶᠠᠷ ᠢᠶᠠᠷ ᠪᠤᠰᠤᠳ ᠤᠨ ᠰᠦᠷᠦᠭ ᠲᠤ ᠨᠡᠶᠢᠯᠡᠵᠦ ᠬᠡᠳᠦᠨ ᠡᠳᠦᠷ ᠴᠢᠨᠠᠭᠰᠢᠯᠠᠭᠠᠳ ᠬᠡᠳᠦᠨ ᠰᠠᠷ᠎ᠠ ᠪᠠᠷ ᠠᠯᠠᠭ᠎ᠠ ᠪᠣᠯᠳᠠᠭ᠃ ᠵᠠᠷᠢᠮ ᠦᠶ᠎ᠡ ᠳᠤ ᠡᠶᠢᠮᠦ ᠠᠳᠤᠭᠤᠨ ᠤ ᠦᠩᠭᠡ ᠵᠢᠰᠦᠮ᠂ ᠬᠦᠢᠰᠦ ᠢᠯᠭᠠᠯ᠂ ᠨᠠᠰᠤ ᠵᠢᠯ ᠨᠢ ᠠᠳᠠᠯᠢ ᠪᠠᠶᠢᠬᠤ ᠪᠦᠭᠡᠳ ᠬᠡᠷᠡᠭᠯᠡᠵᠦ ᠪᠠᠶᠢᠬᠤ ᠲᠠᠮᠠᠭ᠎ᠠ ᠨᠢ ᠪᠠᠰᠠ ᠶᠠᠭ ᠰᠠᠶᠢᠬᠠᠨ ᠠᠳᠠᠯᠢ ᠪᠠᠶᠢᠬᠤ ᠳᠤᠬᠢᠶᠠᠯᠳᠤᠯ ᠭᠠᠷᠳᠠᠭ᠃ ᠡᠨᠡ ᠬᠦ ᠪᠠᠶᠢᠳᠠᠯ ᠳᠤ ᠴᠢᠭᠯᠡᠭᠦᠯᠦᠨ ᠠᠳᠤᠭᠤ ᠮᠠᠯ ᠢᠶᠠᠨ ᠢᠮᠨᠡᠬᠦ ᠪᠣᠯᠤᠭᠰᠠᠨ ᠨᠢ ᠤᠷᠲᠦ ᠤᠳᠠᠭᠠᠨ ᠬᠤᠭᠤᠴᠠᠭ᠎ᠠ ᠪᠠᠷ ᠮᠠᠯᠵᠢᠯ ᠠᠮᠢᠳᠤᠷᠠᠯ ᠬᠢᠭᠰᠡᠨ ᠮᠠᠯᠴᠢᠨ ᠲᠦᠮᠡᠨ ᠤ ᠠᠪᠢᠶᠠᠰ ᠪᠢᠯᠢᠭ ᠢᠶᠠᠷ ᠪᠦᠲᠦᠭᠡᠭᠳᠡᠭᠦᠨ ᠨᠢᠭᠡ ᠵᠦᠢᠯ ᠤᠨ ᠮᠠᠯᠵᠢᠯ ᠰᠤᠶᠤᠯ ᠤᠨ ᠳᠠᠪᠰᠢᠯᠲᠡ ᠭᠡᠯᠲᠡᠢ᠃      ᠵᠡᠭᠦᠨ ᠣᠷᠤᠨ ᠳᠤ ᠠᠳᠤᠭᠤ ᠶᠢ ᠲᠠᠮᠠᠭᠠᠯᠠᠬᠤ ᠪᠠᠷ ᠭᠤᠣᠯ ᠪᠣᠯᠭᠠᠵᠤ ᠢᠮᠨᠡᠬᠦ ᠪᠠᠷ ᠳᠡᠳ᠋ ᠪᠣᠯᠭᠠᠳᠠᠭ᠃ ᠠᠳᠤᠭᠤ ᠮᠠᠯ ᠳᠤ ᠢᠮ ᠭᠠᠷᠭᠠᠬᠤ ᠳᠠᠭᠠᠨ ᠪᠣᠷᠤᠭᠤ ᠴᠢᠬᠢᠨ ᠳᠤᠨᠢ ᠢᠮ ᠲᠡᠮᠳᠡᠭ ᠭᠠᠷᠭᠠᠨ᠎ᠠ᠃ ᠭᠡᠷᠡᠭᠯᠡᠬᠦ ᠪᠠᠭᠠᠵᠢ ᠭᠡᠪᠡᠯ ᠬᠤᠷᠴᠠ ᠬᠢᠲᠤᠭ᠎ᠠ ᠪᠤᠶᠤ ᠬᠤᠷᠴᠠ ᠢᠷ ᠲᠠᠢ ᠬᠠᠶᠢᠴᠢ ᠪᠤᠯᠤᠨ᠎ᠠ᠃ ᠬᠠᠮᠢᠶ᠎ᠠ ᠪᠦᠬᠦᠢ ᠨᠣᠮ ᠰᠤᠳᠤᠷ ᠢ ᠦᠨᠳᠦᠰᠦᠯᠡᠪᠡᠯ᠂ ᠠᠳᠤᠭᠤ ᠮᠠᠯ ᠤᠨ ᠢᠮ ᠲᠡᠮᠳᠡᠭ ᠪᠠᠷᠤᠭ ᠵᠠᠭᠤ ᠭᠠᠷᠤᠢ ᠵᠦᠢᠯ ᠪᠠᠶᠢᠨ᠎ᠠ᠃ ᠭᠡᠲᠡᠯ᠎ᠡ ᠶᠠᠭ ᠬᠡᠷᠡᠭᠯᠡᠭᠳᠡᠵᠦ ᠢᠷᠡᠭᠰᠡᠨ ᠢᠮ ᠲᠡᠮᠳᠡᠭ ᠦᠨᠡᠨ ᠳᠡᠭᠡᠨ ᠬᠡᠳᠦᠨ ᠠᠷᠪᠠᠨ ᠵᠦᠢᠯ ᠯᠡ ᠪᠠᠶᠢᠳᠠᠭ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号