ᠲᠠᠷᠢᠶ᠎ᠠ ᠲᠠᠷᠢᠬᠤ
ᠨᠡᠶᠢᠲᠡᠯᠡᠭᠰᠡᠨ ᠴᠠᠭ᠄
2021/11/3
     ᠪᠠᠭᠠᠷᠢᠨᠴᠤᠳ ᠭᠤᠣᠯᠳᠠᠭᠤ ᠨᠠᠮᠤᠭ ᠲᠠᠷᠢᠶ᠎ᠠ ᠲᠠᠷᠢᠳᠠᠭ᠃ ᠪᠢᠯᠢᠭ ᠤᠨ ᠤᠯᠠᠷᠢᠯ ᠤᠨ ᠳᠦᠷᠪᠡᠳᠦᠭᠡᠷ ᠰᠠᠷ᠎ᠠ ᠶᠢᠨ ᠡᠬᠢ ᠪᠠᠷ ︽ᠲᠠᠷᠢᠶᠠᠨ ᠳᠤ ᠭᠠᠷᠬᠤ︾ ᠪᠠᠷ ᠠᠨᠵᠢᠰᠤ ᠬᠦᠯᠦᠭᠡᠷᠢ ᠪᠠᠨ ᠪᠡᠯᠡᠳᠭᠡᠨ ᠲᠡᠭᠡᠭᠡᠵᠦ᠂ ᠲᠠᠷᠢᠶ᠎ᠠ ᠲᠠᠷᠢᠬᠤ ᠭᠠᠵᠠᠷ ᠲᠤ ᠪᠠᠨ ᠬᠦᠷᠴᠦ ᠲᠣᠪᠤ ᠭᠡᠷ ᠪᠣᠰᠬᠠᠨ ᠲᠠᠷᠢᠶᠠᠨ ᠤ ᠠᠵᠢᠯ ᠢᠶᠠᠨ ᠡᠬᠢᠯᠡᠳᠡᠭ᠃      ᠮᠣᠩᠭᠤᠯ ᠲᠠᠷᠢᠶᠠᠨ ᠳᠤ ᠮᠣᠩᠭᠤᠯ ᠠᠮᠤ᠂ ᠰᠠᠭᠠᠭ᠂ ᠰᠢᠯᠦᠭᠡᠢ ︵ᠨᠠᠩᠬᠢ︶ ᠵᠡᠷᠭᠡ ᠶᠢ ᠭᠤᠣᠯᠳᠠᠭᠤ ᠲᠠᠷᠢᠳᠠᠭ᠃ ᠲᠣᠭᠲᠠᠭᠰᠠᠨ ᠲᠠᠷᠢᠶᠠᠨ ᠭᠠᠵᠠᠷ ᠭᠡᠵᠦ ᠦᠭᠡᠢ᠃ ᠮᠣᠩᠭᠤᠯ ᠲᠠᠷᠢᠶ᠎ᠠ ᠶᠢ ᠡᠪᠡᠰᠦ ᠤᠷᠭᠤᠮᠠᠯ ᠤᠷᠭᠤᠵᠤ ᠭᠦᠢᠴᠡᠭᠰᠡᠨ ᠤ ᠬᠤᠶᠢᠨ᠎ᠠ ᠦᠷ᠎ᠡ ᠬᠠᠶᠠᠵᠤ ᠬᠦᠷᠦᠰᠦ ᠶᠢᠨ ᠤᠷᠪᠠᠭᠤᠯᠤᠨ ᠲᠠᠷᠢᠳᠠᠭ ᠠᠴᠠ ᠡᠪᠡᠰᠦᠨ ᠤ ᠦᠨᠳᠦᠰᠦ ᠠᠯᠠᠭᠳᠠᠵᠤ ᠲᠠᠷᠢᠶ᠎ᠠ ᠢᠳᠡᠯᠢᠭ ᠴᠡᠪᠡᠷᠭᠡᠨ ᠤᠷᠭᠤᠳᠠᠭ᠃ ᠮᠣᠩᠭᠤᠯ ᠲᠠᠷᠢᠶᠠᠨ ᠳᠤ ᠪᠣᠷᠳᠤᠭᠤᠷ ᠣᠷᠤᠭᠤᠯᠳᠠᠭ ᠦᠭᠡᠢ ᠤᠴᠢᠷ ᠠᠴᠠ ᠨᠢᠭᠡ ᠭᠠᠵᠠᠷ ᠬᠤᠶᠠᠷ ᠵᠢᠯ ᠯᠡ ᠲᠠᠷᠢᠳᠠᠭ᠃ ᠬᠠᠮᠤᠭ ᠠᠷᠪᠢᠨ ᠲᠠᠷᠢᠬᠤ ᠳᠤ ᠪᠠᠨ ᠳᠦᠷᠪᠡ ᠤᠳᠠᠭ᠎ᠠ ᠠᠴᠠ ᠬᠡᠲᠦᠷᠡᠳᠡᠭ ᠦᠭᠡᠢ᠃ ᠠᠩᠬ᠎ᠠ ᠲᠠᠷᠢᠬᠤ ᠠᠲᠠᠷ ᠭᠠᠵᠠᠷ ᠢ ︽ᠰᠢᠨ᠎ᠡ ᠭᠠᠵᠠᠷ︾᠂ ᠬᠤᠶᠠᠷ ᠵᠢᠯ ᠳᠠᠷᠠᠭᠠᠯᠠᠨ ᠲᠠᠷᠢᠬᠤ ᠭᠠᠵᠠᠷ ᠢ ︽ᠴᠠᠭᠠᠨ ᠭᠤᠤᠷᠰᠤ︾᠂ ᠭᠤᠷᠪᠠᠨ ᠵᠢᠯ ᠳᠠᠷᠠᠭᠠᠯᠠᠨ ᠲᠠᠷᠢᠬᠤ ᠭᠠᠵᠠᠷ ᠢ ︽ᠭᠤᠨᠵᠢᠨ ᠭᠤᠤᠷᠰᠤ︾᠂ ᠳᠦᠷᠪᠡᠨ ᠵᠢᠯ ᠳᠠᠷᠠᠭᠠᠯᠠᠨ ᠲᠠᠷᠢᠪᠠᠰᠤ ︽ᠪᠤᠬᠠᠷ ᠭᠤᠤᠷᠰᠤ︾ ᠭᠡᠳᠡᠭ᠃      ᠮᠣᠩᠭᠤᠯ ᠲᠠᠷᠢᠶ᠎ᠠ ᠶᠢ ︽ᠬᠡᠳᠦᠨ ᠦᠷ᠎ᠡ ᠶᠢᠨ ᠲᠠᠷᠢᠶ᠎ᠠ︾ ᠭᠡᠵᠦ ᠬᠡᠮᠵᠢᠶᠡᠯᠡᠨ᠎ᠡ᠃ ︽ᠨᠢᠭᠡ ᠦᠷ᠎ᠡ ᠶᠢᠨ ᠲᠠᠷᠢᠶ᠎ᠠ︾ ᠬᠡᠮᠡᠭᠴᠢ ᠤᠷᠲᠦ ᠨᠢ ᠪᠠᠷᠤᠭ ᠬᠤᠶᠠᠷ ᠵᠠᠭᠤ ᠠᠴᠠ ᠮᠢᠩᠭ᠎ᠠ ᠭᠠᠷᠤᠢ ᠮᠧᠲᠷ᠂ ᠦᠷᠭᠡᠨ ᠨᠢ ᠭᠤᠷᠪᠠ ᠠᠯᠬᠤᠭᠠᠳ ᠪᠦᠭᠦᠶᠢᠵᠦ ᠲᠡᠮᠳᠡᠭ ᠲᠠᠯᠪᠢᠭᠰᠠᠨ ᠲᠡᠳᠦᠢ ᠪᠠᠶᠢᠳᠠᠭ᠃ ᠦᠷ᠎ᠡ ᠬᠠᠶᠠᠬᠤ ᠳᠤ ᠪᠠᠨ ︽ᠬᠡᠳᠦᠨ ᠦᠷ᠎ᠡ ᠶᠢᠨ ᠲᠠᠷᠢᠶ᠎ᠠ︾ ᠶᠢᠨ ᠲᠡᠭ ᠳᠤᠮᠳᠠᠭᠤᠷ ᠠᠯᠬᠤᠵᠤ᠂ ᠬᠤᠶᠠᠷ ᠲᠡᠰᠢ ᠲᠡᠩᠴᠡᠭᠦᠦ ᠪᠠᠷ ᠰᠠᠴᠤᠨ ᠴᠣᠬᠢᠨ᠎ᠠ᠃ ᠦᠷ᠎ᠡ ᠶᠢᠨ ᠪᠤᠳᠠᠭ᠎ᠠ ᠪᠠᠨ ᠡᠷᠬᠡᠪᠰᠢ ᠪᠤᠷᠭᠠᠰᠤ᠂ ᠠᠯᠳᠠᠭᠠᠨ᠎ᠠ᠂ ᠱᠡᠬᠡᠷ᠂ ᠬᠠᠶᠢᠯᠠᠰᠤ᠂ ᠮᠤᠶᠢᠯ ᠵᠡᠷᠭᠡ ᠤᠷᠭᠤᠮᠠᠯ ᠢᠶᠠᠷ ᠭᠦᠷᠦᠵᠦ ᠬᠢᠭᠰᠡᠨ ᠬᠤᠪᠤᠭᠤ ᠳᠤ ᠰᠠᠪᠠᠯᠠᠵᠤ᠂ ᠣᠭᠤᠰᠤᠷ ᠢ ᠨᠢ ᠬᠦᠵᠦᠭᠦᠨ ᠳᠤ ᠪᠠᠨ ᠤᠭᠯᠠᠵᠤ᠂ ᠵᠡᠭᠦᠨ ᠭᠠᠷ ᠢᠶᠠᠷ ᠢᠶᠠᠨ ᠬᠤᠪᠤᠭᠤ ᠪᠠᠨ ᠬᠠᠰᠢᠵᠤ ᠪᠠᠷᠢᠨ᠂ ᠪᠠᠷᠠᠭᠤᠨ ᠭᠠᠷ ᠢᠶᠠᠷ ᠢᠶᠠᠨ ᠦᠷ᠎ᠡ ᠬᠠᠶᠠᠨ᠎ᠠ᠃ ᠭᠡᠬᠦ ᠳᠤ ᠡᠷᠡᠭᠡᠢ ᠬᠤᠷᠤᠭᠤ ᠪᠣᠯᠤᠨ ᠳᠣᠯᠤᠪᠤᠷ ᠬᠤᠷᠤᠭᠤ ᠪᠠᠨ ᠰᠢᠪᠠᠭᠤᠨ ᠬᠤᠩᠰᠢᠶᠠᠷ ᠰᠢᠭ᠋ ᠵᠠᠪᠰᠠᠷ ᠭᠠᠷᠭᠠᠨ᠂ ᠵᠡᠭᠦᠨ ᠬᠦᠯ ᠡᠮᠦᠨᠡᠰᠢ ᠠᠯᠬᠤᠵᠤ᠂ ᠪᠠᠷᠠᠭᠤᠨ ᠭᠠᠷ ᠤᠷᠤᠭᠰᠢ ᠰᠠᠵᠢᠬᠤ ᠠᠯᠬᠤᠳᠠᠯ ᠢ ᠲᠠᠭᠠᠷᠠᠭᠤᠯᠵᠤ ᠳᠡᠭᠡᠭᠰᠢ ᠪᠠᠨ ᠰᠠᠷᠠᠨ ᠲᠤᠭᠤᠢ ᠪᠤᠲᠠᠷᠠᠭᠤᠯᠤᠨ ᠰᠠᠴᠢᠬᠤ ᠳᠤ ᠲᠠᠷᠢᠶᠠᠨ ᠦᠷ᠎ᠡ ᠰᠠᠨᠠᠭ᠎ᠠ ᠪᠠᠷ ᠨᠢ ᠠᠯᠠᠭ ᠦᠭᠡᠢ ᠰᠠᠶᠢᠬᠠᠨ ᠪᠤᠲᠠᠷᠠᠨ ᠳᠤᠰᠤᠨ᠎ᠠ᠃ ᠡᠨᠡ ᠮᠡᠲᠦ ᠪᠠᠷ ᠦᠷ᠎ᠡ ᠦᠰᠬᠦ ᠬᠦᠮᠦᠨ ᠪᠣᠯ ᠨᠢᠭᠡ ᠠᠳᠬᠤ ᠦᠷ᠎ᠡ ᠶᠢᠨ ᠪᠤᠳᠠᠭ᠎ᠠ ᠶᠢ ᠲᠠᠪᠤ ᠠᠴᠠ ᠳᠣᠯᠤᠭ᠎ᠠ ᠤᠳᠠᠭ᠎ᠠ ᠴᠣᠬᠢᠵᠤ᠂ ᠦᠷ᠎ᠡ ᠳᠠᠷᠤᠭᠳᠠᠬᠤ ᠬᠦᠮᠦᠨ ᠪᠣᠯ ᠭᠤᠷᠪᠠ ᠠᠴᠠ ᠲᠠᠪᠤ ᠤᠳᠠᠭ᠎ᠠ ᠴᠣᠬᠢᠨ᠎ᠠ᠃ ᠡᠭᠦᠨ ᠢ ︽ᠦᠷ᠎ᠡ ᠬᠠᠶᠠᠬᠤ︾ ᠪᠤᠶᠤ ︽ᠦᠷ᠎ᠡ ᠴᠣᠬᠢᠬᠤ︾ ᠭᠡᠳᠡᠭ᠃ ᠭᠡᠬᠦ ᠳᠤ ᠰᠠᠭᠠᠭ ᠢ ᠪᠣᠯ ᠠᠯᠬᠤᠬᠤ ᠪᠦᠷᠢ ᠳᠤ ᠨᠢᠭᠡ ᠠᠳᠬᠤ ᠦᠷ᠎ᠡ ᠶᠢ ᠪᠦᠬᠦᠨ ᠢ ᠴᠣᠬᠢᠨ᠎ᠠ᠃ ᠦᠷ᠎ᠡ ᠬᠠᠶᠠᠬᠤ ᠳᠤ ᠵᠢᠯ ᠤᠨ ᠦᠩᠭᠡ ᠶᠢ ᠦᠵᠡᠵᠦ᠂ ᠪᠣᠷᠤᠭᠠᠨ ᠶᠡᠭᠡ ᠲᠠᠢ ᠵᠢᠯ ᠤᠨ ᠦᠷ᠎ᠡ ᠶᠢ ᠠᠭᠰᠢᠭᠤᠨ ᠴᠣᠬᠢᠵᠤ᠂ ᠭᠠᠩ ᠵᠢᠯ ᠤᠨ ᠦᠷ᠎ᠡ ᠶᠢ ᠰᠢᠩᠭᠡᠨ ᠴᠣᠬᠢᠨ᠎ᠠ᠃ ᠦᠷ᠎ᠡ ᠪᠠᠨ ᠬᠠᠶᠠᠭᠰᠠᠨ ᠤ ᠳᠠᠷᠠᠭ᠎ᠠ᠂ ᠰᠢᠨ᠎ᠡ ᠭᠠᠵᠠᠷ ᠪᠣᠯ ᠦᠬᠡᠷ ᠢᠶᠠᠨ ᠬᠦᠮᠦᠨ ᠢᠶᠠᠷ ᠬᠦᠲᠦᠯᠦᠭᠦᠯᠦᠨ ᠱᠠᠩ ᠲᠠᠲᠠᠭᠠᠳ ᠱᠠᠩ ᠤᠨ ᠦᠬᠡᠷ ᠢᠶᠠᠨ ᠱᠠᠩ ᠢᠶᠠᠷ ᠣᠷᠤᠭᠤᠯᠵᠤ ᠨᠠᠷᠠᠨ ᠵᠦᠪ ᠢᠶᠠᠷ ᠡᠷᠭᠢᠵᠦ ᠲᠠᠷᠢᠨ᠎ᠠ᠃ ᠨᠠᠮᠤᠭ ᠲᠠᠷᠢᠶᠠᠨ ᠳᠤ ᠣᠯᠠᠩᠬᠢ ᠳᠤ ᠪᠠᠨ ᠳᠦᠷᠪᠡᠨ ᠦᠬᠡᠷ ᠬᠦᠯᠳᠡᠭ ᠦᠭᠡᠢ ᠪᠦᠭᠡᠳ ᠬᠦᠯᠯᠡᠭᠡᠨ ᠤ ᠳᠦᠷᠪᠡᠨ ᠦᠬᠡᠷ ᠢᠶᠠᠨ ︽ᠰᠢᠷᠤᠢ ᠶᠢᠨ ᠦᠬᠡᠷ︾᠂ ︽ᠱᠠᠩ ᠤᠨ ᠦᠬᠡᠷ︾᠂ ︽ᠬᠠᠪᠴᠢᠯᠭ᠎ᠠ ᠶᠢᠨ ᠦᠬᠡᠷ︾᠂ ︽ᠬᠦᠷᠦᠰᠦᠨ ᠤ ᠦᠬᠡᠷ︾ ᠭᠡᠵᠦ ᠲᠤᠰ ᠲᠤᠰ ᠲᠤ ᠨᠢ ᠨᠡᠷᠡᠯᠡᠳᠡᠭ᠃ ᠶᠡᠷᠦ ᠳᠤ ᠪᠠᠨ ᠰᠢᠷᠤᠢ ᠶᠢᠨ ᠦᠬᠡᠷ ᠤᠨ ᠡᠪᠡᠷ ᠠᠴᠠ ᠳᠡᠯᠪᠡᠭᠡ ᠳᠦᠷᠦ ᠬᠢᠵᠦ ᠳᠡᠯᠪᠡᠭᠡᠨ ᠡᠷᠡᠭᠡᠶᠢᠪᠴᠢ ᠳᠤ ᠤᠶᠠᠵᠤ᠂ ᠦᠬᠡᠷ ᠱᠠᠩ ᠠᠴᠠ ᠪᠠᠨ ᠭᠠᠷᠬᠤ ᠳᠤ ᠵᠠᠯᠠᠵᠤ ᠣᠷᠤᠭᠤᠯᠳᠠᠭ᠃ ᠨᠢᠭᠡ ᠦᠷ᠎ᠡ ᠲᠠᠷᠢᠶ᠎ᠠ ᠪᠠᠨ ᠲᠠᠷᠢᠵᠤ ᠪᠠᠷᠠᠪᠠᠯ ᠳᠠᠬᠢᠨ ᠦᠷ᠎ᠡ ᠬᠠᠶᠠᠨ᠎ᠠ᠃ ᠡᠳᠦᠷ ᠲᠤ ︽ᠡᠷᠲᠡ ᠶᠢᠨ ᠬᠦᠯᠯᠡᠭᠡ︾ ᠪᠠ ︽ᠣᠷᠤᠢ ᠶᠢᠨ ᠬᠦᠯᠯᠡᠭᠡ︾ ᠭᠡᠵᠦ ᠬᠤᠶᠠᠷ ᠬᠦᠯᠯᠡᠭᠡ ᠬᠦᠯᠳᠡᠭ᠃ ᠦᠷ ᠤᠨ ᠰᠢᠪᠠᠭᠤ ᠱᠤᠯᠤᠭᠠᠨᠠᠬᠤ ᠪᠠᠷ ᠡᠷᠲᠡ ᠶᠢᠨ ᠬᠦᠯᠯᠡᠭᠡ ᠡᠬᠢᠯᠡᠵᠦ᠂ ᠨᠠᠷᠠ ᠬᠠᠯᠠᠪᠠᠯ ᠬᠦᠯᠯᠡᠭᠡ ᠪᠠᠭᠤᠵᠤ᠂ ᠠᠨᠵᠢᠰᠤᠨ ᠦᠬᠡᠷ ᠢ ᠪᠡᠯᠴᠢᠭᠡᠷᠯᠡᠭᠦᠯᠳᠡᠭ᠃ ᠣᠷᠤᠢ ᠶᠢᠨ ᠰᠡᠷᠢᠭᠦᠨ ᠣᠷᠤᠪᠠᠯ ᠣᠷᠤᠢ ᠶᠢᠨ ᠬᠦᠯᠯᠡᠭᠡ ᠡᠬᠢᠯᠡᠵᠦ᠂ ᠬᠠᠷᠠᠩᠭᠤᠢ ᠪᠣᠯᠤᠭᠰᠠᠨ ᠤ ᠬᠤᠶᠢᠨ᠎ᠠ ᠬᠦᠯᠯᠡᠭᠡ ᠪᠠᠭᠤᠨ᠎ᠠ᠃ ᠦᠬᠡᠷ ᠢᠶᠠᠨ ᠢᠳᠡᠭᠦᠯᠵᠦ ᠤᠶᠠᠵᠤ ᠬᠤᠨᠤᠭᠠᠳ ᠡᠷᠲᠡ ᠶᠢᠨ ᠬᠦᠯᠯᠡᠭᠡ ᠠᠴᠠ ᠡᠮᠦᠨ᠎ᠡ ᠲᠠᠯᠪᠢᠵᠤ ᠠᠮᠠᠨ ᠵᠠᠪᠠᠭ᠎ᠠ ︵ᠦᠮᠡᠭᠡᠢ︶ ᠶᠢ ᠨᠢ ᠭᠠᠷᠭᠠᠳᠠᠭ᠃ ᠡᠨᠡ ᠮᠡᠲᠦ ᠪᠠᠷ ᠣᠨ ᠤ ᠬᠦᠨᠡᠰᠦᠨ ᠳᠤ ᠬᠦᠷᠬᠦ ᠲᠠᠷᠢᠶ᠎ᠠ ᠪᠠᠨ ᠲᠠᠷᠢᠵᠤ ᠪᠠᠷᠠᠬᠤ ᠪᠦᠭᠡᠳ ᠲᠠᠷᠢᠬᠤ ᠶᠠᠪᠤᠴᠠ ᠳᠤ ᠪᠠᠨ ︽ᠵᠤᠤᠬ᠎ᠠ ᠲᠠᠬᠢᠬᠤ︾ ᠬᠡᠮᠡᠨ ᠪᠠᠭ᠎ᠠ ᠬᠡᠪᠴᠢᠶᠡᠨ ᠤ ᠨᠠᠶᠢᠷ ᠪᠣᠯᠳᠠᠭ᠃      ᠲᠠᠷᠢᠶ᠎ᠠ ᠲᠠᠷᠢᠬᠤ ᠶᠠᠪᠤᠴᠠ ᠳᠤ ᠬᠦᠯᠯᠡᠭᠡᠨ ᠳᠦᠷᠪᠡᠨ ᠦᠬᠡᠷ ᠤᠨ ᠠᠯᠢ ᠨᠢᠭᠡ ᠨᠢ ᠲᠠᠭᠠᠷᠠᠯᠴᠠᠬᠤ ᠦᠭᠡᠢ ᠰᠠᠵᠢᠯᠴᠠᠪᠠᠯ ᠵᠤᠬᠢᠬᠤ ᠤᠷᠲᠦ ᠮᠣᠳᠤ ᠶᠢ ᠬᠤᠶᠠᠷ ᠦᠬᠡᠷ ᠤᠨ ᠡᠪᠡᠷ ᠤᠨ ᠤᠭ ᠲᠤ ᠤᠶᠠᠵᠤ ᠲᠠᠯᠪᠢᠳᠠᠭ᠃ ᠢᠩᠭᠢᠪᠡᠯ ᠬᠠᠷᠢᠯᠴᠠᠨ ᠰᠠᠵᠢᠯᠴᠠᠵᠤ ᠴᠢᠳᠠᠬᠤ ᠦᠭᠡᠢ ᠪᠣᠯᠳᠠᠭ᠃ ᠡᠭᠦᠨ ᠢ ︽ᠡᠪᠡᠷ ᠤᠨ ᠳ᠋ᠦᠩ ᠵᠡᠭᠦᠯᠭᠡᠬᠦ︾ ᠭᠡᠳᠡᠭ᠃ ᠮᠦᠨ ᠳᠦᠷᠪᠡᠨ ᠦᠬᠡᠷ ᠤᠨ ᠠᠯᠢ ᠨᠢᠭᠡ ᠨᠢ ᠢᠪᠡᠬᠦ ᠮᠠᠭᠤ ᠵᠠᠩ ᠲᠠᠢ ᠪᠣᠯ ᠬᠤᠶᠠᠷ ᠦᠬᠡᠷ ᠤᠨ ᠵᠢᠳᠭᠦᠭᠡᠨ ᠳᠡᠭᠡᠰᠦᠨ ᠳᠤ ᠬᠤᠶᠠᠷ ᠲᠡᠰᠢ ᠪᠠᠨ ᠬᠠᠷᠠᠭᠰᠠᠨ ᠰᠠᠯᠠᠭ᠎ᠠ ᠱᠤᠷᠤ ᠲᠠᠢ᠂ ᠳᠤᠮᠳᠠᠭᠤᠷ ᠢᠶᠠᠨ ᠵᠢᠳᠭᠦᠭᠡᠨ ᠬᠤᠶᠠᠷ ᠳᠡᠭᠡᠰᠦ ᠶᠢ ᠰᠦᠪᠡᠯᠡᠵᠤ ᠪᠠᠭᠲᠠᠬᠤ ᠨᠦᠬᠡ ᠪᠠᠷ ︽ᠢᠪᠡᠭᠦᠷ︾ ᠬᠡᠮᠡᠬᠦ ᠮᠣᠳᠤ ᠶᠢ ᠤᠭᠯᠠᠵᠤ᠂ ᠦᠬᠡᠷ ᠤᠨ ᠨᠢᠮᠬᠡᠨ ᠰᠤᠭᠤ ᠣᠷᠴᠢᠮ ᠳᠤ ᠲᠠᠭᠠᠷᠠᠭᠤᠯᠳᠠᠭ᠃ ᠢᠩᠭᠢᠭᠰᠡᠭᠡᠷ ᠬᠤᠶᠠᠷ ᠦᠬᠡᠷ ᠢᠪᠡᠬᠦ ᠭᠡᠰᠡᠨ ᠴᠦ ᠬᠠᠳᠬᠤᠭᠳᠠᠭᠠᠳ ᠢᠪᠡᠵᠦ ᠴᠢᠳᠠᠬᠤ ᠦᠭᠡᠢ ᠪᠣᠯᠳᠠᠭ᠃      ᠲᠠᠷᠢᠶ᠎ᠠ ᠲᠠᠷᠢᠬᠤ ᠪᠠ ᠦᠲᠦᠷᠮ᠎ᠡ ᠳᠡᠭᠡᠷ᠎ᠡ ᠬᠡᠷᠡᠭᠯᠡᠬᠦ ᠲᠠᠰᠢᠭᠤᠷ ᠢ ︽ᠲᠠᠷᠢᠶᠠᠨ ᠲᠠᠰᠢᠭᠤᠷ︾ ᠭᠡᠨ᠎ᠡ᠃ ᠲᠠᠷᠢᠶᠠᠨ ᠲᠠᠰᠢᠭᠤᠷ ᠲᠠᠪᠤᠨ ᠲᠤᠬᠤᠢ ᠤᠷᠲᠦ ᠬᠤᠯᠤᠰᠤᠨ ᠡᠰᠢ ᠲᠠᠢ᠂ ᠰᠤᠷ ᠢ ᠭᠤᠷᠮᠤᠰᠤᠨ ᠮᠤᠰᠬᠢᠭᠰᠠᠨ ᠨᠠᠷᠢᠬᠠᠨ ᠦᠵᠦᠭᠦᠷ ᠲᠠᠢ᠃ ᠡᠨᠡ ᠲᠠᠰᠢᠭᠤᠷ ᠨᠢ ᠭᠠᠷ ᠰᠤᠩᠭᠠᠨ ᠲᠠᠰᠢᠭᠤᠷᠳᠠᠬᠤ ᠳᠤ ᠦᠵᠦᠭᠦᠷ ᠨᠢ ᠦᠬᠡᠷ ᠤᠨ ᠰᠡᠭᠡᠷ ᠠᠴᠠ ᠬᠡᠲᠦᠷᠡᠬᠦ ᠦᠭᠡᠢ᠂ ᠣᠯᠠᠩᠬᠢ ᠳᠤ ᠪᠠᠨ ᠦᠬᠡᠷ ᠤᠨ ᠵᠤ ᠨᠢᠷᠤᠭᠤᠨ ᠳᠡᠭᠡᠷ᠎ᠡ ᠲᠠᠰᠢᠭᠤᠷᠳᠠᠵᠤ ᠬᠦᠷᠳᠡᠭ᠃ ᠭᠡᠬᠦ ᠳᠤ ᠲᠠᠷᠢᠶᠠᠨ ᠬᠦᠯᠯᠡᠭᠡᠨ ᠦᠬᠡᠷ ᠢ ᠵᠣᠳᠤᠵᠤ ᠠᠶᠤᠯᠭᠠᠳᠠᠭ ᠪᠢᠰᠢ᠂ ᠬᠠᠷᠢᠨ ᠲᠠᠰᠢᠭᠤᠷ ᠢᠶᠠᠨ ᠬᠡᠢ ᠳᠣᠣᠭᠠᠷᠭᠠᠨ ᠰᠦᠷ ᠮᠠᠨᠳᠤᠭᠤᠯᠵᠤ ᠠᠶᠤᠯᠭᠠᠳᠠᠭ᠃ ᠡᠨᠡ ᠬᠦ ᠲᠠᠰᠢᠭᠤᠷ ᠢ ᠭᠠᠷ ᠲᠤ ᠪᠠᠨ ᠡᠷᠭᠦᠨ ᠪᠠᠷᠢᠵᠤ ᠶᠠᠪᠤᠬᠤ ᠪᠤᠶᠤ ᠮᠦᠷᠦᠨ ᠳᠡᠭᠡᠷ᠎ᠡ ᠪᠠᠨ ᠲᠠᠰᠢᠭᠤᠷ ᠢ ᠨᠢ ᠬᠠᠶᠠᠵᠤ ᠡᠰᠢᠨ ᠠᠴᠠ ᠨᠢ ᠪᠠᠷᠢᠵᠤ ᠶᠠᠪᠤᠳᠠᠭ᠃ ᠡᠭᠦᠨ ᠠᠴᠠ ᠭᠠᠳᠠᠨ᠎ᠠ ᠲᠤᠬᠤᠢ ᠤᠷᠳᠤᠬᠠᠨ ᠡᠰᠢ ᠲᠠᠢ᠂ ᠮᠣᠷᠢᠨ ᠰᠡᠭᠦᠯ ᠤᠨ ᠬᠢᠯᠭᠠᠰᠤ ᠪᠠ ᠤᠯᠤᠰᠤ ᠶᠢ ᠬᠤᠯᠢᠵᠤ ᠲᠠᠮᠤᠭᠰᠠᠨ ᠰᠤᠷ ᠦᠵᠦᠭᠦᠷ  ᠲᠠᠢ ᠲᠠᠷᠢᠶᠠᠨ ᠲᠠᠰᠢᠭᠤᠷ ᠪᠤᠢ᠃ ᠡᠭᠦᠨ ᠢ ︽ᠸᠠᠩᠪᠠ ᠲᠠᠰᠢᠭᠤᠷ︾ ᠭᠡᠳᠡᠭ ᠪᠦᠭᠡᠳ ᠭᠠᠷ ᠲᠤ ᠪᠠᠨ ᠰᠡᠭᠡᠯᠳᠦᠷᠭᠡᠯᠡᠵᠦ᠂ ᠠᠷᠤ ᠳᠤ ᠪᠠᠨ ᠴᠢᠷᠴᠦ ᠶᠠᠪᠤᠳᠠᠭ᠃ ᠡᠶᠢᠮᠦ ᠲᠠᠰᠢᠭᠤᠷ ᠬᠦᠨᠳᠦ ᠪᠦᠭᠡᠳ ᠳᠤᠰᠤᠯᠲᠡ ᠨᠢ ᠬᠠᠲᠠᠭᠤ᠂ ᠳᠤᠤᠭᠠᠷᠭᠠᠬᠤ ᠳᠤ ᠳᠠᠭᠤ ᠶᠡᠬᠡᠲᠡᠢ ᠪᠠᠶᠢᠳᠠᠭ᠃ ᠡᠨᠡ ᠬᠦ ᠲᠠᠰᠢᠭᠤᠷ ᠨᠢ ᠪᠠᠷᠢᠶ᠎ᠠ ᠲᠠᠨᠳᠠ ᠪᠠᠨ ᠪᠦᠳᠦᠭᠦᠨ ᠪᠦᠭᠡᠳ ᠦᠵᠦᠭᠦᠷ ᠲᠡᠰᠢ ᠪᠠᠨ ᠦᠯᠦ ᠮᠡᠳᠡᠭ ᠨᠠᠷᠢᠰᠤᠭᠰᠠᠨ ᠨᠠᠷᠢᠨ ᠦᠵᠦᠭᠦᠷ ᠲᠠᠢ ᠲᠠᠰᠢᠭᠤᠷ ᠪᠣᠯᠬᠤᠷ ︽ᠸᠠᠩᠪᠠ ᠲᠠᠰᠢᠭᠤᠷ︾ ᠨᠡᠷᠡᠶᠢᠳᠦᠭᠳᠡᠵᠡᠢ᠃      ᠮᠣᠩᠭᠤᠯ ᠲᠠᠷᠢᠶ᠎ᠠ ᠨᠢ ᠲᠡᠭᠷᠢ ᠶᠢᠨ ᠴᠢᠷᠠᠢ ᠬᠠᠷᠠᠭᠰᠠᠨ ᠲᠠᠷᠢᠶ᠎ᠠ ᠪᠣᠯᠬᠤ ᠲᠤᠯᠠ ᠲᠡᠭᠷᠢ ᠵᠦᠪ ᠢᠶᠠᠷ ᠦᠵᠡᠵᠦ ᠦᠷᠦᠰᠢᠶᠡᠪᠡᠯ ᠤᠨᠠᠯᠲᠠ ᠦᠨᠳᠦᠷ᠂ ᠭᠠᠩᠳᠠᠪᠠᠯ ᠲᠠᠪᠵᠢᠶᠠᠯ ᠲᠠᠷᠢᠶ᠎ᠠ ᠤᠷᠭᠤᠵᠤ᠂ ᠤᠨᠠᠯᠲᠠ ᠪᠠᠭ᠎ᠠ ᠪᠦᠭᠡᠳ ᠨᠡᠩ ᠪᠣᠯᠪᠠᠰᠤᠷᠠᠬᠤ ᠦᠶ᠎ᠡ ᠳᠤ ᠨᠢ ᠲᠣᠭᠤᠷᠤᠤ ᠰᠢᠪᠲᠤᠷᠠᠬᠤ ᠶᠤᠮ ᠪᠣᠯ ᠪᠤᠳᠠᠭ᠎ᠠ ᠭᠡᠵᠦ ᠣᠯᠳᠠᠭ ᠦᠭᠡᠢ᠃ ᠮᠣᠩᠭᠤᠯᠴᠣᠣᠳ ︽ᠲᠡᠭᠷᠢ ᠵᠦᠪ ᠢᠶᠠᠷ ᠦᠵᠡᠪᠡᠯ ᠪᠤᠳᠠᠭ᠎ᠠ ᠣᠯᠵᠤ ᠢᠳᠡᠨ᠎ᠡ︾ ᠭᠡᠵᠦ ᠪᠡᠯᠭᠡᠳᠡᠵᠦ ᠬᠡᠯᠡᠳᠡᠭ ᠤᠨ ᠤᠴᠢᠷ ᠡᠶᠢᠮᠦ ᠠᠵᠤᠭᠤ︕ ᠨᠠᠮᠤᠷ ᠲᠠᠷᠢᠶ᠎ᠠ ᠪᠣᠯᠪᠠᠰᠤᠷᠠᠬᠤ ᠦᠶ᠎ᠡ ᠪᠠᠷ ᠲᠤᠭᠤᠷᠤᠤ ᠰᠢᠪᠲᠤᠷᠠᠬᠤ ᠶᠢ ᠠᠩᠬᠠᠷᠴᠦ᠂ ᠬᠢᠷᠠᠭᠤ ᠤᠨᠠᠬᠤ ᠠᠴᠠ ᠡᠮᠦᠨ᠎ᠡ ᠵᠠᠪᠳᠤᠵᠤ ᠬᠠᠳᠤᠵᠤ ᠠᠪᠳᠠᠭ᠃ ᠤᠵᠠᠭᠤᠷ ᠤᠨ ᠦᠶ᠎ᠡ ᠳᠤ᠂ ᠲᠠᠷᠢᠶ᠎ᠠ ᠲᠠᠷᠢᠬᠤ ᠠᠨᠵᠢᠰᠤ ᠭᠡᠵᠦ ᠪᠠᠶᠢᠭᠰᠠᠨ ᠦᠭᠡᠢ ᠲᠤᠯᠠ ᠦᠷ᠎ᠡ ᠶᠢᠨ ᠪᠤᠳᠠᠭ᠎ᠠ ᠪᠠᠨ ᠬᠦᠬᠡᠪᠦᠷ ᠬᠦᠪᠲᠦ ᠭᠠᠵᠠᠷ ᠰᠦᠷᠴᠢᠭᠡᠳ ᠣᠯᠠᠨ ᠠᠳᠤᠭᠤ ᠬᠤᠮᠢᠵᠤ ᠵᠣᠭᠰᠤᠭᠠᠨ ᠠᠳᠤᠭᠤᠨ ᠲᠤᠭᠤᠷᠠᠢ ᠪᠠᠷ ᠭᠠᠵᠠᠷ ᠤᠨ ᠬᠦᠷᠦᠰᠦ ᠶᠢ ᠭᠡᠭᠵᠡᠭᠦᠯᠤᠭᠦᠯᠦᠨ ᠲᠠᠷᠢᠵᠤ ᠪᠠᠶᠢᠭᠰᠠᠨ ᠲᠡᠮᠳᠡᠭᠯᠡᠯ ᠪᠠᠶᠢᠬᠤ ᠪᠦᠭᠡᠳ ᠴᠢᠯᠦᠭᠡᠯᠡᠭᠳᠡᠬᠦ ᠠᠴᠠ ᠡᠮᠦᠨ᠎ᠡ ᠪᠣᠯᠲᠠᠯ᠎ᠠ ᠪᠡᠶᠡᠨ ᠤ ᠠᠳᠤᠭᠤ ᠶᠢ ᠬᠠᠷᠢᠭᠤᠯᠤᠭᠴᠢ ᠠᠳᠤᠭᠤᠴᠢᠳ ᠢᠩᠭᠢᠵᠦ ᠲᠠᠷᠢᠶ᠎ᠠ ᠲᠠᠷᠢᠵᠤ ᠪᠠᠶᠢᠭᠰᠠᠨ ᠢ ᠨᠢᠲᠦ ᠪᠠᠷ ᠢᠶᠠᠨ ᠦᠵᠡᠭᠰᠡᠨ ᠨᠠᠰᠤᠲᠡᠳ ᠪᠠ ᠢᠩᠭᠢᠵᠦ ᠲᠠᠷᠢᠭᠰᠠᠨ ᠲᠤᠷᠰᠢᠯᠠᠭᠠᠲᠦ ᠡᠪᠦᠭᠡᠳ ᠣᠳᠣ ᠲᠤᠯᠲᠠᠯ᠎ᠠ ᠠᠮᠢᠲᠦ ᠪᠠᠶᠢᠭᠰᠠᠭᠠᠷ᠃      ︵ᠢᠷᠡᠯᠲᠡ᠄ ᠨᠠ᠊· ᠪᠣᠶᠠᠨᠬᠡᠰᠢᠭ ᠤᠨ ᠨᠠᠶᠢᠷᠠᠭᠤᠯᠤᠭᠰᠠᠨ ︽ᠮᠣᠩᠭᠤᠯ ᠲᠡᠦᠭᠡ ᠰᠤᠶᠤᠯ ᠤᠨ ᠰᠤᠩᠭᠤᠳᠠᠭ ᠵᠤᠬᠢᠶᠠᠯ ᠤᠨ ᠬᠦᠮᠦᠷᠭᠡ᠂ ᠵᠠᠩ ᠦᠢᠯᠡ ᠶᠢᠨ ᠴᠤᠪᠤᠷᠠᠯ ︿ᠪᠠᠭᠠᠷᠢᠨ ᠵᠠᠩ ᠦᠢᠯᠡ﹀︾ ᠭᠡᠬᠦ ᠨᠣᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠲᠡᠦᠭᠡ ᠰᠤᠶᠤᠯ ᠤᠨ ᠰᠤᠩᠭᠤᠳᠠᠭ ᠵᠤᠬᠢᠶᠠᠯ ᠤᠨ ᠬᠦᠮᠦᠷᠭᠡ᠂ ᠵᠠᠩ ᠦᠢᠯᠡ ᠶᠢᠨ ᠴᠤᠪᠤᠷᠠᠯ ︿ᠪᠠᠭᠠᠷᠢᠨ ᠵᠠᠩ ᠦᠢᠯᠡ﹀︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号