ᠲᠡᠮᠡᠭᠡ ᠬᠦᠩᠭᠡᠯᠡᠨ ᠵᠠᠰᠠᠬᠤ
ᠨᠡᠶᠢᠲᠡᠯᠡᠭᠰᠡᠨ ᠴᠠᠭ᠄
2021/3/31
     ᠲᠡᠮᠡᠭᠡ ᠶᠢ ᠳᠦᠷᠪᠡ ᠠᠴᠠ ᠲᠠᠪᠤᠨ ᠨᠠᠰᠤᠨ ᠤ ᠵᠠᠪᠰᠠᠷ ᠤᠨ ᠦᠶ᠎ᠡ ᠳᠤ ᠠᠭᠲᠠᠯᠠᠨ᠎ᠠ᠃ ᠲᠡᠷᠡ ᠨᠠᠰᠤᠨ ᠤ ᠡᠷ᠎ᠡ ᠲᠡᠮᠡᠭᠡ ᠶᠢ ᠪᠠᠰᠠ ᠲᠠᠶᠢᠯᠤᠭ ᠭᠡᠳᠡᠭ᠃ ᠲᠡᠶᠢᠯᠤᠭ ᠢ ᠠᠭᠲᠠᠯᠠᠬᠤ ᠠᠷᠭ᠎ᠠ ᠪᠠᠷᠢᠯ ᠨᠢ ᠦᠷᠢᠶ᠎ᠡ ᠡᠰᠭᠡᠬᠦ ᠲᠠᠢ ᠠᠳᠠᠯᠢ᠃ ᠮᠦᠨ ᠯᠠ ᠰᠠᠪᠰᠠᠯᠭ᠎ᠠ᠂ ᠢᠯᠢᠭᠦᠷ ᠵᠡᠷᠭᠡ ᠶᠢ ᠬᠡᠷᠡᠭᠯᠡᠨ ᠬᠠᠭᠠᠷᠢᠵᠤ ᠠᠭᠲᠠᠯᠠᠨ᠎ᠠ᠃ ᠠᠳᠠᠯᠢ ᠦᠭᠡᠢ ᠲᠠᠯ᠎ᠠ ᠨᠢ ᠭᠡᠪᠡᠯ ᠲᠠᠶᠢᠯᠤᠭ ᠢ ᠤᠨᠠᠭᠠᠭᠰᠠᠨ ᠤ ᠬᠤᠶᠢᠨ᠎ᠠ ᠲᠠᠯ᠎ᠠ ᠪᠠᠷ ᠨᠢ ᠬᠡᠪᠲᠡᠭᠦᠯᠵᠦ ᠪᠠᠶᠢᠭᠠᠳ ᠪᠤᠷᠠᠨᠳᠠᠭ ᠳᠡᠭᠡᠰᠦ ᠪᠠᠷ ᠴᠣᠮᠣᠨ ᠤᠶᠠᠵᠤ ᠬᠡᠳᠦᠨ ᠵᠠᠯᠠᠭᠤᠰ ᠳᠠᠷᠤᠵᠤ ᠪᠠᠶᠢᠭᠠᠳ ᠠᠭᠲᠠᠯᠠᠨ᠎ᠠ᠃      ᠵᠠᠷᠢᠮ ᠭᠠᠵᠠᠷ ᠲᠤ ᠲᠠᠶᠢᠯᠤᠭ ᠢ ᠠᠭᠲᠠᠯᠠᠬᠤ ᠳᠠᠭᠠᠨ ᠰᠠᠪᠰᠠᠯᠭ᠎ᠠ ᠬᠡᠷᠡᠭᠡᠯᠡᠬᠦ ᠦᠭᠡᠢ᠂ ᠳᠠᠪᠤᠰᠤᠲᠠᠢ ᠣᠰᠤ ᠪᠠᠷ ᠪᠦᠭᠡᠷ᠎ᠡ ᠶᠢᠨ ᠬᠠᠪᠳᠠᠭ ᠤᠨ ᠭᠠᠳᠠᠷ ᠲᠠᠯ᠎ᠠ ᠶᠢ ᠰᠠᠶᠢᠲᠤᠷ ᠱᠠᠪᠰᠢᠵᠤ ᠠᠷᠢᠭᠤᠳᠬᠠᠭᠰᠠᠨ ᠤ ᠳᠠᠷᠠᠭ᠎ᠠ ᠬᠤᠷᠴᠠ ᠬᠢᠲᠤᠭ᠎ᠠ ᠪᠠᠷ ᠬᠠᠪᠳᠠᠭ ᠳᠡᠭᠡᠷ᠎ᠡ ᠨᠢ ᠭᠤᠯᠳᠤ ᠬᠤᠶᠠᠷ ᠣᠭᠲᠣᠯᠵᠣ ᠪᠦᠭᠡᠨᠰᠦᠭ ᠢ ᠨᠢ ᠰᠢᠬᠠᠨ ᠭᠠᠷᠭᠠᠭᠠᠳ ᠮᠦᠨ ᠬᠢᠲᠤᠭ᠎ᠠ ᠪᠠᠷ ᠢᠶᠠᠨ ᠪᠦᠭᠡᠷ᠎ᠡ ᠶᠢᠨ ᠤᠷᠲᠤ ᠭᠤᠤᠷᠰᠤ ᠶᠢ ᠰᠢᠭᠤᠳ ᠤᠭᠲᠤᠯᠵᠤ ᠠᠭᠲᠠᠯᠠᠨ᠎ᠠ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号