ᠮᠦᠰᠤ ᠴᠠᠰᠤ ᠬᠠᠶᠢᠯᠵᠤ ᠨᠡᠷ᠎ᠡ ᠤᠶᠢᠷᠠᠳᠴᠤ ᠪᠦᠬᠦᠢ ᠬᠠᠪᠤᠷ ᠤᠨ ᠤᠯᠠᠷᠢᠯ ᠭᠡᠭᠴᠢ ᠲᠥᠯ ᠲᠤᠰᠬᠤ | ᠶᠠᠭᠠᠷᠠᠯᠲᠠᠢ ᠴᠠᠭ ᠡ᠃ ᠮᠠᠯᠴᠢᠳ ᠬᠠᠪᠤᠷ ᠤᠨ ᠲᠥᠯ ᠲᠤᠰᠤᠨ ᠶᠠᠭᠠᠷᠠᠯᠲᠤᠵᠤ᠂ ᠮᠠᠯ ᠤᠨ ᠬᠤᠷᠤᠭᠠᠨ ᠳᠠᠬᠢ ᠲᠦᠯ ᠤᠨ | ᠮᠠᠶᠢᠯᠠᠭᠠᠠ ᠳᠤ ᠬᠦᠳᠡᠭᠡ ᠨᠤᠳᠤᠭ ᠠᠮᠢᠵᠢᠷᠠᠯ ᠤᠨ ᠬᠦᠴᠦᠨ ᠢᠶᠠᠷ ᠪᠢᠯᠬᠠᠨ᠎ᠠ᠂ ᠡᠯᠪᠡᠭ ᠬᠤᠷᠢᠶᠠᠯᠲᠠ ᠶᠢᠨ ᠡᠭᠡᠰᠢᠭ | ᠬᠠᠶᠠ ᠦᠭᠡᠢ ᠴᠤᠤᠷᠢᠶᠠᠲᠤᠨ᠎ᠠ᠃ | | | | | ᠤᠷᠠᠳ ᠤᠨ ᠳᠤᠮᠳᠠᠳᠤ ᠬᠤᠰᠢᠭᠤᠨ ᠤ ᠰᠢᠨᠡᠭᠦ᠋ᠷᠢᠶᠡ ᠰᠤᠮᠤᠨ ᠤ ᠵᠤᠰᠤᠮᠠᠯ ᠭᠠᠴᠠᠭᠠᠨ ᠤ ᠮᠠᠯᠴᠢᠨ ᠬᠤᠤ ᠶᠢᠨ | ᠯᠢᠶᠠᠩ ᠤᠨ ᠬᠤᠷᠤᠭᠠᠨ ᠳᠤ ᠬᠦᠭᠡᠷᠦᠬᠦᠨ ᠴᠣᠪᠣᠭᠤᠯᠢᠭ ᠬᠤᠷᠠᠭ᠎ᠠ ᠢᠰᠢᠬᠡ ᠮᠠᠶᠢᠯᠠᠯᠲᠤᠬᠤ ᠪᠠᠷ ᠲᠡᠬᠦᠨ ᠤ ᠴᠢᠷᠠᠶ ᠳᠤ | ᠪᠠᠶᠠᠷ ᠤᠨ ᠢᠨᠢᠶᠡᠮᠰᠦᠭᠯᠡᠯ ᠲᠤᠳᠤᠷᠠᠨ᠎ᠠ᠃ ᠬᠤᠤ ᠶᠢᠨ ᠯᠢᠶᠠᠩ ᠨᠢᠳᠤᠨᠤᠠ ᠨᠠᠮᠤᠷ ᠠᠴᠠ ᠡᠪᠤᠯᠵᠢᠵᠥ ᠬᠠᠪᠤᠷᠵᠢᠬᠤ | ᠮᠠᠯ ᠤᠨ ᠢᠶᠠᠨ ᠪᠡᠯᠡᠳᠬᠡᠯ ᠠᠵᠢᠯ ᠢ ᠰᠠᠶᠢᠳᠤᠷ ᠬᠢᠵᠥ᠂ ᠡᠪᠡᠰᠤ ᠪᠤᠷᠳᠤᠭ᠎ᠠ ᠪᠠᠨ ᠬᠦᠷᠦᠯᠴᠠᠬᠦ᠋ᠢᠴᠠ ᠪᠡᠯᠡᠳᠬᠡᠡ᠂ | ᠮᠠᠯ ᠤᠨ ᠭᠡᠮ ᠬᠢᠵᠢᠭ ᠢ ᠰᠡᠷᠭᠡᠶᠢᠯᠡᠨ ᠵᠠᠰᠠᠬᠤ ᠠᠵᠢᠯ ᠢ ᠰᠠᠶᠢᠳᠤᠷ ᠬᠢᠭᠰᠡᠡ ᠢᠶᠠᠷ ᠲᠦᠯ ᠤᠨ ᠤᠨᠳᠤᠷᠤᠯᠳᠠ ᠰᠠᠶᠢᠠ | ᠪᠠᠶᠢᠨ᠎ᠠ᠃ ᠬᠤᠤ ᠶᠢᠨ ᠯᠢᠶᠠᠩ᠄ ︽ᠡᠨᠡ ᠵᠢᠯ 300 ᠭᠠᠷᠤᠶ ᠡᠮ᠎ᠡ ᠬᠤᠨᠢ ᠬᠤᠷᠠᠭᠠᠯᠠᠨ᠎ᠠ᠂ ᠡᠨᠡ ᠵᠢᠯ ᠤᠨ ᠲᠦᠯ ᠤᠨ | ᠤᠠᠳᠤᠷᠤᠯᠳᠠ ᠨᠡᠯᠢᠶᠡᠳ ᠰᠠᠶᠢᠨ᠂ ᠤᠳᠤ ᠪᠣᠯᠲᠠᠯ᠎ᠠ 200 ᠭᠠᠷᠤᠢ ᠬᠤᠷᠠᠭ᠎ᠠ ᠲᠤᠰᠤᠭᠠᠳ ᠪᠠᠶᠢᠨ᠎ᠠ᠂ ᠡᠨᠡ ᠬᠡᠰᠡᠭ | ᠬᠤᠭᠤᠴᠠᠭᠠᠨ ᠳᠤ ᠬᠢᠵᠢᠭ ᠢ ᠰᠡᠷᠭᠡᠶᠢᠯᠡᠬᠦ ᠠᠵᠢᠯ ᠢ ᠰᠠᠶᠢᠳᠤᠷ ᠬᠢᠯ᠎ᠡ᠂ ᠨᠠᠮᠤᠷ ᠬᠤᠷᠠᠭ᠎ᠠ ᠪᠠᠨ ᠪᠦᠬᠦᠨ ᠢ ᠬᠤᠲᠠᠯᠲᠤᠨᠠ᠂ | ᠲᠦᠷᠦᠭᠦᠦ ᠬᠡᠳᠦᠨ ᠡᠳᠦᠷ 60 ᠭᠠᠷᠤᠢ ᠬᠤᠷᠠᠭ᠎ᠠ ᠪᠠᠨ ᠳᠤᠮᠳᠠᠴᠢ ᠪᠠᠷ 970 ᠲᠥᠭᠦᠷᠢᠭ ᠬᠤᠳᠠᠯᠳᠤᠵᠡᠢ︾ ᠬᠡᠵᠥ | ᠶᠠᠷᠢᠨ᠎ᠠ᠃ | | | | | ᠣᠶᠢᠷ᠎ᠠ ᠶᠢᠨ ᠵᠢᠯ᠂ ᠲᠤᠰ ᠬᠤᠰᠢᠭᠤ ᠠᠮᠢ ᠠᠬᠤᠶ ᠶᠢ ᠥᠨᠳᠥᠷ ᠪᠦᠲᠦᠮᠵᠢᠲᠡᠶ ᠬᠠᠮᠠᠭᠠᠯᠠᠬᠤ ᠪᠠᠷ | ᠭᠤᠤᠯᠳᠠᠭᠤᠯᠵᠥ᠂ ︽ᠪᠦᠲᠦᠴᠡ ᠶᠢ ᠰᠢᠯᠢᠳᠡᠭᠵᠢᠭᠦᠯᠬᠦ᠂ ᠡᠷᠭᠢᠯᠲᠡ ᠶᠢ ᠲᠦᠷᠭᠡᠳᠬᠡᠬᠦ᠂ ᠦᠷ᠎ᠡ ᠠᠰᠢᠭ ᠢ ᠳᠡᠭᠡᠭᠰᠢᠯᠡᠭᠦᠯᠬᠦ︾ | ᠰᠡᠳᠬᠢᠮᠵᠢ ᠪᠠᠷ ᠮᠠᠯ ᠠᠵᠤ ᠠᠬᠤᠢ ᠶᠢ ᠬᠦᠭᠵᠢᠭᠦᠯᠦᠨ᠂ ᠰᠠᠭᠤᠷᠢ ᠲᠥᠬᠦᠭᠡᠷᠦᠮᠵᠢ ᠶᠢᠨ ᠪᠥᠲᠥᠭᠡᠨ | ᠪᠠᠶᠢᠭᠤᠯᠤᠯᠲᠠ ᠶᠢ ᠲᠠᠰᠤᠷᠠᠯᠲᠠ ᠥᠬᠡᠶ ᠴᠢᠩᠭᠠᠳᠬᠠᠨ᠂ ᠮᠠᠯ ᠤᠨ ᠭᠡᠮ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ | ᠴᠢᠩᠭᠠᠳᠬᠠᠵᠤ᠂ ᠮᠠᠯ ᠠᠵᠤ ᠠᠬᠤᠶ ᠶᠢᠨ ᠰᠠᠭᠤᠷᠢ ᠲᠥᠬᠦᠭᠡᠷᠦᠮᠵᠢ ᠶᠢ ᠰᠠᠶᠢᠵᠢᠷᠠᠭᠤᠯᠤᠨ᠂ ᠮᠠᠯ ᠠᠵᠤ ᠠᠬᠤᠶ ᠶᠢᠨ | ᠭᠠᠮᠰᠢᠭ ᠢ ᠰᠡᠷᠭᠡᠶᠢᠯᠡᠵᠦ ᠭᠠᠮᠰᠢᠭ ᠢ ᠪᠠᠭᠠᠰᠬᠠᠬᠤ ᠴᠢᠳᠠᠮᠵᠢ ᠶᠢ ᠪᠦᠲᠦᠮᠵᠢᠲᠡᠶ ᠡᠷᠴᠢᠮᠵᠢᠬᠦᠯᠪᠡ᠃ ᠣᠳᠣ ᠲᠤᠰ | ᠬᠤᠰᠢᠭᠤᠨ ᠤ ᠲᠥᠯ ᠲᠤᠰᠴᠤ ᠪᠤᠶᠢᠵᠢᠭᠤᠯᠤᠭᠰᠠᠠ ᠪᠠᠶᠢᠳᠠᠯ ᠪᠠᠶᠠᠷᠯᠠᠭᠤᠰᠢᠲᠠᠶ ᠪᠠᠶᠢᠵᠤ᠂ ᠨᠢᠭᠡᠨᠲᠡ 71.53 ᠲᠦᠮᠡᠨ | ᠲᠥᠯ ᠲᠤᠰᠴᠤ᠂ ᠲᠥᠯ ᠮᠠᠯ ᠤᠨ ᠤᠠᠳᠤᠷᠤᠯᠳᠠ ᠶᠢᠨ ᠨᠣᠷᠮ᠎ᠠ 99.1% ᠳᠤ ᠬᠦᠷᠴᠤ ᠪᠠᠶᠢᠨ᠎ᠠ᠃ | | | |