ᠨᠠᠷᠠᠨ ᠲᠠᠮᠠᠭ᠎ᠠ ᠪᠠ ᠰᠠᠷᠠᠨ ᠲᠠᠮᠠᠭ᠎ᠠ
ᠨᠡᠶᠢᠲᠡᠯᠡᠭᠰᠡᠨ ᠴᠠᠭ᠄
2021/5/12
     ᠨᠠᠷᠠᠨ ᠲᠠᠮᠠᠭ᠎ᠠ ᠪᠠ ᠰᠠᠷᠠᠨ ᠲᠠᠮᠠᠭ᠎ᠠ ᠶᠢᠨ ᠬᠡᠯᠪᠡᠷᠢ ᠳᠦᠷᠰᠦ ᠨᠢ ᠠᠳᠠᠯᠢ ᠦᠭᠡᠢ᠂ ᠭᠡᠪᠡᠴᠦ ᠠᠭᠤᠯᠭ᠎ᠠ ᠶᠢᠨ ᠬᠤᠪᠢ ᠳᠤ ᠨᠢᠭᠲᠠ ᠬᠠᠷᠢᠴᠠᠭ᠎ᠠ ᠲᠠᠢ ᠪᠠᠶᠢᠳᠠᠭ᠃ ᠬᠦᠮᠦᠨ ᠲᠦᠷᠦᠯᠬᠢᠲᠡᠨ ᠡᠷᠲᠡ ᠳᠡᠭᠡᠳᠦ ᠦᠶ᠎ᠡ ᠠᠴᠠ ᠨᠠᠷᠠ᠂ ᠰᠠᠷᠠ ᠶᠢ ᠰᠢᠲᠦᠯᠭᠡ ᠪᠠᠷ ᠪᠣᠯᠭᠠᠵᠤ ᠪᠠᠶᠢᠵᠠᠢ᠃ ᠶᠠᠭ ᠡᠶᠢᠮᠦ ᠤᠴᠢᠷ ᠠᠴᠠ ᠮᠣᠩᠭᠤᠯᠴᠤᠳ ᠠᠯᠢ ᠡᠷᠲᠡᠨ ᠠᠴᠠ ᠨᠠᠷᠠᠨ ᠲᠠᠮᠠᠭ᠎ᠠ᠂ ᠰᠠᠷᠠᠨ ᠲᠠᠮᠠᠭ᠎ᠠ ᠶᠢ ᠲᠠᠪᠤᠨ ᠬᠤᠰᠢᠭᠤ ᠮᠠᠯ ᠤᠨ ᠦᠮᠴᠢ ᠶᠢᠨ ᠲᠠᠮᠠᠭ᠎ᠠ ᠪᠠᠷ ᠬᠡᠷᠡᠭᠯᠡᠵᠦ ᠦᠨᠢ ᠡᠭᠦᠷᠢᠲᠡ ᠨᠠᠷᠠ᠂ ᠰᠠᠷᠠ ᠶᠢ ᠰᠢᠲᠦᠬᠦ ᠭᠦᠨ ᠳᠠᠯᠳᠠ ᠰᠠᠨᠠᠭ᠎ᠠ ᠪᠠᠨ ᠢᠯᠡᠳᠭᠡᠵᠦ ᠪᠠᠶᠢᠵᠠᠢ᠃ ᠮᠣᠩᠭᠤᠯᠴᠤᠳ ᠨᠠᠷᠠᠨ ᠰᠠᠷᠠᠨ ᠤ ᠢᠪᠡᠭᠡᠯ ᠬᠠᠶᠢᠷ᠎ᠠ ᠢᠶᠠᠷ ᠠᠯᠢᠪᠠ ᠶᠠᠪᠤᠳᠠᠯ ᠴᠠᠭᠠᠨ ᠮᠦᠷ ᠲᠠᠢ ᠪᠠᠶᠢᠬᠤ ᠶᠢ ᠬᠦᠰᠡᠨ᠂ ᠲᠠᠪᠤᠨ ᠬᠤᠰᠢᠭᠤ ᠮᠠᠯ ᠰᠦᠷᠦᠭ  ᠨᠢ ᠮᠡᠨᠳᠦ ᠰᠠᠶᠢᠬᠠᠨ ᠢᠶᠠᠷ ᠦᠷᠡᠵᠢᠨ ᠦᠰᠬᠦ ᠶᠢᠨ ᠪᠡᠯᠭᠡ ᠳᠡᠮᠪᠡᠷᠢᠯ ᠪᠣᠯᠭᠠᠵᠤ ᠪᠠᠶᠢᠭᠰᠠᠨ ᠪᠦᠭᠡᠳ ᠪᠠᠰᠠ ᠴᠠᠭᠠᠨ ᠦᠩᠭᠡ ᠶᠢ ᠰᠢᠲᠦᠬᠦ ᠪᠣᠯᠣᠭᠰᠠᠨ ᠨᠢ ᠨᠠᠷᠠᠨ ᠰᠠᠷᠠᠨ ᠲᠠᠮᠠᠭ᠎ᠠ ᠶᠢ ᠬᠡᠷᠡᠭᠯᠡᠭᠰᠡᠨ ᠲᠠᠢ ᠨᠢᠭᠲᠠ ᠬᠤᠯᠪᠤᠭ᠎ᠠ ᠲᠠᠢ ᠪᠠᠶᠢᠵᠠᠢ᠃ ᠬᠡᠳᠦᠶᠢᠪᠡᠷ ᠴᠠᠭᠠᠨ ᠦᠩᠭᠡ ᠪᠠ ᠮᠠᠯ ᠤᠨ ᠲᠠᠮᠠᠭ᠎ᠠ ᠨᠢ ᠠᠳᠠᠯᠢ ᠪᠤᠰᠤ ᠬᠤᠶᠠᠷ ᠵᠦᠢᠯ ᠤᠨ ᠶᠠᠭᠤᠮ᠎ᠠ ᠪᠣᠯᠪᠠᠴᠤ ᠢᠯᠡᠳᠭᠡᠬᠦ ᠰᠠᠨᠠᠭ᠎ᠠ ᠨᠢ ᠨᠢᠭᠡ ᠶᠣᠮ᠃ ᠮᠣᠩᠭᠤᠯᠴᠣᠳ ᠤᠨ ᠳᠦᠷᠪᠡᠯᠵᠢᠨ ᠴᠠᠭᠠᠨ ᠪᠦᠰ ᠳᠡᠭᠡᠷ᠎ᠡ ᠠᠶᠢᠯ ᠡᠷᠦᠬᠡ ᠠᠮᠤᠷ ᠮᠡᠨᠳᠦ᠂ ᠠᠳᠣᠭᠤ ᠮᠠᠯ ᠠᠭᠠᠷ ᠳᠡᠭᠷᠢ ᠶᠢᠨ ᠤᠳᠤᠨ ᠮᠡᠲᠦ ᠠᠷᠪᠢᠳᠠᠨ ᠦᠰᠬᠦ ᠶᠢ ᠵᠦᠩᠨᠡᠨ ᠪᠡᠯᠭᠡᠳᠡᠭᠰᠡᠨ ᠲᠠᠷᠨᠢ ᠶᠢᠨ ᠦᠰᠦᠭ ᠲᠠᠢ ᠲᠠᠷᠴᠤᠭ ᠳᠠᠯᠪᠠᠭ᠎ᠠ ᠬᠢᠬᠦ᠂ ᠴᠠᠭᠠᠨ ᠲᠤᠷᠭᠠᠨ ᠬᠠᠳᠠᠭ ᠬᠡᠷᠡᠭᠯᠡᠬᠦ᠂ ᠴᠠᠭᠠᠨ ᠪᠦᠰ ᠢᠶᠠᠷ ᠬᠤᠪᠴᠠᠰᠣ ᠬᠤᠨᠠᠷ ᠬᠢᠵᠦ ᠡᠮᠦᠰᠬᠦ᠂ ᠨᠠᠷᠠ᠂ ᠰᠠᠷᠠ ᠶᠢ ᠲᠠᠬᠢᠬᠤ ᠳᠠᠭᠠᠨ ᠴᠠᠭᠠᠨ ᠢᠰᠡᠭᠡᠢ ᠪᠠᠷ ᠳᠡᠪᠢᠰᠭᠡᠷ ᠪᠣᠯᠭᠠᠨ ᠲᠡᠭᠦᠨ ᠤ ᠳᠡᠭᠡᠷ᠎ᠡ ᠨᠢ ᠰᠦᠭᠦᠳᠦᠨ ᠮᠦᠷᠭᠦᠯ ᠬᠢᠬᠦ᠂ ᠪᠠᠰᠠ ᠰᠢᠨ᠎ᠡ ᠵᠢᠯ ᠤᠨ ᠵᠢᠯ ᠤᠨ ᠵᠤᠯᠭᠠᠯᠲᠠ ᠳᠤ ᠨᠢᠭᠡ ᠠᠮᠠ ᠴᠠᠭᠠᠨ ᠪᠦᠰ ᠢᠶᠠᠷ ᠠᠯᠴᠢᠭᠤᠷ ᠪᠤᠯᠭᠠᠨ ᠵᠤᠯᠭᠠᠯᠲᠠ ᠬᠢᠬᠦ ᠵᠡᠷᠭᠡ ᠵᠠᠩ ᠵᠠᠩᠰᠢᠯ ᠨᠢ ᠪᠦᠷ ᠨᠠᠷᠠ ᠰᠠᠷᠠᠨ ᠤ ᠭᠡᠷᠡᠯ ᠢ ᠰᠢᠲᠦᠵᠦ ᠪᠠᠶᠢᠬᠤ ᠰᠠᠨᠠᠭ᠎ᠠ ᠶᠢ ᠢᠯᠡᠳᠭᠡᠳᠡᠭ᠃ ᠨᠡᠭᠦᠳᠡᠯᠴᠢᠨ ᠮᠠᠯᠴᠢᠨ ᠦᠨᠳᠦᠰᠦᠲᠡᠨ ᠤ ᠲᠠᠪᠤᠨ ᠬᠤᠰᠢᠭᠤ ᠮᠠᠯ ᠤᠨ ᠲᠠᠮᠠᠭᠠᠨ ᠳᠤ ᠨᠠᠷᠠ ᠰᠠᠷᠠᠨ ᠤ ᠬᠡᠯᠪᠡᠷᠢ ᠲᠠᠢ ᠲᠠᠮᠠᠭ᠎ᠠ ᠮᠣᠩᠭᠤᠯ ᠨᠤᠲᠤᠭ ᠲᠤ ᠲᠦᠭᠡᠮᠡᠯ ᠳᠡᠯᠭᠡᠷᠡᠨ ᠪᠠᠶᠢᠵᠤ᠂ ᠮᠦᠨ ᠡᠳᠦᠭᠡ ᠪᠤᠯᠲᠠᠯ᠎ᠠ ᠬᠡᠷᠡᠭᠯᠡᠭᠳᠡᠵᠦ ᠪᠠᠶᠢᠨ᠎ᠠ᠃ ᠮᠣᠩᠭᠤᠯᠴᠤᠳ ᠤᠨ ᠨᠠᠷᠠᠨ ᠰᠠᠷᠠᠨ ᠢ ᠰᠢᠲᠦᠬᠦ ᠪᠡᠯᠭᠡᠳᠡᠯ ᠤᠨ ᠰᠠᠨᠠᠭ᠎ᠠ ᠨᠢ ᠮᠤᠬᠤᠷ ᠪᠢᠰᠢᠷᠡᠯ ᠤᠨ ᠦᠵᠡᠯ ᠰᠠᠨᠠᠭ᠎ᠠ ᠤᠭᠲᠤ ᠪᠢᠰᠢ᠂ ᠬᠠᠷᠢᠨ ᠰᠠᠶᠢᠨ ᠰᠠᠶᠢᠬᠠᠨ ᠢ ᠡᠷᠢᠯ ᠬᠦᠰᠡᠯ ᠪᠠ ᠵᠦᠩᠨᠡᠯ ᠪᠡᠯᠭᠡᠳᠡᠯ ᠪᠣᠯᠬᠤ ᠶᠤᠮ᠃      ︵ᠢᠷᠡᠯᠲᠡ᠄ ᠪᠤᠷᠵᠤᠤ᠂ ᠤᠯᠠᠭᠠᠨᠪᠠᠭᠠᠲᠤᠷ᠂ ᠲᠠᠨ᠎ᠠ ᠶᠢᠨ ᠨᠠᠶᠢᠷᠠᠭᠤᠯᠤᠭᠰᠠᠨ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠲᠠᠪᠤᠨ ᠬᠤᠰᠢᠭᠤ ᠮᠠᠯ ᠤᠨ ᠠᠷᠠᠴᠢᠯᠠᠭ᠎ᠠ ᠶᠢᠨ ᠰᠤᠶᠤᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号