ᠲᠠᠷᠢᠶ᠎ᠠ ᠮᠠᠨᠠᠬᠤ
ᠨᠡᠶᠢᠲᠡᠯᠡᠭᠰᠡᠨ ᠴᠠᠭ᠄
2021/7/28
     ᠲᠠᠷᠢᠶ᠎ᠠ ᠤᠷᠭᠤᠵᠤ ᠴᠢᠬᠢᠯᠡᠬᠦ ᠦᠶ᠎ᠡ ᠠᠴᠠ ᠡᠬᠢᠯᠡᠵᠦ᠂ ᠮᠠᠯ ᠤᠨᠤᠭ᠎ᠠ᠂ ᠬᠡᠭᠡᠷ᠎ᠡ ᠶᠢᠨ ᠠᠮᠢᠲᠠᠨ ᠲᠠᠷᠢᠶ᠎ᠠ ᠲᠦᠮᠦᠰᠦ ᠶᠢ ᠰᠦᠢᠳᠭᠡᠬᠦ ᠠᠴᠠ ᠰᠡᠷᠭᠡᠶᠢᠯᠡᠵᠦ᠂ ᠲᠠᠷᠢᠶ᠎ᠠ ᠪᠠᠨ ᠮᠠᠨᠠᠳᠠᠭ᠃ ᠲᠠᠷᠢᠶ᠎ᠠ ᠮᠠᠨᠠᠬᠤ ᠠᠵᠢᠯ ᠨᠢ ᠲᠠᠷᠢᠶ᠎ᠠ ᠬᠠᠳᠤᠵᠤ ᠪᠠᠷᠠᠲᠠᠯ᠎ᠠ ᠦᠷᠭᠦᠯᠵᠢᠯᠡᠳᠡᠭ᠃ ᠨᠤᠲᠤᠭ ᠣᠰᠣᠨ ᠤ ᠢᠯᠭᠠᠭ᠎ᠠ ᠵᠦᠷᠢᠶ᠎ᠡ ᠠᠴᠠ ᠪᠣᠯᠵᠣ᠂ ᠡᠶᠢᠮᠦᠷᠬᠦᠦ ᠠᠵᠢᠯ ᠳᠠᠭᠠᠭᠠᠭᠴᠢ ᠶᠢ ᠲᠠᠷᠢᠶ᠎ᠠ ᠮᠠᠨᠠᠭᠴᠢ᠂ ᠲᠠᠷᠢᠶ᠎ᠠ ᠬᠠᠷᠠᠭᠴᠢ᠂ ᠲᠠᠷᠢᠶ᠎ᠠ ᠰᠠᠬᠢᠭᠴᠢ ᠭᠡᠵᠦ ᠶᠠᠩᠵᠤ ᠪᠣᠯᠭᠠᠨ ᠢᠶᠠᠷ ᠨᠡᠷᠡᠯᠡᠳᠡᠭ᠃ ᠲᠠᠷᠢᠶ᠎ᠠ ᠰᠠᠬᠢᠭᠴᠢ ᠨᠢ ᠦᠨᠳᠦᠷ ᠰᠢᠭ ᠤᠷᠤᠢ ᠳᠡᠭᠡᠷ᠎ᠡ ᠤᠪᠤᠬᠠᠢ ᠪᠤᠰᠬᠠᠵᠤ ᠰᠠᠭᠤᠳᠠᠭ᠃ ᠲᠠᠷᠢᠶ᠎ᠠ ᠰᠠᠬᠢᠵᠤ ᠬᠠᠮᠠᠭᠠᠯᠠᠬᠤ ᠳᠤ ᠪᠠᠨ ᠪᠠᠰᠠ ᠡᠪᠡᠰᠦ᠂ ᠪᠤᠷᠭᠠᠰᠤ᠂ ᠪᠤᠳᠠ᠂ ᠬᠠᠷᠭᠠᠨ᠎ᠠ ᠪᠠᠷ ᠮᠠᠨᠤᠤᠯ ᠬᠢᠵᠦ᠂ ᠪᠢᠯᠵᠤᠤᠬᠠᠢ ᠰᠢᠪᠠᠭᠤ ᠶᠢ ᠦᠷᠭᠦᠭᠡᠵᠦ ᠠᠶᠤᠯᠭᠠᠬᠤ ᠳᠤ ᠵᠤᠷᠢᠭᠤᠯᠳᠠᠭ᠃      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号