ᠲᠠᠷᠢᠶᠠᠯᠠᠩ ᠢ ᠴᠠᠭ ᠤᠯᠠᠷᠢᠯ᠂ ᠣᠳᠣᠨ ᠭᠠᠷᠠᠭ ᠤᠨ ᠬᠤᠪᠢᠷᠠᠯ ᠠᠴᠠ ᠰᠤᠪᠢᠬᠤ
ᠨᠡᠶᠢᠲᠡᠯᠡᠭᠰᠡᠨ ᠴᠠᠭ᠄
2021/9/22
     ᠲᠠᠷᠢᠶᠠᠯᠠᠩ ᠢ ᠴᠠᠭ ᠤᠯᠠᠷᠢᠯ ᠤᠳᠤᠨ ᠭᠠᠷᠠᠭ ᠤᠨ ᠬᠤᠪᠢᠷᠠᠯ ᠠᠴᠠ ᠰᠣᠪᠢᠬᠤ ᠳᠤ ᠰᠠᠶᠢᠨ ᠬᠠᠪᠤᠷ ᠴᠠᠰᠤ  ᠲᠠᠢ᠂ ᠮᠠᠭᠤ ᠨᠠᠮᠤᠷ ᠪᠤᠷᠤᠭᠠᠨ ᠲᠠᠢ᠂ ᠡᠪᠦᠯ ᠴᠠᠰᠤ ᠤᠷᠤᠪᠠᠯ᠂ ᠳᠠᠷᠠᠭ᠎ᠠ ᠵᠢᠯ ᠨᠢ ᠲᠠᠷᠢᠶ᠎ᠠ ᠲᠦᠷᠦᠨ᠎ᠡ ᠭᠡᠬᠦ︔ ᠲᠠᠷᠢᠶᠠᠯᠠᠩ ᠤᠨ ᠬᠤᠷ᠎ᠠ ᠶᠢᠨ ᠡᠳᠦᠷ ᠪᠤᠷᠤᠭᠠᠨ ᠤᠷᠤᠪᠠᠯ᠂ ᠬᠤᠷ᠎ᠠ ᠪᠤᠷᠤᠭᠠᠨ ᠡᠯᠪᠡᠭ ᠪᠣᠯᠵᠤ ᠲᠠᠷᠢᠶ᠎ᠠ ᠲᠦᠷᠦᠨ᠎ᠡ ᠭᠡᠬᠦ︔ ᠬᠠᠩᠰᠢ ᠶᠢᠨ ᠡᠳᠦᠷ ᠰᠠᠯᠬᠢ ᠦᠭᠡᠢ᠂ ᠡᠭᠦᠯᠡ ᠦᠭᠡᠢ ᠲᠤᠩᠭᠠᠯᠠᠭ ᠪᠣᠯ ᠰᠠᠯᠬᠢ᠂ ᠪᠤᠷᠤᠭᠠᠨ ᠲᠡᠭᠰᠢᠬᠡᠨ ᠪᠣᠯᠵᠤ᠂ ᠲᠠᠷᠢᠶ᠎ᠠ ᠲᠦᠮᠦᠰᠦ ᠲᠦᠷᠦᠨ᠎ᠡ ᠭᠡᠬᠦ︔ ᠠᠷᠪᠠᠨ ᠰᠠᠷ᠎ᠠ ᠳᠤ ᠬᠡᠳᠦᠨ ᠤᠳᠠᠭ᠎ᠠ ᠴᠠᠰᠤ ᠤᠷᠤᠪᠠᠯ᠂ ᠳᠠᠷᠠᠭ᠎ᠠ ᠵᠢᠯ ᠲᠠᠷᠢᠶ᠎ᠠ ᠲᠦᠮᠦᠰᠦ ᠬᠤᠷᠢᠶᠠᠯᠲᠠ ᠤᠯᠤᠨ᠎ᠠ ᠭᠡᠬᠦ︔ ᠶᠢᠰᠦ ᠶᠢᠰᠦ ᠳᠤ ᠴᠠᠰᠤ ᠲᠠᠢ ᠪᠣᠯ ᠹᠦ᠋ ᠹᠦ᠋ ᠳᠤ ᠪᠤᠷᠤᠭᠠᠨ ᠲᠠᠢ᠂ ᠲᠠᠷᠢᠶ᠎ᠠ ᠲᠦᠷᠦᠨ᠎ᠡ ᠭᠡᠬᠦ ᠮᠡᠲᠦ᠃ ᠪᠠᠰᠠ ᠵᠤᠨ ᠤ ᠤᠯᠠᠷᠢᠯ ᠳᠤ ᠨᠠᠷᠠ ᠰᠠᠷ᠎ᠠ ᠬᠦᠷᠢᠶᠡᠯᠡᠪᠡᠯ᠂ ᠭᠤᠷᠪᠠᠨ ᠬᠤᠨᠤᠭ ᠤᠨ ᠳᠤᠲᠤᠷ᠎ᠠ ᠪᠤᠷᠭᠠᠨ ᠤᠷᠤᠨ᠎ᠠ ᠭᠡᠬᠦ︔ ᠦᠷᠡᠯᠦᠭᠡ ᠡᠷᠲᠡ ᠶᠢᠨ ᠨᠠᠷᠠ ᠤᠯᠠᠶᠢᠪᠠᠯ᠂ ᠡᠳᠦᠷ ᠤᠨ ᠠᠶ᠎ᠠ ᠪᠠᠨ ᠳᠠᠭᠠᠭᠠᠬᠤ ᠦᠭᠡᠢ ᠪᠤᠷᠭᠠᠨ ᠤᠷᠤᠨ᠎ᠠ ᠭᠡᠬᠦ︔ ᠰᠢᠩᠭᠡᠬᠦ ᠨᠠᠷᠠ ᠤᠯᠠᠶᠢᠪᠠᠯ᠂ ᠤᠯᠠᠶᠢᠮ᠎ᠠ ᠭᠠᠩ ᠪᠤᠯᠤᠨ᠎ᠠ ᠭᠡᠬᠦ︔ ᠨᠠᠷᠠ ᠬᠦᠳᠡᠩ ᠤᠨ ᠳᠣᠮᠳᠠᠭᠤᠷ ᠳᠡᠭᠳᠡᠪᠡᠯ᠂ ᠪᠤᠷᠤᠭᠠᠨ ᠣᠷᠣᠬᠤ ᠶᠢᠨ ᠲᠡᠮᠳᠡᠭ ᠭᠡᠬᠦ ᠮᠡᠲᠦ᠃ ᠡᠮᠦᠨ᠎ᠡ ᠵᠦᠭ ᠲᠠᠬᠢ ᠠᠨᠵᠢᠰᠤᠨ ᠬᠡᠯᠪᠡᠷᠢ  ᠲᠠᠢ ᠵᠢᠷᠭᠤᠭᠠᠨ ᠣᠳᠣ ᠲᠡᠭᠰᠢᠬᠡᠨ ᠪᠠᠶᠢᠪᠠᠯ᠂ ᠬᠤᠷ᠎ᠠ ᠪᠤᠷᠤᠭᠠᠨ ᠲᠡᠭᠰᠢ᠂ ᠬᠠᠵᠠᠭᠠᠢ ᠪᠠᠶᠢᠪᠠᠯ ᠭᠠᠩ ᠪᠤᠯᠤᠨ᠎ᠠ ᠭᠡᠳᠡᠭ᠃ ᠵᠤᠨ ᠤ ᠤᠯᠠᠷᠢᠯ ᠳᠤ ᠪᠠᠷᠠᠭᠤᠨ ᠡᠮᠦᠨ᠎ᠡ ᠵᠦᠭ ᠲᠤ ᠬᠠᠷᠠᠭᠳᠠᠳᠠᠭ ᠨᠡᠯᠢᠶᠡᠳ ᠭᠡᠷᠡᠯ ᠲᠠᠢ ᠤᠶᠢᠷᠠᠯᠴᠠᠭ᠎ᠠ ᠪᠠᠶᠢᠭ᠎ᠠ ᠬᠤᠶᠠᠷ ᠣᠳᠣ ᠶᠢ ᠯᠣᠩᠬᠤᠨ ᠣᠳᠣ ᠭᠡᠬᠦ ᠪᠤᠶᠤ ᠤᠰᠤᠨ ᠣᠳᠣ ᠭᠡᠵᠦ ᠨᠡᠷᠡᠯᠡᠳᠡᠭ᠃ ᠡᠨᠡ ᠬᠤᠶᠠᠷ ᠣᠳᠣ ᠤᠶᠢᠷᠠᠯᠴᠠᠭ᠎ᠠ ᠪᠤᠶᠤ ᠲᠡᠭᠰᠢ ᠪᠠᠶᠢᠪᠡᠯ ᠪᠤᠷᠤᠭᠠᠨ ᠤᠷᠤᠨ᠎ᠠ᠂ ᠵᠠᠢ ᠨᠢ ᠬᠤᠯᠠ ᠪᠤᠶᠤ ᠲᠡᠭᠰᠢ ᠪᠤᠰᠤ ᠪᠠᠶᠢᠪᠠᠯ ᠭᠠᠯ ᠪᠤᠯᠤᠨ᠎ᠠ ᠭᠡᠳᠡᠭ᠂ ᠵᠤᠨ ᠤ ᠤᠯᠠᠷᠢᠯ ᠳᠤ ᠬᠡᠰᠡᠭ ᠬᠡᠰᠡᠭ ᠬᠠᠷ᠎ᠠ ᠡᠭᠦᠯᠡ ᠲᠡᠭᠷᠢ ᠶᠢᠨ ᠤᠶᠤᠳᠠᠯ ᠢ ᠭᠡᠲᠦᠯᠦᠨ ᠦᠩᠭᠡᠷᠡᠪᠡᠯ᠂ ᠭᠤᠷᠪᠠᠨ ᠬᠤᠨᠤᠭ ᠤᠨ ᠳᠤᠲᠤᠷ᠎ᠠ ᠪᠤᠷᠤᠭᠠᠨ ᠤᠷᠤᠨ᠎ᠠ ᠭᠡᠳᠡᠭ᠃ ᠡᠭᠦᠯᠡ ᠰᠣᠪᠤᠷᠭᠠᠯᠠᠵᠤ᠂ ᠡᠭᠦᠯᠡᠨ ᠲᠤᠯᠤᠭᠠᠢ ᠪᠤᠰᠪᠠᠯ ᠪᠤᠷᠤᠭᠠᠨ ᠤᠷᠤᠨ᠎ᠠ ᠭᠡᠳᠡᠭ᠃ ᠡᠭᠦᠯᠡ ᠡᠭᠡᠳᠡᠷᠡᠪᠡᠯ ᠭᠤᠷᠪᠠᠨ ᠬᠤᠨᠤᠭ ᠤᠨ ᠳᠤᠲᠤᠷ᠎ᠠ ᠪᠤᠷᠤᠭᠠᠨ ᠤᠷᠤᠨ᠎ᠠ᠃ ᠡᠮᠦᠨ᠎ᠡ ᠵᠦᠭ ᠲᠤ ᠴᠠᠬᠢᠯᠭᠠᠨ ᠴᠠᠬᠢᠯᠪᠠᠯ ᠪᠤᠷᠭᠠᠨ ᠪᠠᠭ᠎ᠠ᠂ ᠬᠤᠶᠢᠨ᠎ᠠ ᠵᠦᠭ ᠲᠤ ᠴᠠᠬᠢᠯᠭᠠᠨ ᠴᠠᠬᠢᠯᠪᠠᠯ ᠪᠤᠷᠭᠠᠨ ᠶᠡᠭᠡ ᠭᠡᠳᠡᠭ᠃ ᠰᠢᠨ᠎ᠡ ᠶᠢᠨ ᠨᠢᠭᠡᠨ᠂ ᠠᠷᠪᠠᠨ ᠲᠠᠪᠤᠨ ᠳᠤ ᠪᠤᠷᠤᠭᠠᠨ ᠤᠷᠤᠪᠠᠯ ᠬᠠᠭᠠᠰ ᠰᠠᠷ᠎ᠠ ᠶᠢᠨ ᠭᠠᠩ︔ ᠰᠢᠨ᠎ᠡ ᠶᠢᠨ ᠬᠤᠶᠠᠷ᠂ ᠠᠷᠪᠠᠨ ᠵᠢᠷᠭᠤᠭᠠᠨ ᠳᠤ ᠪᠤᠷᠭᠠᠨ ᠲᠠᠢ ᠪᠣᠯ ᠬᠠᠭᠠᠰ ᠰᠠᠷ᠎ᠠ ᠬᠤᠷ᠎ᠠ ᠲᠡᠭᠰᠢ ᠭᠡᠳᠡᠭ᠃ ᠦᠷᠯᠦᠭᠡ ᠶᠢᠨ ᠮᠠᠨᠠᠨ ᠭᠠᠵᠠᠷ ᠪᠠᠭᠤᠪᠠᠯ ᠪᠤᠷᠤᠭᠠᠨ ᠲᠠᠢ᠂ ᠳᠡᠭᠳᠡᠪᠡᠯ ᠭᠠᠩ ᠪᠤᠯᠤᠨ᠎ᠠ ᠭᠡᠳᠡᠭ᠃ ᠰᠢᠭᠦᠳᠡᠷᠢ ᠠᠷᠪᠢᠨ ᠤᠨᠠᠪᠠᠯ᠂ ᠪᠤᠷᠤᠭᠠᠨ ᠤᠶᠢᠷᠠᠳᠴᠤ ᠪᠠᠶᠢᠬᠤ ᠶᠢᠨ ᠲᠡᠮᠳᠡᠭ᠂ ᠰᠠᠯᠬᠢᠨ ᠤ ᠴᠢᠭᠯᠡᠯ ᠦᠭᠡᠷᠡᠲᠦᠵᠦ ᠬᠤᠪᠢᠷᠠᠭᠠᠳ ᠪᠠᠶᠢᠪᠠᠯ ᠪᠤᠷᠤᠭᠠᠨ ᠪᠠᠶᠢᠪᠠᠯ ᠪᠤᠷᠤᠭᠠᠨ ᠣᠷᠣᠬᠤ ᠶᠢᠨ ᠲᠡᠮᠳᠡᠭ᠂ ᠡᠳᠦᠷ ᠪᠦᠭᠴᠢᠮ ᠬᠠᠯᠠᠭᠤᠨ ᠪᠣᠯᠪᠠᠯ᠂ ᠤᠳᠠᠬᠤ ᠦᠭᠡᠢ ᠪᠤᠷᠤᠭᠠᠨ ᠣᠷᠣᠬᠤ ᠶᠢᠨ ᠲᠡᠮᠳᠡᠭ ᠭᠡᠳᠡᠭ ᠮᠡᠲᠦ᠃ ︵ᠵᠠᠭᠠᠷ᠂  ᠰᠢ· ᠬᠠᠰᠪᠠᠭᠠᠲᠤᠷ︶      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号