ᠲᠠᠷᠢᠶᠠᠯᠠᠩ ᠤᠨ ᠵᠦᠩ ᠰᠣᠪᠢᠩ
ᠨᠡᠶᠢᠲᠡᠯᠡᠭᠰᠡᠨ ᠴᠠᠭ᠄
2021/9/30
     ᠵᠦᠩ ᠰᠣᠪᠢᠩ ᠪᠣᠯ ᠡᠷᠲᠡᠨ ᠤ ᠬᠦᠮᠦᠰ ᠤᠨ ᠪᠠᠯᠠᠷᠯᠢᠭ ᠰᠢᠲᠦᠯᠭᠡ ᠪᠢᠰᠢᠷᠡᠯ ᠤᠨ ᠦᠨᠳᠦᠰᠦ ᠰᠤᠷᠪᠤᠯᠵᠢ  ᠲᠠᠢ ᠪᠦᠭᠡᠳ ᠨᠡᠶᠢᠭᠡᠮ ᠤᠨ ᠠᠮᠢᠳᠤᠷᠠᠯ ᠤᠨ ᠦᠢᠯᠡᠳᠦᠯᠭᠡ ᠳᠣᠮᠳᠠᠬᠢ ᠬᠦᠮᠦᠰ ᠤᠨ ᠲᠤᠷᠰᠢᠯᠭ᠎ᠠ ᠶᠢᠨ ᠬᠤᠷᠠᠮᠳᠣᠯ ᠢᠶᠠᠷ ᠪᠦᠷᠢᠯᠳᠦᠭᠰᠡᠨ ᠰᠡᠷᠡᠭᠳᠡᠯ᠂ ᠠᠵᠢᠭᠯᠠᠯᠲᠠ ᠶᠢᠨ ᠪᠤᠳᠠᠩᠲᠤ ᠳᠤᠰᠬᠠᠯ ᠶᠤᠮ᠃ ᠲᠠᠷᠢᠶᠠᠯᠠᠩ ᠦᠢᠯᠡᠳᠪᠦᠷᠢᠯᠡᠯ ᠤᠨ ᠶᠠᠪᠤᠴᠠ ᠳᠤ ᠠᠭᠤᠷ ᠠᠮᠢᠰᠬᠤᠯ᠂ ᠬᠤᠷ᠎ᠠ ᠲᠤᠨᠤᠳᠠᠰᠤ ᠵᠡᠷᠭᠡ ᠨᠢ ᠶᠡᠬᠡᠬᠡᠨ ᠨᠦᠯᠦᠭᠡ ᠦᠵᠡᠭᠦᠯᠳᠡᠭ ᠪᠣᠯᠬᠤᠷ᠂ ᠬᠦᠮᠦᠰ ᠲᠠᠷᠢᠶᠠᠯᠠᠬᠤ ᠦᠢᠯᠡᠳᠪᠦᠷᠢᠯᠡᠯ ᠡᠷᠬᠢᠯᠡᠬᠦ ᠦᠢᠯᠡᠳᠦᠯᠭᠡ ᠳᠣᠮᠳᠠ᠂ ᠴᠠᠭ ᠠᠭᠤᠷ ᠤᠨ ᠬᠤᠪᠢᠷᠠᠯᠲᠠ᠂ ᠬᠤᠷ᠎ᠠ ᠲᠤᠨᠤᠳᠠᠰᠤᠨ ᠤ ᠪᠠᠶᠢᠳᠠᠯ ᠤᠨ ᠲᠤᠬᠠᠢ ᠰᠡᠷᠡᠭᠳᠡᠯ᠂ ᠠᠵᠢᠭᠯᠠᠯᠲᠠ ᠪᠠᠨ ᠬᠤᠷᠢᠶᠠᠩᠭᠤᠶᠢᠯᠠᠵᠤ᠂ ᠠᠳᠠᠯᠢ ᠪᠤᠰᠤ ᠲᠠᠯ᠎ᠠ ᠠᠴᠠ ᠵᠦᠩ ᠰᠣᠪᠢᠩ ᠰᠢᠨᠵᠢᠬᠦ ᠵᠠᠩ ᠦᠢᠯᠡ ᠶᠢ ᠪᠦᠷᠢᠯᠳᠦᠭᠦᠯᠦᠭᠰᠡᠨ ᠪᠠᠶᠢᠨ᠎ᠠ᠃ ᠮᠣᠩᠭᠤᠯᠴᠣᠣᠳ ᠤᠨ ᠲᠠᠷᠢᠶᠠᠯᠠᠩ ᠳᠤ ᠬᠤᠯᠪᠤᠭᠳᠠᠭᠰᠠᠨ ᠵᠦᠩ ᠰᠣᠪᠢᠩ ᠨᠢ ᠴᠠᠭ ᠤᠯᠠᠷᠢᠯ᠂ ᠤᠳᠣᠨ ᠭᠠᠷᠠᠭ ᠤᠨ ᠬᠤᠪᠢᠷᠠᠯ ᠠᠴᠠ ᠰᠣᠪᠢᠬᠤ᠂ ᠠᠷᠢᠶᠠᠲᠠᠨ ᠠᠮᠢᠲᠠᠨ ᠤ ᠬᠦᠳᠡᠯᠦᠯ ᠪᠠᠶᠢᠳᠠᠯ ᠠᠴᠠ ᠰᠣᠪᠢᠬᠤ᠂ ᠡᠪᠡᠰᠦ ᠤᠷᠭᠤᠮᠠᠯ ᠤᠨ ᠤᠷᠭᠤᠴᠠ ᠠᠴᠠ ᠰᠤᠪᠢᠬᠤ ᠵᠡᠷᠭᠡ ᠪᠠᠷ ᠭᠤᠣᠯᠯᠠᠵᠤ ᠪᠠᠶᠢᠳᠠᠭ᠃      ᠡᠳᠡᠭᠡᠷ ᠵᠦᠢᠯ ᠰᠤᠪᠢᠩ ᠨᠢ ᠬᠤᠷ᠎ᠠ ᠪᠤᠷᠤᠭᠠᠨ᠂ ᠵᠤᠳ ᠰᠢᠭᠤᠷᠭᠠᠨ᠂ ᠭᠠᠩ ᠬᠠᠭᠤᠷᠠᠢ᠂ ᠰᠠᠯᠬᠢᠨ ᠵᠢᠪᠠᠷ ᠵᠡᠷᠭᠡ  ᠲᠠᠢ ᠬᠤᠯᠪᠤᠭᠳᠠᠳᠠᠭ ᠲᠤᠯᠠ ᠲᠠᠷᠢᠶᠠᠯᠠᠩ ᠦᠢᠯᠡᠳᠪᠦᠷᠢᠯᠡᠯ ᠳᠤ ᠲᠤᠩ ᠶᠡᠭᠡ ᠠᠴᠢ ᠬᠤᠯᠪᠤᠭᠳᠠᠯ ᠲᠠᠢ ᠪᠠᠶᠢᠳᠠᠭ᠃ ᠲᠡᠷᠢᠶᠡᠯᠡᠩ ᠤᠨ ᠠᠵᠢᠯ ᠳᠤ ᠭᠠᠯ ᠬᠠᠭᠤᠷᠠᠢ ᠪᠣᠯᠬᠤ ᠶᠢ ᠤᠷᠢᠳᠴᠢᠯᠠᠨ ᠮᠡᠳᠡᠪᠡᠯ᠂ ᠲᠡᠭᠦᠨ ᠢ ᠰᠡᠷᠭᠡᠶᠢᠯᠡᠬᠦ ᠪᠡᠯᠡᠳᠭᠡᠯ ᠬᠢᠳᠡᠭ᠃ ᠲᠠᠷᠢᠬᠤ ᠴᠠᠭ ᠲᠤ ᠪᠤᠷᠤᠭᠠᠨ ᠣᠷᠣᠬᠤ ᠶᠢ ᠰᠤᠪᠢᠵᠤ ᠮᠡᠳᠡᠪᠡᠯ ᠮᠦᠨ ᠲᠠᠷᠢᠬᠤ ᠪᠡᠯᠡᠳᠭᠡᠯ ᠢᠶᠠᠨ ᠡᠷᠲᠡ ᠠᠴᠠ ᠵᠠᠪᠳᠣᠨ ᠬᠢᠳᠡᠭ᠃ ᠲᠡᠶᠢᠮᠦ ᠠᠴᠠ ᠦᠩᠭᠡᠷᠡᠭᠰᠡᠨ ᠳᠤ ᠵᠦᠢᠯ ᠰᠣᠪᠢᠩ ᠳᠤ ᠲᠦᠰᠢᠭᠯᠡᠵᠦ᠂ ᠲᠠᠷᠢᠶᠠᠯᠠᠩ ᠦᠢᠯᠡᠳᠪᠦᠷᠢᠯᠡᠯ ᠤᠨ ᠠᠵᠢᠯ ᠢᠶᠠᠨ ᠲᠤᠬᠢᠷᠠᠭᠤᠯᠵᠤ ᠪᠠᠶᠢᠵᠠᠢ᠃ ᠭᠡᠪᠡᠴᠦ ᠵᠦᠢᠯ ᠰᠤᠪᠢᠩ ᠪᠣᠯ ᠲᠤᠷᠰᠢᠯᠭ᠎ᠠ ᠶᠢᠨ ᠰᠢᠨᠵᠢ ᠲᠠᠢ ᠪᠣᠯᠬᠤᠷ᠂ ᠲᠡᠷᠡ ᠪᠦᠬᠦᠨ ᠢᠶᠠᠷ ᠢᠶᠠᠨ ᠰᠢᠨᠵᠢᠯᠡᠬᠦ ᠤᠬᠠᠭᠠᠨᠴᠢ ᠴᠢᠨᠠᠷ ᠲᠠᠢ ᠪᠢᠰᠢ ᠶᠤᠮ᠃ ︵ᠵᠠᠭᠠᠷ᠂  ᠰᠢ· ᠬᠠᠰᠪᠠᠭᠠᠲᠤᠷ︶      ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号