ᠲᠠᠷᠢᠶ᠎ᠠ ᠬᠠᠳᠣᠬᠤ
ᠨᠡᠶᠢᠲᠡᠯᠡᠭᠰᠡᠨ ᠴᠠᠭ᠄
2021/9/8
     ᠪᠣᠯᠪᠠᠰᠤᠷᠠᠵᠤ ᠭᠦᠢᠴᠡᠭᠰᠡᠨ ᠲᠠᠷᠢᠶ᠎ᠠ ᠶᠢ ᠬᠠᠳᠣᠵᠣ ᠬᠤᠷᠢᠶᠠᠬᠤ ᠪᠣᠯ ᠲᠠᠷᠢᠶᠠᠯᠠᠩ ᠦᠢᠯᠡᠳᠪᠦᠷᠢᠯᠡᠯ ᠤᠨ ᠴᠢᠬᠤᠯᠠ ᠠᠵᠢᠯᠯᠠᠭ᠎ᠠ ᠮᠦᠨ᠃ ᠡᠬᠢᠯᠡᠵᠦ ᠲᠠᠷᠢᠭᠰᠠᠨ ᠴᠠᠭ ᠠᠴᠠ ᠪᠤᠳᠤᠪᠠᠯ᠂ ᠮᠣᠩᠭᠤᠯ ᠠᠮᠤ ᠪᠠ ᠰᠢᠯᠦᠬᠡᠢ 80 ~ 90 ᠬᠤᠨᠤᠭ᠂ ᠰᠠᠭᠠᠭ 60 ~ 70 ᠬᠤᠨᠤᠭ ᠲᠤ ᠪᠣᠯᠪᠠᠰᠤᠷᠠᠳᠠᠭ᠃ ᠡᠨᠡ ᠨᠢ ᠶᠡᠷᠦ ᠳᠤ ᠪᠠᠨ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢᠨ ᠰᠢᠨᠠᠳ ᠢᠶᠠᠷ ᠲᠤᠬᠢᠶᠠᠯᠳᠤᠳᠠᠭ᠃ ᠦᠪᠦᠷ ᠮᠣᠩᠭᠤᠯ ᠤᠨ ᠵᠡᠭᠦᠨ ᠤᠷᠤᠨ ᠤ ᠮᠣᠩᠭᠤᠯᠴᠣᠳ ᠲᠠᠷᠢᠶᠠᠨ ᠤ ᠪᠣᠯᠪᠠᠰᠤᠷᠠᠯᠲᠠ ᠶᠢᠨ ᠪᠠᠶᠢᠳᠠᠯ ᠢ ᠪᠦᠭᠡᠯᠵᠢᠬᠦ᠂ ᠲᠤᠯᠤᠭᠠᠢ ᠲᠠᠯᠪᠢᠬᠤ᠂ ᠲᠦᠷᠦᠭᠦᠦ ᠲᠠᠯᠪᠢᠬᠤ᠂ ᠰᠦ ᠣᠷᠣᠬᠤ᠂ ᠢᠳᠡᠭᠡ ᠰᠠᠭᠤᠬᠤ᠂ ᠪᠤᠳᠠᠭ᠎ᠠ ᠣᠷᠣᠬᠤ ︵ᠬᠤᠶᠠᠷ ᠬᠤᠷᠤᠭᠤ᠂ ᠭᠤᠷᠪᠠᠨ ᠬᠤᠷᠤᠭᠤ᠂ ᠠᠯᠠᠭ᠎ᠠ ᠳᠠᠷᠣᠮ᠎ᠠ ᠪᠤᠳᠠᠭ᠎ᠠ ᠣᠷᠣᠬᠤ︶᠂ ᠲᠦᠷᠦᠭᠦᠦ ᠰᠢᠷᠠᠯᠠᠬᠤ ᠭᠡᠬᠦ ᠮᠡᠲᠦ ᠪᠠᠷ ᠨᠡᠷᠡᠯᠡᠳᠡᠭ᠃ ᠮᠣᠩᠭᠤᠯ ᠠᠮᠤ ᠪᠣᠯᠣᠨ ᠰᠢᠯᠦᠬᠡᠢ ᠶᠢᠨ ᠲᠦᠷᠦᠭᠦᠦ ᠰᠢᠷᠠᠯᠠᠬᠤ ᠳᠤ ᠵᠠᠪᠠᠯ ᠬᠠᠳᠣᠵᠣ ᠬᠤᠷᠢᠶᠠᠬᠤ ᠬᠡᠷᠡᠭᠲᠡᠢ᠃ ᠮᠣᠩᠭᠤᠯᠴᠣᠳ ᠤᠷᠤᠢ ᠶᠢᠨ ᠲᠠᠷᠢᠶ᠎ᠠ ᠶᠢ ᠤᠷᠢᠳ ᠢᠶᠠᠷ ᠬᠠᠳᠣᠵᠣ ᠬᠤᠷᠢᠶᠠᠭᠠᠳ᠂ ᠳᠠᠷᠠᠭ᠎ᠠ ᠨᠢ ᠡᠷᠲᠡ ᠶᠢᠨ ᠲᠠᠷᠢᠶ᠎ᠠ ᠶᠢ ᠬᠠᠳᠠᠵᠤ ᠬᠤᠷᠢᠶᠠᠳᠠᠭ᠃ ᠤᠷᠳᠤᠰᠴᠣᠳ ᠪᠣᠯ ᠲᠠᠷᠢᠶᠠᠨ ᠲᠦᠷᠦᠭᠦᠦ ᠨᠠᠮᠤᠷ ᠤᠨ ᠲᠠᠡᠷᠢᠭᠦᠨ ᠰᠠᠷ᠎ᠠ ᠶᠢᠨ ᠡᠬᠢ ᠪᠠᠷ ᠰᠦ ᠤᠷᠤᠵᠤ ᠪᠠᠶᠢᠭᠰᠠᠨ ᠠᠴᠠ ᠪᠠᠨ ᠠᠭᠠᠷᠴᠠ ᠰᠠᠭᠤᠵᠤ ᠭᠦᠢᠴᠡᠭᠰᠡᠨ ᠦᠶᠡᠰ ᠲᠤ ᠲᠠᠷᠢᠶ᠎ᠠ ᠪᠠᠨ ᠬᠠᠳᠣᠳᠠᠭ᠃ ᠮᠣᠩᠭᠤᠯᠴᠣᠳ ᠲᠠᠷᠢᠶ᠎ᠠ ᠬᠠᠳᠤᠬᠤ ᠳᠤ ᠪᠠᠨ ᠪᠠᠰᠠ ᠲᠤᠰᠬᠠᠢ ᠶᠤᠰᠤᠯᠠᠯ ᠬᠢᠬᠦ ᠤᠴᠢᠷ ᠪᠣᠢ᠃ ᠣᠷᠳᠣᠰᠴᠣᠳ ᠦᠷ᠎ᠡ ᠲᠠᠷᠢᠶ᠎ᠠ ᠪᠣᠯᠪᠠᠰᠤᠷᠠᠬᠤ ᠦᠶ᠎ᠡ ᠳᠤ ᠰᠠᠶᠢᠨ ᠡᠳᠦᠷ ᠢ ᠲᠣᠬᠢᠶᠠᠯᠳᠣᠭᠤᠯᠣᠨ ᠲᠠᠷᠢᠶᠠᠨ ᠤ ᠪᠠᠨ ᠪᠣᠯᠪᠠᠰᠤᠷᠠᠭᠰᠠᠨ ᠲᠦᠷᠦᠭᠦᠦ ᠠᠴᠠ ᠰᠢᠯᠢᠨ ᠰᠣᠩᠭᠤᠵᠣ ᠤᠷᠢᠳ ᠢᠶᠠᠷ ᠨᠢᠭᠡ ᠪᠣᠭᠤᠵᠢ ᠬᠠᠳᠣᠵᠣ ᠠᠪᠳᠠᠭ᠃ ᠲᠡᠭᠦᠨ ᠢᠶᠠᠨ ᠦᠲᠦᠷᠮ᠎ᠡ ᠳᠡᠭᠡᠷ᠎ᠡ ᠪᠠᠨ ᠠᠪᠠᠴᠢᠵᠤ᠂ ᠠᠮᠤ ᠶᠢ ᠨᠢ ᠰᠠᠯᠭᠠᠵᠤ ᠠᠪᠤᠭᠠᠳ᠂ ᠬᠠᠯᠠᠭᠤᠨ ᠲᠤᠭᠤᠭᠠᠨ ᠳᠤ ᠨᠤᠶᠢᠲᠠᠨ ᠢᠶᠠᠷ ᠨᠢ ᠬᠢᠵᠦ ᠬᠠᠭᠤᠷᠤᠭᠰᠠᠨ ᠤ ᠳᠠᠷᠠᠭ᠎ᠠ᠂ ᠣᠭᠤᠷ ᠲᠤ ᠬᠢᠭᠡᠳ ᠨᠦᠳᠦᠵᠦ ᠴᠠᠶᠢᠯᠭᠠᠳᠠᠭ᠃ ᠴᠠᠶᠢᠯᠭᠠᠭᠰᠠᠨ ᠠᠮᠤ ᠪᠠᠨ ᠰᠢᠷ᠎ᠠ ᠠᠮᠤ ᠭᠡᠳᠡᠭ᠃ ᠡᠨᠡ ᠬᠦ ᠰᠢᠷ᠎ᠠ ᠠᠮᠤ ᠪᠠᠨ ᠦᠨᠦᠷ ᠵᠢᠯ ᠤᠨ ᠲᠠᠷᠢᠶᠠᠨ ᠤ ᠪᠠᠨ ᠳᠡᠭᠡᠵᠢ ᠭᠡᠵᠦ ᠠᠬᠠᠮᠠᠳ ᠨᠠᠰᠤᠲᠠᠨ ᠳᠤ ᠪᠠᠨ ᠡᠷᠭᠦᠨ ᠪᠠᠷᠢᠵᠤ ᠠᠮᠰᠠᠭᠤᠯᠬᠤ ᠶᠢᠨ ᠬᠠᠮᠲᠤ᠂ ᠲᠠᠷᠢᠶ᠎ᠠ ᠪᠤᠯᠪᠠᠰᠤᠷᠠᠭᠰᠠᠨ ᠢ ᠮᠡᠳᠡᠭᠡᠯᠡᠳᠡᠭ᠃ ᠮᠣᠩᠭᠤᠯ ᠣᠯᠣᠰ ᠤᠨ ᠪᠣᠯᠠᠭᠠᠨ᠂ ᠰᠡᠯᠡᠩᠭᠡ ᠵᠡᠷᠭᠡ ᠨᠤᠲᠤᠭ ᠲᠤ᠂ ᠲᠠᠷᠢᠶ᠎ᠠ ᠬᠠᠳᠤᠬᠤ ᠦᠶ᠎ᠡ ᠳᠤ ᠪᠠᠨ ᠬᠠᠮᠵᠢᠯᠴᠠᠬᠤ ᠪᠠᠷ ᠢᠷᠡᠭᠰᠡᠨ ᠬᠦᠮᠦᠰ ᠢᠶᠠᠨ ᠰᠢᠨ᠎ᠡ ᠱᠦᠯᠦ ᠭᠠᠷᠭᠠᠨ ᠵᠤᠴᠢᠯᠠᠨ ᠳᠠᠶᠢᠯᠠᠳᠠᠭ ᠵᠠᠩᠰᠢᠯ ᠲᠠᠢ᠃ ᠦᠪᠦᠷ ᠮᠣᠩᠭᠤᠯ ᠤᠨ ᠵᠡᠭᠦᠨ ᠤᠷᠤᠨ ᠤ ᠮᠣᠩᠭᠤᠯᠴᠤᠤᠳ ᠲᠠᠷᠢᠶᠠᠨ ᠭᠠᠵᠠᠷ ᠤᠨ ᠢᠶᠠᠨ ᠤᠶᠢᠷ᠎ᠠ ᠬᠠᠶᠢᠳᠠᠭ ᠳᠠᠷᠣᠵᠣ ᠰᠠᠭᠤᠭᠠᠳ᠂ ᠲᠠᠷᠢᠶ᠎ᠠ ᠪᠠᠨ ᠬᠠᠳᠤᠳᠠᠭ᠃ ︵ᠰᠢ· ᠬᠠᠰᠪᠠᠭᠠᠲᠤᠷ︶       ︵ᠢᠷᠡᠯᠲᠡ᠄ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠡᠪᠯᠡᠭᠰᠡᠨ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠣᠩᠭᠤᠯ ᠰᠤᠳᠤᠯᠤᠯ ᠤᠨ ᠨᠡᠪᠲᠡᠷᠬᠡᠢ ᠲᠤᠯᠢ ︵ᠵᠠᠩ ᠦᠢᠯᠡ︶︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号