ᠡᠪᠡᠰᠦᠲᠦ ᠲᠠᠯ᠎ᠠ ᠶᠢᠨ ᠱᠠᠮᠰᠢᠭᠴᠢ ᠢᠳᠤᠬᠠᠨ ᠡᠷᠪᠡᠬᠡᠢ ᠪᠠ ᠨᠠᠩᠭᠢ ᠬᠤᠷᠣᠬᠠᠢ | ᠡᠪᠡᠰᠦᠲᠦ ᠲᠠᠯ᠎ᠠ ᠶᠢᠨ ᠱᠠᠮᠰᠢᠭᠴᠢ ᠢᠳᠤᠬᠠᠨ ᠡᠷᠪᠡᠬᠡᠢ ᠪᠠ ᠨᠠᠩᠭᠢ ᠬᠤᠷᠣᠬᠠᠢ ᠪᠣᠯ ᠴᠥᠮ ᠣᠳᠣᠬᠠᠨ ᠳᠤ | ᠡᠭᠦᠰᠦᠭᠰᠡᠨ ᠨᠡᠯᠢᠶᠡᠳ ᠬᠡᠴᠡᠭᠦᠦ ᠬᠤᠷᠣᠬᠠᠢ ᠮᠥᠨ᠂ ᠨᠢᠭᠡ ᠯᠡ ᠰᠥᠨᠢ ᠶᠢᠨ ᠬᠤᠭᠤᠷᠣᠨᠳᠤ ᠡᠷᠳᠡᠨᠢ ᠰᠢᠰᠢ ᠶᠢ ᠪᠦᠷ | ᠬᠤᠭᠤᠰᠤᠷᠠᠲᠠᠯ᠎ᠠ ᠢᠳᠡᠵᠦ ᠳᠠᠭᠤᠰᠬᠠᠳᠠᠭ᠃ ᠲᠡᠳᠡᠭᠡᠷ ᠨᠢ ᠦᠵᠡᠬᠦ ᠳᠤ ᠠᠳᠠᠯᠢᠪᠲᠤᠷ ᠪᠣᠯᠪᠠᠴᠤ ᠠᠳᠠᠯᠢ ᠪᠤᠰᠤ | ᠪᠠᠶᠢᠳᠠᠭ᠂ ᠪᠣᠳᠠᠲᠠᠢ ᠣᠨᠴᠠᠯᠢᠭ ᠨᠢ ᠳᠣᠣᠷᠠᠬᠢ ᠮᠡᠲᠦ᠄ | ︵1︶ ᠬᠡᠯᠪᠡᠷᠢ ᠳᠦᠷᠰᠦ ᠶᠢᠨ ᠬᠠᠷᠢᠴᠠᠭᠤᠯᠤᠯ ᠄ ᠡᠪᠡᠰᠦᠲᠦ ᠲᠠᠯ᠎ᠠ ᠶᠢᠨ ᠱᠠᠮᠰᠢᠭᠴᠢ ᠢᠳᠤᠬᠠᠨ ᠡᠷᠪᠡᠬᠡᠢ ᠨᠢ᠄ | ︽ ᠲᠣᠯᠣᠭᠠᠢ ᠳᠤ ᠪᠠᠨ ᠨᠠᠢᠮᠠᠨ ᠲᠦᠮᠡ ᠂ ᠰᠡᠭᠦᠯ ᠳᠤ ᠪᠠᠨ ᠲᠦᠷᠪᠡᠨ ᠲᠦᠩᠰᠡ ᠲᠠᠢ ︾ ᠭᠡᠵᠦ ᠶᠠᠷᠢᠭᠳᠠᠳᠠᠭ ᠂ | ᠤᠴᠢᠷ ᠨᠢ ᠲᠡᠭᠦᠨ ᠤ ᠲᠣᠯᠣᠭᠠᠢ ᠶᠢᠨ ᠬᠡᠰᠡᠭ ᠲᠤ Y ᠬᠡᠯᠪᠡᠷᠢ ᠶᠢᠨ ᠵᠢᠷᠤᠭᠠᠰᠤ ᠲᠠᠢ ᠂ ᠰᠡᠭᠦᠯ ᠤᠨ ᠬᠡᠰᠡᠭ ᠲᠤ | ᠳᠦᠷᠪᠡᠨ ᠶᠡᠭᠡ ᠬᠠᠷ᠎ᠠ ᠲᠣᠯᠪᠤ ᠲᠠᠢ ᠂ ᠶᠠᠭ ᠮᠠᠵᠢᠶᠠᠩ ᠤᠨ ᠳᠣᠲᠣᠷᠠᠬᠢ ︽ ᠨᠠᠢᠮᠠᠨ ᠲᠦᠮᠡ ᠪᠠ ᠳᠦᠷᠪᠡᠨ ᠲᠦᠩᠰᠡ︾ | ᠲᠠᠢ ᠠᠳᠠᠯᠢ ᠪᠠᠶᠢᠳᠠᠭ ᠃ | | | | | ᠡᠪᠡᠰᠦᠲᠦ ᠲᠠᠯ᠎ᠠ ᠶᠢᠨ ᠱᠠᠮᠰᠢᠭᠴᠢ ᠢᠳᠤᠬᠠᠨ ᠡᠷᠪᠡᠬᠡᠢ ᠪᠣᠯ 2019 ᠣᠨ ᠳᠤ ᠮᠠᠨ ᠤ ᠤᠯᠤᠰ ᠲᠤ | ᠲᠦᠷᠢᠮᠡᠬᠡᠶᠢᠯᠡᠨ ᠣᠷᠣᠵᠤ ᠢᠷᠡᠭᠰᠡᠨ ᠨᠢᠭᠡ ᠵᠦᠢᠯ ᠤᠨ ︽ᠰᠢᠮᠨᠤᠰ ᠤᠨ ᠢᠳᠤᠬᠠᠨ ᠡᠷᠪᠡᠬᠡᠢ︾ ᠪᠣᠯᠣᠨ᠎ᠠ᠂ ᠤᠴᠢᠷ | ᠨᠢ ᠲᠡᠭᠦᠨ ᠤ ᠨᠢᠰᠬᠦ ᠨᠢ ᠲᠦᠷᠭᠡᠨ᠂ ᠦᠷᠡᠵᠢᠬᠦ ᠨᠢ ᠲᠦᠷᠭᠡᠨ ᠮᠥᠷᠲᠡᠭᠡᠨ ᠢᠳᠡᠬᠦ ᠬᠡᠮᠵᠢᠶ᠎ᠡ ᠨᠢ ᠶᠡᠭᠡ ᠪᠠᠶᠢᠵᠤ᠂ | ᠲᠠᠷᠢᠮᠠᠯ ᠳᠤ ᠲᠤᠶᠢᠯ ᠤᠨ ᠬᠦᠨᠳᠦ ᠨᠣᠴᠢᠲᠠᠢ ᠬᠤᠣᠷ ᠬᠥᠨᠥᠭᠡᠯ ᠤᠴᠠᠷᠠᠭᠤᠯᠵᠠᠢ᠃ ᠡᠪᠡᠰᠦᠲᠦ ᠲᠠᠯ᠎ᠠ ᠶᠢᠨ | ᠱᠠᠮᠰᠢᠭᠴᠢ ᠢᠳᠤᠬᠠᠨ ᠡᠷᠪᠡᠬᠡᠢ ᠶᠢᠨ ᠬᠤᠣᠷ ᠬᠥᠨᠥᠭᠡᠯ ᠨᠢ ᠭᠤᠣᠯᠳᠠᠭᠤ ᠠᠪᠠᠭᠠᠯᠳᠠᠢ ᠶᠢᠨ ᠬᠤᠣᠷ ᠬᠥᠨᠥᠭᠡᠯ ᠪᠠᠶᠢᠵᠤ᠂ | ᠡᠷᠳᠡᠨᠢ ᠰᠢᠰᠢ᠂ ᠤᠰᠤᠨ ᠲᠤᠲᠤᠷᠭ᠎ᠠ᠂ ᠨᠢᠰᠢᠩᠭᠦ᠂ ᠯᠣᠬᠠᠱᠧᠩ ᠵᠡᠷᠭᠡ ᠣᠯᠠᠨ ᠵᠦᠢᠯ ᠤᠨ ᠲᠠᠷᠢᠮᠠᠯ ᠢ ᠢᠳᠡᠳᠡᠭ ᠂ | ᠢᠯᠠᠩᠭᠤᠶ᠎ᠠ ᠡᠷᠳᠡᠨᠢ ᠰᠢᠰᠢ ᠶᠢᠨ ᠨᠠᠪᠴᠢ ᠶᠢ ᠬᠡᠮᠡᠯᠢᠵᠦ ᠢᠳᠡᠬᠦ ᠳᠤᠷᠠᠲᠠᠢ᠂ ᠬᠤᠣᠷᠯᠠᠭᠳᠠᠭᠰᠠᠨ ᠡᠷᠳᠡᠨᠢ ᠰᠢᠰᠢ ᠶᠢᠨ | ᠤᠨᠠᠯᠲᠠ ᠨᠢ ᠶᠡᠷᠦ ᠳᠤ ᠪᠠᠨ 20% - 30% ᠪᠠᠷ ᠬᠠᠰᠤᠭᠳᠠᠵᠤ᠂ ᠬᠦᠨᠳᠦ ᠨᠣᠴᠢᠲᠠᠢ ᠦᠶ᠎ᠡ ᠳᠤ ᠬᠤᠷᠢᠶᠠᠯᠲᠠ | ᠦᠭᠡᠢ ᠪᠣᠯᠳᠠᠭ᠃ | | | | | ᠨᠠᠩᠭᠢ ᠬᠤᠷᠣᠬᠠᠢ ᠄ ᠪᠡᠶ᠎ᠡ ᠳᠤ ᠪᠠᠨ ᠲᠠᠪᠤᠨ ᠠᠷᠤ ᠱᠤᠭᠤᠮ ᠲᠠᠢ ᠂ ᠡᠶᠢᠮᠦ ᠠᠴᠠ ᠪᠠᠰᠠ ᠲᠠᠪᠤᠨ ᠥᠩᠭᠡᠲᠦ | ᠬᠤᠷᠣᠬᠠᠢ ᠭᠡᠳᠡᠭ ᠂ ᠨᠠᠩᠭᠢ ᠬᠤᠷᠣᠬᠠᠢ ᠪᠠᠰᠠ ᠠᠪᠠᠭᠠᠯᠳᠠᠢ ᠨᠢ ᠨᠠᠪᠴᠢ ᠢᠳᠡᠬᠦ ᠪᠠᠷ ᠭᠤᠣᠯᠯᠠᠵᠤ ᠂ ᠭᠤᠣᠯᠳᠠᠭᠤ | ᠡᠷᠳᠡᠨᠢ ᠰᠢᠰᠢ ᠂ ᠬᠥᠪᠥᠩ ᠂ ᠰᠢᠷ᠎ᠠ ᠪᠤᠷᠴᠠᠭ ᠂ ᠤᠰᠤᠨ ᠲᠤᠲᠤᠷᠭ᠎ᠠ ᠂ ᠢᠳᠡᠰᠢᠨ ᠨᠣᠭᠤᠭ᠎ᠠ ᠵᠡᠷᠭᠡ 104 | ᠵᠦᠢᠯ ᠠᠴᠠ ᠳᠡᠭᠡᠭᠰᠢᠬᠢ ᠲᠠᠷᠢᠮᠠᠯ ᠢ ᠬᠤᠣᠷᠳᠠᠭᠤᠯᠳᠠᠭ ᠃ ᠶᠡᠭᠡ ᠪᠠᠷ ᠡᠭᠦᠰᠬᠦ ᠦᠶ᠎ᠡ ᠳᠤ ᠲᠠᠷᠢᠮᠠᠯ ᠤᠨ ᠨᠠᠪᠴᠢ ᠶᠢ | ᠪᠦᠬᠦᠨ ᠢ ᠢᠳᠡᠵᠦ ᠳᠠᠭᠤᠰᠬᠠᠭᠠᠳ ᠬᠦᠨᠳᠦ ᠨᠣᠴᠢᠲᠠᠢ ᠬᠤᠬᠢᠷᠠᠯ ᠳᠤ ᠤᠴᠠᠷᠠᠭᠤᠯᠤᠨ᠎ᠠ᠃ | | | | | | | | | ︵2︶ ᠡᠮ ᠢᠶᠠᠷ ᠰᠡᠷᠭᠡᠶᠢᠯᠡᠨ ᠵᠠᠰᠠᠬᠤ ᠄ ᠡᠪᠡᠰᠦᠲᠦ ᠲᠠᠯ᠎ᠠ ᠶᠢᠨ ᠱᠠᠮᠰᠢᠭᠴᠢ ᠢᠳᠤᠬᠠᠨ ᠡᠷᠪᠡᠬᠡᠢ ᠪᠠ ᠨᠠᠩᠭᠢ | ᠬᠤᠷᠣᠬᠠᠢ ᠶᠢ ᠬᠢᠮᠢ ᠶᠢᠨ ᠡᠮ ᠤᠨ ᠳᠡᠭᠡᠷ᠎ᠡ ᠠᠮᠢᠳᠤ ᠪᠣᠳᠠᠰ ᠤᠨ ᠲᠦᠷᠦᠯ ᠤᠨ ᠡᠮ ᠢ ᠨᠡᠮᠡᠵᠦ ᠰᠡᠷᠭᠡᠶᠢᠯᠡᠨ | ᠵᠠᠰᠠᠬᠤ ᠶᠢ ᠤᠯᠠᠨ ᠳᠤ ᠰᠠᠨᠠᠭᠤᠯᠵᠤ ᠪᠠᠶᠢᠨ᠎ᠠ᠂ ᠵᠢᠱᠢᠶᠡᠯᠡᠪᠡᠯ ᠄ ᠮᠧᠲ᠋ᠢᠯ ᠸᠢᠲ᠋ᠠᠮᠢᠨ ᠤ ᠲᠦᠷᠭᠡᠨ ᠦᠢᠯᠡᠳᠦᠯᠳᠦ ᠴᠢᠨᠠᠷ ᠂ | ᠴᠠᠭᠠᠨ ᠬᠥᠰᠢᠭᠡᠭᠴᠢ ᠪᠠᠺᠲ᠋ᠧᠷᠢ ᠶᠢᠨ ᠤᠷᠲᠤ ᠬᠤᠭᠤᠴᠠᠭᠠᠨ ᠤ ᠦᠢᠯᠡᠳᠦᠯᠳᠦ ᠴᠢᠨᠠᠷ ᠂ ᠪᠥᠭᠡᠰᠦ ᠬᠠᠴᠢᠭ | ᠨᠢᠶᠣᠣ ᠶᠢᠨ ᠥᠨᠳᠡᠭᠡ ᠠᠯᠠᠬᠤ ᠴᠢᠳᠠᠪᠤᠷᠢ ᠶᠢ ᠠᠰᠢᠭᠯᠠᠨ ᠪᠠᠴᠢᠮ ᠰᠡᠷᠭᠡᠶᠢᠯᠡᠯᠲᠡ ᠬᠢᠨ᠎ᠡ ᠃ ᠡᠰᠡᠬᠦᠯ᠎ᠡ | ᠬᠤᠷᠣᠬᠠᠢ ᠶᠢᠨ ᠬᠠᠴᠢᠭ ᠨᠢᠲᠷᠢ ᠶᠢᠨ ᠲᠦᠷᠭᠡᠨ ᠦᠢᠯᠡᠳᠦᠯᠳᠦ ᠴᠢᠨᠠᠷ ᠢᠶᠠᠷ ᠪᠠᠷᠤᠷ᠎ᠠ ᠶᠢᠨ ᠡᠳ᠋ ᠤᠨ ᠣᠷᠣᠨ ᠤ | ᠵᠠᠶᠢᠯᠠᠬᠤ ᠴᠢᠨᠠᠷ ᠢ ᠨᠡᠮᠡᠵᠦ ᠂ ᠪᠥᠭᠡᠰᠦ ᠬᠠᠴᠢᠭ ᠨᠢᠶᠣᠣ ᠶᠢᠨ ᠥᠨᠳᠡᠭᠡ ᠠᠯᠠᠬᠤ ᠴᠢᠳᠠᠪᠤᠷᠢ ᠶᠢ ᠨᠡᠮᠡᠵᠦ ᠂ ᠬᠤᠣᠷᠲᠤ | ᠬᠤᠷᠣᠬᠠᠢ ᠶᠢᠨ ᠭᠡᠨᠡᠳᠲᠡ ᠡᠭᠦᠰᠬᠦ ᠦᠶ᠎ᠡ ᠶᠢᠨ ᠬᠤᠣᠷ ᠬᠥᠨᠥᠭᠡᠯ ᠢ ᠬᠢᠵᠠᠭᠠᠷᠯᠠᠨ᠎ᠠ ᠃ | |