4.7 ᠳ᠋ᠦᠩᠰᠢᠭᠤᠷ ᠵᠢᠩ — ᠺᠠᠶᠢᠯᠦ ᠰᠢᠶᠠᠨ ᠤ ᠡᠷᠳᠡᠨᠢ ᠰᠢᠰᠢ ᠶᠢᠨ ᠤᠨᠠᠯᠲᠠ ᠶᠢ ᠨᠡᠮᠡᠭᠳᠡᠭᠦᠯᠦᠭᠰᠡᠨ ︽ᠨᠢᠭᠤᠴᠠ ᠵᠤᠷ︾
ᠨᠡᠶᠢᠲᠡᠯᠡᠭᠰᠡᠨ ᠴᠠᠭ᠄
2022/11/28
      ᠲᠠᠷᠢᠶᠠᠯᠠᠩ ᠤᠨ ᠪᠠᠶᠢᠳᠠᠯ ᠤᠨ ᠪᠦᠷᠢᠳᠭᠡᠯ ᠤᠨ ᠬᠠᠮᠤᠭ ᠤᠨ ᠰᠢᠨ᠎ᠡ ᠲᠤᠭ᠎ᠠ ᠪᠠᠷᠢᠮᠲᠠ ᠳᠤ ᠬᠠᠷᠠᠭᠤᠯᠤᠬᠰᠠᠨ ᠢᠶᠠᠷ᠂ ᠡᠨᠡ ᠵᠢᠯ ᠺᠠᠶᠢᠯᠦ ᠰᠢᠶᠠᠨ ᠤ 180 ᠭᠠᠷᠤᠶ ᠲᠦᠮᠡᠨ ᠮᠥ ᠡᠷᠳᠡᠨᠢ ᠰᠢᠰᠢ ᠶᠢᠨ ᠮᠥ ᠨᠢᠭᠡᠴᠢ ᠶᠢᠨ ᠤᠨᠠᠯᠲᠠ ᠪᠠᠷᠤᠭ 260 ᠵᠢᠩ ᠨᠡᠮᠡᠭᠳᠡᠭᠦᠯᠵᠦ ᠂ ᠪᠥᠬᠦ ᠰᠢᠶᠠᠨ ᠤ ᠡᠷᠳᠡᠨᠢ ᠰᠢᠰᠢ ᠶᠢᠨ ᠤᠨᠠᠯᠲᠠ ᠨᠡᠢᠳᠡ 4.7 ᠳ᠋ᠦᠩᠰᠢᠭᠤᠷ ᠵᠢᠩ ᠨᠡᠮᠡᠭᠳᠡᠭᠦᠯᠪᠡ ᠃ ᠥᠪᠥᠷ ᠮᠣᠩᠭᠤᠯ ᠤᠨ ᠠᠮᠤ ᠪᠤᠳᠠᠭᠠᠨ ᠤ ᠭᠤᠤᠯ ᠭᠠᠷᠤᠯᠲᠠ ᠶᠢᠨ ᠣᠷᠣᠨ ᠤ ᠨᠢᠭᠡ ᠪᠣᠯᠬᠤ ᠲᠦᠩᠯᠢᠶᠣᠤ ᠬᠤᠲᠠ ᠠᠴᠠ ᠲᠤᠭᠤᠯᠳᠠᠬᠰᠠᠨ ᠡᠨᠡ ᠬᠦ ᠪᠠᠶᠠᠷ ᠤᠨ ᠴᠢᠮᠡᠭᠡ ᠬᠦᠮᠦᠨ ᠵᠤᠨ ᠢ ᠪᠠᠶᠠᠰᠬᠠᠪᠠ᠃ ᠡᠷᠳᠡᠨᠢ ᠰᠢᠰᠢ ᠶᠢᠨ ᠤᠨᠠᠯᠲᠠ ᠶᠢ ᠶᠡᠭᠡ ᠬᠡᠮᠵᠢᠶ᠎ᠠ ᠪᠠᠷ ᠨᠡᠮᠡᠭᠳᠡᠭᠦᠯᠦᠭᠰᠡᠨ ︽ᠨᠢᠭᠤᠴᠠ ᠵᠤᠷ︾ ᠢ ᠨᠢ ᠣᠶᠢᠯᠠᠭᠠᠵᠤ ᠮᠡᠳᠡᠬᠦ ᠪᠠᠷ ᠲᠦᠷᠦᠬᠦᠬᠡᠨ ᠰᠣᠷᠪᠤᠯᠵᠢᠯᠠᠭᠴᠢ ︽ᠪᠥᠬᠦ ᠤᠯᠤᠰ ᠤᠨ ᠠᠮᠤ ᠪᠤᠳᠠᠭᠠᠨ ᠤ ᠦᠢᠯᠡᠳᠪᠦᠷᠢᠯᠡᠯ ᠤᠨ ᠲᠡᠷᠢᠭᠦᠨ ᠤ ᠰᠢᠶᠠᠨ ︾ ᠭᠡᠯᠮᠡᠭᠳᠡᠭᠰᠡᠨ ᠺᠠᠶᠢᠯᠦ ᠰᠢᠶᠠᠨ ᠳᠤ ᠬᠦᠷᠦᠭᠰᠡᠨ ᠶᠤᠮ᠃      ︽ᠡᠨᠡ ᠵᠢᠯ ᠡᠷᠳᠡᠨᠢ ᠰᠢᠰᠢ ᠡᠯᠪᠡᠭ ᠬᠤᠷᠢᠶᠠᠯᠲᠠ ᠤᠯᠤᠬᠰᠠᠨ ᠨᠢ ᠨᠠᠷᠡ ᠬᠤᠷ᠎ᠠ ᠲᠡᠭᠰᠢ ᠠᠴᠠ ᠭᠠᠳᠠᠨ᠎ᠠ ᠨᠡᠩ ᠴᠢᠬᠤᠯᠠ ᠨᠢ ᠰᠢᠨ᠎ᠡ ᠮᠡᠷᠭᠡᠵᠢᠯ ᠳᠤ ᠲᠦᠰᠢᠭᠯᠡᠵᠡᠢ︾ ᠭᠡᠵᠦ ᠺᠠᠶᠢᠯᠦ ᠰᠢᠶᠠᠨ ᠤ ᠺᠠᠶᠢᠯᠦ ᠪᠠᠯᠭᠠᠰᠤ ᠶᠢᠨ ᠪᠦᠯᠬᠦᠮᠳᠡᠯ ᠲᠤᠰᠬᠤᠨ ᠤ ᠲᠠᠷᠢᠶᠠᠴᠢᠨ ᠵᠠᠩ ᠭᠦᠸᠧ ᠸᠧᠨ ᠡᠷᠳᠡᠨᠢ ᠰᠢᠰᠢ ᠪᠠᠨ ᠳᠡᠯᠭᠡᠨ ᠬᠠᠳᠠᠭᠠᠬᠤ ᠶᠢᠨ ᠳᠠᠭᠠᠤ ᠬᠡᠯᠡᠨ᠎ᠡ᠃ ᠲᠡᠷᠡ ᠡᠨᠡ ᠵᠢᠯ 60 ᠮᠦ ᠡᠷᠳᠡᠨᠢ ᠰᠢᠰᠢ ᠳᠡᠭᠡᠨ ᠭᠦᠶᠦᠬᠡᠨ ᠪᠤᠯᠠᠵᠤ ᠲᠤᠰᠤᠯᠭᠠᠨ ᠤᠰᠤᠯᠠᠬᠤ ᠮᠡᠷᠭᠡᠵᠢᠯ ᠢ ᠬᠡᠷᠡᠭᠯᠡᠵᠦ ᠂ ᠮᠦ ᠨᠢᠭᠡᠴᠢ ᠶᠢᠨ ᠤᠨᠠᠯᠲᠠ ᠨᠢ 1700 ᠵᠢᠩ ᠢ ᠲᠠᠪᠠᠭᠠᠳ ᠦᠡᠭᠭᠡᠷᠡᠭᠰᠡᠨ ᠤ ᠬᠢ ᠠᠴᠠ ᠪᠠᠨ 200 ᠭᠠᠷᠤᠢ ᠵᠢᠩ ᠨᠡᠮᠡᠭᠳᠡᠪᠡ᠃ ︽ᠡᠨᠡ ᠮᠡᠷᠭᠡᠵᠢᠯ ᠢ ᠬᠡᠷᠡᠭᠯᠡᠬᠦ ᠳᠤ ᠠᠮᠠᠷᠬᠠᠨ᠂ ᠮᠠᠰᠢᠨ ᠬᠤᠳᠳᠤᠭ ᠲᠠᠭᠠᠨ ᠳᠤᠰᠤᠯᠭᠠᠨ ᠤᠰᠤᠯᠠᠬᠤ ᠭᠤᠤᠷᠰᠤ ᠲᠤᠬᠢᠷᠠᠭᠤᠯᠤᠨ ᠲᠠᠷᠢᠶᠠᠨ ᠭᠠᠵᠠᠷ ᠲᠠᠭᠠᠨ ᠲᠠᠳᠠᠵᠤ ᠳᠡᠪᠢᠰᠪᠡᠯ ᠪᠤᠯᠴᠢᠬᠠᠨ᠎ᠠ᠃ ᠡᠨᠡ ᠨᠢ ᠦᠡᠭᠭᠡᠷᠡᠭᠰᠡᠨ ᠤ ᠵᠤᠷᠬ᠎ᠠ ᠲᠠᠭᠠᠭᠤᠯᠤᠨ ᠤᠰᠤᠯᠠᠬᠤ ᠲᠠᠢ ᠬᠠᠷᠢᠴᠠᠭᠤᠯᠪᠠᠯ ᠤᠰᠤ ᠠᠷᠪᠢᠯᠠᠬᠤ ᠮᠦᠷᠲᠡᠭᠡᠨ ᠪᠠᠰᠠ ᠤᠨᠠᠯᠲᠠ ᠶᠢ ᠨᠡᠮᠡᠭᠳᠡᠭᠦᠯᠳᠡᠭ︾ ᠭᠡᠵᠤ ᠵᠠᠩ ᠭᠦᠸᠧ ᠸᠧᠨ ᠶᠠᠷᠢᠨ᠎ᠠ᠃      ᠡᠩ ᠤᠨ ᠲᠠᠷᠢᠶᠠᠯᠠᠬᠤ ᠡᠷᠦᠬᠡ ᠶᠢ ᠪᠤᠳᠤᠪᠠᠯ ᠲᠤᠰᠬᠠᠢ ᠬᠤᠷᠰᠢᠶ᠎ᠠ ᠪᠤᠯᠤᠨ ᠲᠠᠷᠢᠮᠠᠯ ᠤᠨ ᠺᠣᠮᠫᠠᠨᠢ ᠨᠢ ᠬᠡᠪᠴᠢᠶᠡᠵᠢᠭᠦᠯᠦᠨ ᠳᠠᠷᠢᠬᠤ ᠳᠤᠮᠳᠠ ᠪᠠᠨ ᠶᠡᠭᠡ ᠪᠡᠯᠡ ᠣᠷᠣᠭᠤᠯᠵᠤ᠂ ᠨᠡᠩ ᠣᠯᠠᠨ ᠲᠠᠷᠢᠶᠠᠯᠠᠩ ᠤᠨ ᠮᠡᠷᠭᠡᠵᠢᠯ ᠢ ᠬᠡᠷᠡᠭᠯᠡᠵᠡᠢ ᠃ ︽ᠡᠨᠡ ᠵᠢᠯ ᠮᠠᠨ ᠤ ᠺᠤᠮᠫᠠᠨᠢ ᠺᠠᠶᠢᠯᠦ ᠰᠢᠶᠠᠨ ᠳᠤ ᠲᠠᠷᠢᠶᠠᠨ ᠭᠠᠵᠠᠷ ᠤᠨ ᠡᠵᠡᠩᠨᠡᠯᠲᠡ ᠶᠢᠨ ᠡᠷᠭᠡ ᠶᠢ ᠭᠦᠢᠯᠭᠡᠭᠡᠨ ᠠᠪᠬᠤ᠂ ᠲᠠᠷᠢᠶᠠᠨ ᠭᠠᠵᠠᠷ ᠢ ᠨᠢ ᠨᠠᠶᠢᠳᠠᠨ ᠬᠠᠮᠢᠶᠠᠷᠬᠤ ᠵᠡᠷᠭᠡ ᠪᠠᠷ ᠳᠠᠮᠵᠢᠨ ᠨᠡᠶᠢᠲᠡ 7 ᠲᠦᠮᠡ ᠰᠢᠬᠠᠮ ᠮᠥ ᠡᠷᠳᠡᠨᠢ ᠰᠢᠰᠢ ᠳᠠᠷᠢᠵᠤ᠂ ᠭᠦᠶᠦᠭᠡᠨ ᠪᠤᠯᠠᠵᠤ ᠳᠤᠰᠤᠯᠭᠠᠨ ᠤᠰᠤᠯᠠᠬᠤ ᠮᠡᠷᠭᠡᠵᠢᠯ ᠢ ᠠᠰᠢᠬᠯᠠᠬᠰᠠᠨ ᠰᠠᠭᠤᠷᠢᠨ ᠳᠡᠭᠡᠷ᠎ᠡ ᠪᠠᠰᠠ ᠳᠣᠬᠢᠭᠤᠷ ᠲᠤᠯᠤᠭᠠᠨ ᠣᠲᠣ ᠳᠠᠭᠠᠭᠤᠯᠢ ᠤᠳᠤ ᠶᠢᠨ ᠠᠶᠠᠯᠠᠯ ᠵᠠᠯᠠᠬᠤ ᠮᠡᠷᠭᠡᠵᠢᠯ ᠳᠤ ᠲᠦᠰᠢᠭᠯᠡᠨ ᠨᠠᠷᠢᠯᠢᠭ ᠳᠠᠷᠢᠬᠤ᠂ ᠵᠢᠯᠣᠭᠤᠴᠢ ᠥᠬᠡᠶ ᠨᠢᠰᠭᠡᠯ ᠢᠶᠠᠷ ᠲᠠᠷᠢᠶᠠᠨ ᠡᠮ ᠰᠦᠷᠴᠢᠬᠦ᠂ ᠮᠠᠰᠢᠨ ᠢᠶᠠᠷ ᠮᠥᠯᠢᠵᠦ ᠬᠤᠷᠢᠶᠠᠬᠤ ᠵᠡᠷᠭᠡ ᠮᠡᠷᠭᠡᠵᠢᠯ ᠢ ᠠᠰᠢᠬᠯᠠᠵᠤ᠂ ᠮᠦ ᠨᠢᠭᠡᠴᠢ ᠶᠢᠨ ᠤᠨᠠᠯᠲᠠ 400 — 500 ᠵᠢᠩ ᠨᠡᠮᠡᠭᠳᠡᠪᠡ︾ ᠭᠡᠵᠦ ᠥᠪᠥᠷ ᠮᠣᠩᠭᠤᠯ ᠤᠨ ᠡᠷᠳᠡᠨᠢ ᠰᠢᠰᠢ ᠡᠭᠡᠴᠢ ᠲᠠᠷᠢᠶᠠᠯᠠᠩ ᠤᠨ ᠬᠢᠵᠠᠭᠠᠷᠳᠤ ᠺᠣᠮᠫᠠᠨᠢ ᠶᠢᠨ ᠬᠠᠷᠢᠭᠤᠴᠠᠯᠭᠠᠲᠠᠨ ᠯᠢ ᠵᠢᠩ ᠬᠡᠯᠡᠨ᠎ᠠ᠃      ᠡᠨᠡ ᠵᠢᠯ ᠺᠠᠶᠢᠯᠦ ᠪᠠᠯᠭᠠᠰᠤ ᠶᠢᠨ ᠨᠢᠰᠭᠡᠯ ᠤᠨ ᠪᠠᠭᠤᠳᠠᠯ ᠤᠨ ᠲᠤᠰᠬᠤᠨ ᠤ 2000 ᠮᠦ ᠶᠢᠨ ᠵᠢᠱᠢᠶ᠎ᠡ ᠦᠵᠡᠭᠦᠯᠬᠦ ᠲᠠᠷᠢᠶᠠᠨ ᠳᠤ ᠡᠷᠳᠡᠨᠢ ᠰᠢᠰᠢ ᠶᠢᠨ ᠨᠢᠬᠲᠠ ᠲᠠᠷᠢᠵᠤ ᠲᠤᠰᠤᠯᠭᠠᠨ ᠤᠰᠤᠯᠠᠬᠤ ᠮᠡᠷᠭᠡᠵᠢᠯ ᠢ ᠠᠰᠢᠬᠯᠠᠭᠠᠳ᠂ ᠡᠷᠳᠡᠨᠢ ᠰᠢᠰᠢ ᠶᠢᠨ ᠮᠦ ᠨᠢᠭᠡᠴᠢ ᠶᠢᠨ ᠤᠨᠠᠯᠲᠠ ᠨᠢ 2455 ᠵᠢᠩ ᠳᠤ ᠬᠦᠷᠴᠠᠢ᠃ ᠵᠢᠱᠢᠶ᠎ᠡ ᠦᠵᠡᠭᠦᠯᠬᠦ ᠲᠠᠷᠢᠶᠠᠨ ᠭᠠᠵᠠᠷ ᠤᠨ ᠪᠥᠲᠥᠭᠡᠨ ᠪᠠᠶᠢᠭᠤᠯᠤᠯᠲᠠ ᠶᠢᠨ ᠬᠠᠮᠢᠶᠠᠷᠤᠯᠲᠠ ᠶᠢ ᠬᠠᠷᠢᠭᠤᠴᠠᠵᠤ ᠪᠠᠶᠢᠭ᠎ᠠ ᠮᠠ ᠵᠥᠩ ᠴᠧᠨ ᠨᠢᠳᠤᠨᠤᠨ ᠬᠥᠳᠡᠭᠡ ᠠᠵᠤ ᠠᠬᠤᠶ ᠬᠥᠳᠡᠭᠡ ᠲᠤᠰᠬᠤᠨ ᠤ ᠶᠠᠮᠤᠨ ᠳᠤ ︽ᠪᠥᠬᠦ ᠤᠯᠤᠰ ᠤᠨ ᠠᠮᠤ ᠪᠤᠳᠠᠭᠠᠨ ᠤ ᠦᠢᠯᠡᠳᠪᠦᠷᠢᠯᠡᠯ ᠤᠨ ᠲᠡᠷᠢᠭᠦᠨ ᠤ ᠬᠤᠪᠢ ᠬᠥᠮᠦᠨ︾ ᠢᠶᠠᠷ ᠰᠠᠶᠢᠰᠢᠶᠠᠭᠳᠠᠪᠠ ᠃ ︽ᠡᠷᠳᠡᠨᠢ ᠰᠢᠰᠢ ᠶᠢᠨ ᠨᠢᠭᠲᠠᠴᠠ ᠶᠢ ᠮᠦ ᠪᠦᠷᠢ ᠳᠤ ᠦᠩᠬᠡᠷᠡᠭᠰᠡᠨ ᠤ 4000 ᠭᠠᠷᠤᠢ ᠰᠠᠭᠤᠷᠢ ᠠᠴᠠ 6000 ᠭᠠᠷᠤᠢ ᠰᠠᠭᠤᠷᠢ ᠪᠣᠯᠭᠠᠨ ᠨᠡᠮᠡᠭᠳᠡᠭᠦᠯᠦᠨ᠎ᠡ︔ ᠳᠤᠰᠤᠯᠭᠠᠨ ᠤᠰᠤᠯᠠᠵᠤ ᠴᠢᠬᠢ ᠪᠠᠷᠢᠭᠤᠯᠬᠤ ᠨᠢ ᠲᠠᠷᠢᠶᠠᠨ ᠴᠢᠬᠢ ᠶᠢᠨ ᠵᠢᠭᠳᠡ ᠤᠷᠭᠤᠯᠳᠠ ᠶᠢ ᠪᠠᠲᠤᠯᠠᠵᠤ ᠳᠡᠶᠢᠯᠦᠨ᠎ᠡ︔ ᠤᠰᠤᠨ ᠳᠤ ᠠᠭᠤᠰᠬᠠᠵᠤ ᠪᠤᠷᠳᠤᠭᠤᠷ ᠤᠷᠤᠭᠤᠯᠬᠤ ᠳᠠᠭᠠᠨ ᠤᠳᠠᠭ᠎ᠠ ᠪᠤᠯᠭᠠᠨ ᠤ ᠤᠰᠤ ᠪᠤᠷᠳᠤᠭ᠎ᠠ ᠶᠢᠨ ᠬᠡᠮᠵᠢᠶ᠎ᠡ ᠶᠢ ᠠᠳᠠᠯᠢ ᠪᠤᠰᠤ ᠪᠠᠷ ᠵᠤᠬᠢᠰᠲᠠᠢ ᠲᠤᠬᠢᠷᠠᠭᠤᠯᠵᠤ ᠪᠤᠯᠤᠨ᠎ᠠ︾ ᠭᠡᠵᠦ ᠮᠠ ᠵᠥᠩ ᠴᠧᠨ ᠨᠢᠬᠲᠠ ᠲᠠᠷᠢᠵᠤ ᠳᠤᠰᠤᠯᠭᠠᠨ ᠤᠰᠤᠯᠠᠬᠤ ᠮᠡᠷᠭᠡᠵᠢᠯ ᠤᠨ ᠲᠤᠬᠠᠢ ᠲᠠᠨᠢᠯᠴᠠᠭᠤᠯᠤᠯ᠎ᠠ᠃      ᠡᠷᠳᠡᠨᠢ ᠰᠢᠰᠢ ᠶᠢ ᠨᠢᠭᠲᠡ ᠳᠠᠷᠢᠵᠤ ᠳᠤᠰᠤᠯᠭᠠᠨ ᠤᠰᠤᠯᠠᠬᠤ ᠮᠡᠷᠭᠡᠵᠢᠯ ᠢ ᠳᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠳᠠᠷᠢᠵᠤ ᠤᠷᠭᠤᠭᠤᠯᠬᠤ ᠪᠠ ᠹᠢᠽᠢᠣᠯᠣᠭᠢ ᠶᠢᠨ ᠰᠢᠨ᠎ᠡ ᠶᠢ ᠡᠭᠦᠳᠬᠦ ᠪᠦᠯᠬᠦᠮ ᠠᠴᠠ ᠰᠤᠳᠤᠯᠤᠨ ᠨᠡᠭᠡᠭᠡᠪᠡ᠃ ᠲᠣᠰ ᠪᠦᠯᠬᠦᠮ ᠤᠨ ᠲᠡᠷᠢᠭᠦᠨ ᠲᠤᠰᠬᠠᠢ ᠮᠡᠷᠭᠡᠵᠢᠯᠲᠡᠨ ᠰᠣᠳᠤᠯᠤᠭᠴᠢ ᠯᠢ ᠱᠤᠤ ᠺᠦᠨ᠄ ︽ᠲᠣᠰ ᠮᠡᠷᠭᠡᠵᠢᠯ ᠤᠨ ᠤᠰᠤ ᠠᠷᠪᠢᠯᠠᠬᠤ᠂ ᠪᠣᠷᠲᠣᠭᠤᠷ ᠠᠷᠪᠢᠯᠠᠬᠤ᠂ ᠤᠨᠠᠯᠲᠠ ᠶᠢ ᠨᠡᠮᠡᠭᠳᠡᠭᠦᠯᠬᠦ ᠦᠷ᠎ᠡ ᠪᠦᠲᠦᠮᠵᠢ ᠨᠢ ᠢᠯᠡᠳᠲᠡ ᠮᠦᠷᠳᠡᠬᠡᠨ ᠮᠡᠷᠭᠡᠵᠢᠯ ᠤᠨ ᠬᠡᠷᠡᠭᠯᠡᠯᠲᠡ ᠠᠮᠠᠷᠬᠠᠨ᠂ ᠮᠥ ᠨᠢᠭᠡᠴᠢ ᠶᠢᠨ ᠣᠷᠣᠭᠤᠯᠤᠯᠲᠠ ᠪᠠᠭ᠎ᠠ ᠪᠠᠶᠢᠵᠤ ᠂ ᠨᠢᠬᠡᠨᠳᠡ ᠶᠡᠭᠡ ᠬᠡᠪᠴᠢᠶ᠎ᠡ ᠪᠠᠷ ᠳᠡᠯᠭᠡᠷᠡᠭᠦᠯᠬᠦ ᠨᠥᠬᠦᠴᠡᠯ ᠢ ᠪᠦᠷᠢᠯᠳᠦᠭᠦᠯᠪᠠ︾ ᠭᠡᠵᠤ ᠶᠠᠷᠢᠨ᠎ᠠ᠃      ᠡᠨᠡ ᠵᠢᠯ ᠤᠨ ᠡᠬᠢ ᠪᠠᠷ᠂ ᠺᠠᠶᠢᠯᠦ ᠰᠢᠶᠠᠨ ᠪᠣᠯᠤᠨ ᠳᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠲᠠᠷᠢᠮᠠᠯ ᠤᠨ ᠰᠢᠨᠵᠢᠯᠡᠬᠦ ᠤᠬᠠᠭᠠᠨ ᠤ ᠰᠤᠳᠤᠯᠭᠠᠨ ᠤ ᠭᠠᠵᠠᠷ ︽ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢᠶᠠᠷ ᠰᠢᠶᠠᠨ ᠢ ᠳᠠᠭᠠᠭᠠᠴᠢᠯᠠᠨ ᠬᠠᠷᠢᠭᠤᠴᠠᠬᠤ︾ ᠵᠥᠪᠯᠡᠯᠴᠡᠭᠡᠷ ᠲᠣᠭᠲᠠᠵᠤ ᠂ ᠡᠨᠡ ᠬᠦ ᠮᠡᠷᠭᠡᠵᠢᠯ ᠢ ᠣᠨᠳᠣᠣᠰᠢᠭᠤᠯᠤᠨ ᠬᠡᠷᠡᠭᠯᠡᠬᠦ ᠶᠢ ᠠᠬᠢᠭᠤᠯᠤᠭᠰᠠᠨ ᠶᠤᠮ᠃ ᠣᠳᠣᠬᠠᠨ ᠳᠤ ᠨᠢᠭᠡᠨᠲᠡ 33 ᠵᠢᠱᠢᠶ᠎ᠡ ᠦᠵᠡᠭᠦᠯᠬᠦ ᠰᠠᠭᠤᠷᠢᠨ ᠢ ᠪᠦᠲᠦᠭᠡᠨ ᠪᠠᠶᠢᠭᠤᠯᠵᠤ ᠂ ᠶᠡᠷᠦᠩᠬᠡᠶ ᠲᠠᠯᠠᠪᠠᠶ ᠨᠢ 12 ᠲᠦᠮᠡᠨ ᠮᠦ ᠪᠠᠶᠢᠵᠤ ᠂ ᠮᠦ ᠨᠢᠭᠡᠴᠢ ᠶᠢᠨ ᠤᠨᠠᠯᠲᠠ ᠨᠢ 300 — 500 ᠵᠢᠩ ᠳᠡᠭᠡᠭᠰᠢᠯᠡᠪᠡ ᠃      ᠺᠠᠶᠢᠯᠦ ᠰᠢᠶᠠᠨ ᠤ ᠲᠠᠷᠢᠶᠠᠯᠠᠩ ᠮᠠᠯ ᠠᠵᠤ ᠠᠬᠤᠶ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠣᠪᠴᠢᠶ᠎ᠠ ᠶᠢᠨ ᠳᠡᠳ᠋ ᠳᠠᠷᠤᠭ᠎ᠠ ᠰᠥᠩ ᠶᠠᠨ ᠤ ᠬᠡᠯᠡᠬᠦ ᠪᠠᠷ᠂ ᠡᠨᠡ ᠵᠢᠯ ᠪᠦᠬᠦ ᠰᠢᠶᠠᠨ ᠢᠶᠠᠷ ᠢᠶᠠᠨ 12 ᠲᠦᠮᠡᠨ ᠮᠥ ᠶᠢᠨ ᠡᠷᠳᠡᠨᠢ ᠰᠢᠰᠢ ᠶᠢ ᠨᠢᠭᠲᠠ ᠳᠠᠷᠢᠵᠤ ᠳᠤᠰᠤᠯᠭᠠᠨ ᠤᠰᠤᠯᠠᠬᠤ ᠵᠢᠱᠢᠶ᠎ᠡ ᠦᠵᠡᠭᠦᠯᠬᠦ ᠲᠠᠷᠢᠶᠠᠨ ᠭᠠᠵᠠᠷ ᠢ ᠪᠦᠳᠦᠬᠡᠨ ᠪᠠᠶᠢᠭᠤᠯᠤᠭᠰᠠᠨ ᠪᠦᠬᠡᠳ ᠪᠠᠰᠠ ᠳᠠᠷᠢᠵᠤ ᠠᠷᠠᠴᠢᠯᠠᠬᠤ᠂ ᠡᠪᠡᠳᠴᠢᠨ ᠬᠤᠷᠤᠬᠠᠢ ᠶᠢᠨ ᠬᠦᠨᠦᠭᠡᠯ ᠢ ᠰᠡᠷᠭᠡᠶᠢᠯᠡᠬᠦ ᠂ ᠬᠠᠳᠤᠵᠤ ᠬᠤᠷᠢᠶᠠᠬᠤ ᠵᠡᠷᠬᠡ ᠦᠢᠯᠡᠳᠪᠤᠷᠢᠯᠡᠯ ᠤᠨ ᠪᠥᠬᠦ ᠶᠠᠪᠤᠴᠠ ᠶᠢ ᠨᠠᠶᠢᠳᠠᠨ ᠬᠠᠮᠢᠶᠠᠷᠤᠭᠤᠯᠬᠤ ᠦᠢᠯᠡᠴᠢᠯᠡᠭᠡ ᠶᠢ ᠶᠡᠭᠡ ᠪᠠᠷ ᠬᠡᠷᠡᠭᠵᠢᠭᠦᠯᠵᠦ ᠂ ᠲᠣᠮᠣ ᠬᠡᠯᠪᠡᠷᠢ ᠶᠢᠨ ᠮᠠᠰᠢᠨ ᠲᠦᠬᠦᠬᠡᠷᠦᠮᠵᠢ ᠪᠤᠯᠤᠨ ᠮᠡᠷᠭᠡᠵᠢᠯ ᠤᠨ ᠬᠡᠷᠡᠭᠯᠡᠭᠡᠨ ᠤ ᠲᠦᠪᠰᠢᠨ ᠢ ᠪᠦᠲᠦᠮᠵᠢᠲᠡᠶ ᠳᠡᠭᠡᠭᠰᠢᠯᠡᠭᠦᠯᠵᠦ ᠂ ᠰᠠᠶᠢᠨ ᠡᠭᠦᠯᠳᠡᠷ ᠰᠠᠶᠢᠨ ᠠᠷᠭ᠎ᠠ ᠶᠢ ᠢᠵᠢ ᠪᠥᠷᠢᠳᠦᠭᠦᠯᠬᠦ᠂ ᠲᠠᠷᠢᠶᠠᠯᠠᠩ ᠤᠨ ᠮᠠᠰᠢᠨ ᠲᠠᠷᠢᠶᠠᠯᠠᠩ ᠤᠨ ᠮᠡᠷᠭᠡᠵᠢᠯ ᠢ ᠤᠶᠠᠯᠳᠤᠭᠤᠯᠤᠭᠰᠠᠨ ᠥᠨᠳᠥᠷ ᠪᠦᠲᠦᠮᠵᠢᠲᠡᠶ ᠤᠨᠠᠯᠲᠠ ᠨᠡᠮᠡᠭᠳᠡᠭᠦᠯᠬᠦ ᠵᠠᠭᠪᠤᠷ ᠢ ᠴᠤᠭᠴᠠᠯᠠᠨ ᠡᠷᠳᠡᠨᠢ ᠰᠢᠰᠢ ᠶᠢᠨ ᠤᠨᠠᠯᠲᠠ ᠶᠢ ᠶᠡᠭᠡ ᠪᠠᠷ ᠲᠠᠬᠡᠭᠰᠢᠯᠡᠬᠦᠯᠦᠭᠰᠡᠨ ᠠᠵᠢ᠃ 
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号