1. ᠬᠦᠢᠲᠡᠨ ᠳᠤ ᠲᠡᠰᠪᠦᠷᠢᠲᠡᠢ᠂ ᠴᠤᠯᠤ ᠬᠠᠳᠠᠭᠠᠯᠠᠯᠲᠠ ᠳᠤ ᠲᠡᠰᠪᠦᠷᠢᠲᠡᠢ᠂ ᠭᠦᠨ ᠨᠣᠭᠤᠭᠠᠨ ᠥᠩᠭᠡ ᠲᠠᠢ | ᠡᠭᠦᠯᠳᠡᠷ ᠢ ᠰᠣᠩᠭᠤᠨ ᠬᠡᠷᠡᠭᠯᠡᠨ᠎ᠡ᠃ ᠲᠠᠷᠢᠬᠤ ᠠᠴᠠ ᠡᠮᠦᠨ᠎ᠡ ᠰᠢᠨ᠎ᠡ ᠥᠨᠳᠥᠷ ᠥᠭᠡᠬᠦᠨ ᠬᠠᠯᠢᠰᠤ ᠪᠠᠷ ᠦᠷ᠎ᠡ | ᠵᠢᠭᠤᠷᠠᠪᠠᠯ ᠭᠠᠵᠠᠷ ᠳᠣᠣᠷᠠᠬᠢ ᠡᠪᠡᠳᠴᠢᠨ ᠬᠤᠷᠣᠬᠠᠢ ᠠᠴᠠ ᠵᠠᠶᠢᠯᠠᠵᠤ ᠂ ᠸᠢᠷᠦ᠋ᠰ ᠤᠨ ᠬᠠᠯᠳᠠᠪᠤᠷᠢᠯᠠᠯ ᠢ | ᠲᠤᠰᠠᠭᠠᠷᠯᠠᠵᠤ ᠂ ᠰᠣᠶᠣᠭᠠᠯᠠᠵᠤ ᠲᠡᠯᠡᠭᠳᠡᠬᠦ ᠴᠢᠳᠠᠪᠤᠷᠢ ᠶᠢ ᠨᠥᠯᠥᠭᠡᠯᠡᠬᠦ ᠦᠭᠡᠢ ᠂ ᠠᠮᠢᠰᠬᠤᠯ ᠤᠨ ᠬᠦᠴᠦᠯᠡᠴᠡ ᠶᠢ | ᠴᠢᠩᠭᠠᠷᠠᠭᠤᠯᠵᠤ ᠂ ᠦᠷ᠎ᠡ ᠶᠢᠨ ᠨᠠᠬᠢᠶᠠᠯᠠᠬᠤ ᠨᠤᠷᠮ᠎ᠠ ᠶᠢ ᠳᠡᠭᠡᠭᠰᠢᠯᠡᠭᠦᠯᠦᠨ᠎ᠡ ︔ ᠶᠠᠰᠤ ᠴᠢᠨᠠᠷ ᠨᠢ ᠰᠡᠶᠢᠷᠡᠭ᠂ ᠥᠩ | ᠰᠢᠮᠡᠯᠢᠭ᠂ ᠬᠥᠷᠥᠰᠥᠨ ᠤ ᠳᠠᠪᠬᠤᠷᠭ᠎ᠠ ᠨᠢ ᠭᠦᠨ ᠵᠤᠵᠠᠭᠠᠨ ᠭᠠᠵᠠᠷ ᠢ ᠰᠣᠩᠭᠤᠵᠤ ᠴᠢᠬᠢ ᠪᠣᠶᠢᠵᠢᠭᠤᠯᠤᠨ᠂ | ᠴᠢᠬᠢᠯᠡᠬᠦ ᠬᠤᠭᠤᠴᠠᠭᠠᠨ ᠳᠤ ᠪᠣᠷᠳᠣᠭᠤᠷ ᠤᠰᠤᠨ ᠤ ᠬᠠᠮᠢᠶᠠᠷᠤᠯᠲᠠ ᠶᠢ ᠴᠢᠩᠭᠠᠳᠬᠠᠵᠤ᠂ ᠪᠠᠭ᠎ᠠ ᠤᠰᠤ ᠪᠠᠷ | ᠦᠷᠭᠦᠯᠵᠢ ᠤᠰᠤᠯᠠᠵᠤ᠂ ᠨᠢᠮᠭᠡᠨ ᠪᠣᠷᠳᠣᠭᠤᠷ ᠢᠶᠠᠷ ᠦᠷᠭᠦᠯᠵᠢ ᠣᠷᠤᠭᠤᠯᠵᠤ ᠂ ᠢᠳᠡᠷᠡᠭᠦᠨ ᠪᠦᠳᠦᠭᠦᠨ ᠴᠢᠬᠢ ᠶᠢ | ᠪᠣᠶᠢᠵᠢᠭᠤᠯᠤᠨ᠎ᠠ᠃ | 2. ᠰᠠᠭᠤᠷᠢᠰᠢᠭᠤᠯᠬᠤ ᠠᠴᠠ ᠡᠮᠦᠨ᠎ᠡ ᠠᠮᠢᠳᠤ ᠪᠣᠳᠠᠰ ᠤᠨ ᠣᠷᠭᠠᠨᠢᠭ ᠪᠣᠷᠳᠣᠭᠤᠷ ᠬᠡᠷᠡᠭᠯᠡᠵᠦ᠂ ᠵᠢᠭᠳᠡ | ᠰᠠᠴᠤᠨ᠎ᠠ᠃ ᠡᠭᠦᠨ ᠤ ᠬᠠᠮᠲᠤ ᠮᠦ ᠪᠦᠷᠢ ᠳᠤ ᠲᠦᠭᠦᠬᠡᠢ ᠴᠣᠬᠤᠢ ᠬᠢᠵᠦ ᠂ ᠨᠠᠷᠢᠨ ᠨᠠᠷᠬ᠎ᠠ ᠶᠢ ᠭᠦᠶᠦᠬᠡᠨ ᠲᠠᠷᠢᠵᠤ ᠂ | ᠪᠣᠷᠳᠣᠭᠤᠷ ᠂ ᠬᠥᠷᠥᠰᠥ ᠰᠢᠷᠣᠢ ᠂ ᠴᠣᠬᠤᠢ ᠶᠢ ᠵᠢᠭᠳᠡ ᠬᠤᠯᠢᠭᠠᠳ ᠲᠠᠷᠢᠶ᠎ᠠ ᠶᠢ ᠲᠡᠭᠰᠢᠯᠡᠨ᠎ᠡ ᠃ | 3. ᠴᠠᠭ ᠲᠤᠬᠠᠢ ᠳᠤ ᠨᠢ ᠢᠳᠡᠰᠢᠨ ᠨᠣᠭᠤᠭ᠎ᠠ ᠶᠢᠨ ᠵᠦᠸᠠᠩ ᠵᠢᠩ ᠯᠢᠩ ᠢ ᠰᠦᠷᠴᠢᠨ ᠣᠷᠣᠭᠤᠯᠵᠤ᠂ | ᠤᠷᠭᠤᠮᠠᠯ ᠤᠨ ᠡᠰᠢ ᠶᠢ ᠪᠦᠳᠦᠭᠦᠨ ᠴᠢᠬᠢᠷᠠᠭ ᠂ ᠨᠠᠪᠴᠢ ᠨᠢ ᠵᠤᠵᠠᠭᠠᠨ᠂ ᠨᠠᠪᠴᠢᠨ ᠤ ᠦᠩᠭᠡ ᠨᠢ ᠨᠢᠷᠠᠢ ᠵᠥᠭᠡᠯᠡᠨ᠂ | ᠤᠷᠭᠤᠮᠠᠯ ᠢ ᠢᠭᠴᠤ ᠰᠠᠬᠤᠯᠢᠭ ᠪᠣᠯᠭᠠᠬᠤ ᠶᠢᠨ ᠬᠠᠮᠲᠤ ᠭᠠᠮᠰᠢᠭ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠵᠦ᠂ | ᠲᠠᠷᠢᠶᠠᠨ ᠡᠮ ᠬᠢᠮᠢ ᠶᠢᠨ ᠪᠣᠷᠳᠣᠭᠤᠷ ᠬᠡᠷᠡᠭᠯᠡᠬᠦ ᠬᠡᠮᠵᠢᠶ᠎ᠡ ᠶᠢ ᠪᠠᠭᠠᠰᠬᠠᠨ᠂ ᠦᠯᠡᠳᠡᠭᠳᠡᠯ ᠬᠤᠣᠷ ᠢ ᠪᠠᠭᠠᠰᠬᠠᠨ᠎ᠠ᠃ | 4. ᠬᠦᠢᠲᠡᠨ ᠠᠭᠤᠷ ᠠᠮᠢᠰᠬᠤᠯ ᠲᠣᠬᠢᠶᠠᠯᠳᠤᠪᠠᠯ᠂ ᠳᠠᠪᠬᠤᠷ ᠪᠤᠶᠤ ᠣᠯᠠᠨ ᠳᠠᠪᠬᠤᠷ ᠨᠢᠮᠭᠡᠨ | ᠪᠦᠷᠬᠦᠭᠦᠯ ᠢᠶᠠᠷ ᠪᠦᠷᠬᠦᠵᠦ᠂ ᠬᠥᠯᠳᠡᠬᠦ ᠭᠠᠮᠰᠢᠭ ᠡᠭᠦᠰᠬᠦ ᠠᠴᠠ ᠰᠡᠷᠭᠡᠶᠢᠯᠡᠨ᠎ᠡ᠃ ᠲᠤᠩᠭᠠᠯᠠᠭ ᠡᠳᠦᠷ ᠤᠨ | ᠦᠳᠡ ᠳᠤ ᠰᠠᠷᠠᠪᠴᠢ ᠶᠢᠨ ᠪᠦᠷᠬᠦᠭᠦᠯ ᠢ ᠰᠡᠬᠦᠵᠦ᠂ ᠰᠠᠯᠬᠢ ᠵᠢᠪᠠᠷ ᠨᠡᠪᠲᠡᠷᠡᠭᠦᠯᠦᠨ ᠠᠭᠠᠷ ᠰᠣᠯᠢᠵᠤ᠂ ᠴᠢᠭᠢᠭ ᠤᠨ | ᠬᠡᠮᠵᠢᠶ᠎ᠡ ᠶᠢ ᠪᠠᠭᠤᠷᠠᠭᠤᠯᠤᠨ᠎ᠠ᠃ ᠤᠷᠭᠤᠮᠠᠯ ᠤᠨ ᠳᠠᠯᠠᠩ ᠢ ᠪᠢᠲᠡᠭᠦᠮᠵᠢᠯᠡᠬᠦ ᠠᠴᠠ ᠡᠮᠦᠨ᠎ᠡ ᠂ ᠴᠡᠪᠡᠷ ᠤᠰᠤᠨ ᠤ | ᠢᠯᠭᠠᠳᠠᠰᠤ ᠶᠢ 2 ~ 3 ᠤᠳᠠᠭ᠎ᠠ ᠰᠠᠴᠤᠨ ᠤᠰᠤᠯᠠᠵᠤ ᠂ ᠳᠠᠯᠠᠩ ᠢ ᠪᠢᠲᠡᠭᠦᠮᠵᠢᠯᠡᠭᠰᠡᠨ ᠤ ᠳᠠᠷᠠᠭ᠎ᠠ ᠰᠢᠭᠡᠰᠦᠨ | ᠡᠳ᠋ ᠢ ᠨᠢᠭᠡ ᠤᠳᠠᠭ᠎ᠠ ᠤᠰᠤᠯᠠᠨ᠎ᠠ ᠃ | |