2022 ᠣᠨ ᠤ ᠲᠠᠷᠢᠶᠠᠯᠠᠩ ᠮᠠᠯ ᠠᠵᠤ ᠠᠬᠤᠢ ᠶᠢᠨ ᠰᠢᠷᠢᠰ ᠳᠡᠭᠡᠳᠦ ᠵᠡᠷᠭᠡ ᠶᠢᠨ ᠮᠡᠷᠭᠡᠵᠢᠯ ᠤᠨ ᠴᠣᠯᠠ ᠶᠢᠨ ᠬᠢᠨᠠᠨ ᠲᠣᠭᠲᠠᠭᠠᠯᠲᠠ ᠳᠤ ᠬᠢᠷᠢ ᠲᠡᠩᠴᠡᠭᠰᠡᠨ ᠬᠦᠮᠦᠰ ᠤᠨ ᠨᠡᠷᠡᠰ ᠤᠨ ᠲᠤᠬᠠᠢ ᠢᠯᠡ ᠨᠡᠶᠢᠲᠡᠯᠡᠯ
ᠨᠡᠶᠢᠲᠡᠯᠡᠭᠰᠡᠨ ᠴᠠᠭ᠄
2022/12/23
      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠲᠢᠩᠬᠢᠮ ᠤᠨ ︽2022 ᠣᠨ ᠤ ᠪᠥᠬᠦ ᠣᠷᠣᠨ ᠤ ᠮᠡᠷᠭᠡᠵᠢᠯ ᠤᠨ ᠴᠣᠯᠠ ᠬᠢᠨᠠᠨ ᠲᠣᠭᠲᠠᠭᠠᠬᠤ ᠠᠵᠢᠯ ᠢ ᠰᠠᠶᠢᠲᠤᠷ ᠬᠢᠬᠦ ᠲᠤᠬᠠᠢ ᠮᠡᠳᠡᠭᠳᠡᠯ︾ ︵ᠥᠪᠥᠷ ᠬᠥᠮᠥᠨ ᠨᠡᠶᠢᠭᠡᠮ ᠠᠯᠪᠠᠨ ᠲᠠᠷᠬᠠᠭᠠᠭᠰᠠᠨ ﹇2022﹈ 63 ᠳ᠋ᠤᠭᠠᠷ ᠲᠣᠭᠠᠲᠤ︶᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠲᠤᠰᠬᠠᠢ ᠮᠡᠷᠭᠡᠵᠢᠯᠲᠡᠨ ᠤ ᠮᠡᠷᠭᠡᠵᠢᠯ ᠤᠨ ᠴᠣᠯᠠ ᠬᠢᠨᠠᠨ ᠲᠣᠭᠲᠠᠭᠠᠬᠤ ᠨᠥᠬᠦᠴᠡᠯ︾ ︵ᠥᠪᠥᠷ ᠬᠥᠮᠥᠨ ᠨᠡᠶᠢᠭᠡᠮ ᠲᠠᠷᠬᠠᠭᠠᠭᠰᠠᠨ ﹇2022﹈ 1 ᠳ᠋ᠤᠭᠡᠷ ᠲᠣᠭᠠᠲᠤ︶ ᠵᠡᠷᠭᠡ ᠶᠢ ᠳᠠᠷᠤᠮᠠᠯᠯᠠᠨ ᠶᠠᠪᠤᠭᠤᠯᠬᠤ ᠲᠤᠬᠠᠢ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ ᠶᠢ ᠦᠨᠳᠦᠰᠦᠯᠡᠨ᠂ 2022 ᠣᠨ ᠳᠤ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠰᠢᠷᠢᠰ ᠮᠡᠷᠭᠡᠵᠢᠯ ᠤᠨ ᠴᠣᠯᠠ ᠬᠢᠨᠠᠨ ᠲᠣᠭᠲᠠᠭᠠᠬᠤ ᠠᠵᠢᠯ ᠢ ᠨᠢᠭᠡᠨᠲᠡ ᠳᠠᠭᠤᠰᠬᠠᠪᠠ᠃  ᠡᠳᠦᠭᠡ ᠬᠢᠷᠢ ᠲᠡᠩᠴᠡᠭᠰᠡᠨ ᠬᠥᠮᠥᠰ ᠤᠨ ᠨᠡᠷᠡᠰ ᠢ ᠢᠯᠡ ᠨᠡᠶᠢᠲᠡᠯᠡᠪᠡ ᠂ ᠢᠯᠡ ᠨᠡᠶᠢᠲᠡᠯᠡᠬᠦ ᠬᠤᠭᠤᠴᠠᠭ᠎ᠠ ᠨᠢ 2022 ᠣᠨ ᠤ 12 ᠰᠠᠷ᠎ᠠ ᠶᠢᠨ 23 ᠤ ᠡᠳᠦᠷ ᠠᠴᠠ 2022 ᠣᠨ ᠤ 12 ᠰᠠᠷ᠎ᠠ ᠶᠢᠨ 29 ᠤ ᠡᠳᠦᠷ ᠪᠣᠯᠲᠠᠯ᠎ᠠ ᠃      ᠢᠯᠡ ᠨᠡᠶᠢᠲᠡᠯᠡᠬᠦ ᠬᠤᠭᠤᠴᠠᠭᠠᠨ ᠳᠤ᠂ ᠬᠢᠨᠠᠨ ᠲᠣᠭᠲᠠᠭᠠᠯᠲᠠ ᠳᠤ ᠬᠢᠷᠢ ᠲᠡᠩᠴᠡᠭᠰᠡᠨ ᠬᠥᠮᠥᠰ ᠲᠤ ᠮᠠᠳᠠᠭ ᠲᠠᠢ ᠪᠠᠶᠢᠪᠠᠯ᠂ ᠤᠲᠠᠰᠤ᠂ ᠵᠠᠬᠢᠳᠠᠯ᠂ ᠰᠤᠷᠪᠤᠯᠵᠢᠯᠠᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠰᠢᠷᠢᠰ ᠳᠡᠭᠡᠳᠦ ᠵᠡᠷᠭᠡ ᠶᠢᠨ ᠲᠤᠰᠬᠠᠢ ᠮᠡᠷᠭᠡᠵᠢᠯ ᠤᠨ ᠬᠢᠷᠢ ᠬᠡᠮ ᠤᠨ ᠬᠢᠨᠠᠨ ᠲᠣᠭᠲᠠᠭᠠᠬᠤ ᠺᠣᠮᠢᠰ ᠲᠤ ᠠᠰᠠᠭᠤᠳᠠᠯ ᠢ ᠳᠤᠰᠬᠠᠭᠠᠷᠠᠢ ᠃ ᠠᠰᠠᠭᠤᠳᠠᠯ ᠢ ᠲᠤᠰᠬᠠᠬᠤ ᠳᠤ ᠪᠠᠨ ᠦᠨᠡᠨ ᠪᠣᠳᠠᠲᠠᠢ ᠭᠡᠷᠡᠴᠢ ᠪᠠᠷᠢᠮᠲᠠ ᠪᠠᠶᠢᠬᠤ ᠬᠡᠷᠡᠭᠲᠡᠢ ᠪᠥᠭᠡᠳ ᠪᠢᠴᠢᠭ ᠤᠨ ᠮᠠᠲ᠋ᠧᠷᠢᠶᠠᠯ ᠂ ᠦᠨᠡᠨ ᠪᠣᠳᠠᠲᠠᠢ ᠣᠪᠣᠭ ᠨᠡᠷ᠎ᠡ ᠂ ᠬᠠᠷᠢᠯᠴᠠᠬᠤ ᠤᠲᠠᠰᠤ ᠶᠢ ᠳᠠᠭᠠᠯᠳᠤᠭᠤᠯᠬᠤ ᠬᠡᠷᠡᠭᠲᠡᠢ ᠃ ᠢᠯᠡ ᠨᠡᠶᠢᠲᠡᠯᠡᠭᠰᠡᠨ ᠬᠤᠪᠢ ᠬᠥᠮᠥᠨ ᠤ ᠮᠡᠳᠡᠭᠡ ᠵᠠᠩᠭᠢ ᠳᠤ ᠬᠡᠷᠪᠡ ᠪᠤᠷᠤᠭᠤ ᠲᠠᠢ ᠪᠣᠯ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠳᠡᠭᠡᠳᠦ ᠵᠡᠷᠭᠡ ᠶᠢᠨ ᠲᠤᠰᠬᠠᠢ ᠮᠡᠷᠭᠡᠵᠢᠯ ᠤᠨ ᠬᠢᠷᠢ ᠬᠡᠮ ᠢ ᠬᠢᠨᠠᠨ ᠲᠣᠭᠲᠠᠭᠠᠬᠤ ᠺᠣᠮᠢᠰ ᠲᠠᠢ ᠬᠠᠷᠢᠯᠴᠠᠵᠤ ᠵᠠᠰᠠᠪᠤᠷᠢ ᠣᠷᠤᠭᠤᠯᠵᠤ ᠪᠣᠯᠤᠨ᠎ᠠ ᠃      ᠬᠠᠷᠢᠯᠴᠠᠬᠤ ᠬᠠᠶ᠋ᠢᠭ᠄ ᠬᠥᠬᠡᠬᠤᠲᠠ ᠶᠢᠨ ᠤᠯᠠᠭᠠᠨᠴᠠᠪ ᠤᠨ ᠵᠡᠭᠦᠨ ᠵᠡᠭᠡᠯᠢ ᠶᠢᠨ 70 ᠳ᠋ᠤᠭᠠᠷ ᠨᠣᠮᠧᠷ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ ︵ᠰᠢᠤᠳᠠᠨ ᠳ᠋ᠤᠭᠠᠷ᠄ 010011︶      ᠬᠠᠷᠢᠯᠴᠠᠬᠤ ᠤᠲᠠᠰᠤ ᠄ 0471-3957658      ᠢᠮᠧᠯ ᠄ nmyzcps@163.com      ᠲᠠᠶᠢᠯᠪᠤᠷᠢ᠄ ᠬᠢᠵᠢᠭ ᠤᠨ ᠰᠢᠯᠲᠠᠭᠠᠨ ᠠᠴᠠ ᠪᠣᠯᠵᠤ᠂ ᠬᠡᠷᠪᠡ ᠤᠲᠠᠰᠤ ᠶᠢ ᠳᠤᠰᠤᠭᠰᠠᠨ ᠬᠥᠮᠥᠨ ᠦᠭᠡᠢ ᠪᠣᠯ᠂ ᠲᠤᠰᠬᠠᠭᠰᠠᠨ ᠠᠰᠠᠭᠤᠳᠠᠯ ᠢᠶᠠᠨ ᠪᠢᠴᠢᠭ ᠤᠨ ᠬᠡᠯᠪᠡᠷᠢ ᠪᠠᠷ ᠳᠡᠭᠡᠷ᠎ᠡ ᠳᠤᠷᠠᠳᠤᠭᠰᠠᠨ ᠲᠣᠭᠲᠠᠭᠰᠠᠨ ᠢᠮᠧᠯ ᠳᠦ ᠢᠯᠡᠭᠡᠭᠡᠷᠡᠢ᠂ ᠪᠢᠳᠡ ᠲᠡᠷᠡ ᠳᠠᠷᠤᠢ ᠳᠤ  ᠨᠢ ᠲᠠᠨ ᠳᠤ ᠬᠠᠷᠢᠭᠤ ᠦᠭᠭᠦᠨ᠎ᠡ ᠃       ᠳᠠᠭᠠᠯᠳᠤᠭᠤᠯᠤᠯ᠄ 2022 ᠣᠨ ᠤ ᠲᠠᠷᠢᠶᠠᠯᠠᠩ ᠮᠠᠯ ᠠᠵᠤ ᠠᠬᠤᠢ ᠶᠢᠨ ᠰᠢᠷᠢᠰ ᠮᠡᠷᠭᠡᠵᠢᠯ ᠤᠨ ᠴᠣᠯᠠ ᠶᠢᠨ ᠬᠢᠨᠠᠨ ᠲᠣᠭᠲᠠᠭᠠᠯᠲᠠ ᠳᠤ ᠬᠢᠷᠢ ᠲᠡᠩᠴᠡᠭᠰᠡᠨ ᠬᠦᠮᠦᠰ ᠢ ᠢᠯᠡ ᠨᠡᠶᠢᠲᠡᠯᠡᠬᠦ ᠨᠡᠷᠡᠰ ᠤᠨ ᠪᠦᠷᠢᠳᠬᠡᠯ                        ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ                        ᠮᠠᠯ ᠠᠵᠤ ᠠᠬᠤᠢ ᠶᠢᠨ ᠰᠢᠷᠢᠰ ᠳᠡᠭᠡᠳᠦ ᠵᠡᠷᠭᠡ ᠶᠢᠨ                        ᠲᠤᠰᠬᠠᠢ ᠮᠡᠷᠭᠡᠵᠢᠯ ᠤᠨ ᠬᠢᠷᠢ ᠭᠡᠮ ᠤᠨ ᠬᠢᠨᠠᠨ ᠲᠣᠭᠲᠠᠭᠠᠬᠤ ᠺᠣᠮᠢᠰ                            2022 ᠣᠨ ᠤ 12 ᠰᠠᠷ᠎ᠠ ᠶᠢᠨ 22 ᠤᠨ ᠡᠳᠦᠷ 
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号