ᠦᠨᠳᠡᠭᠡᠨ ᠲᠠᠬᠢᠶᠠᠨ ᠤ ᠡᠪᠦᠯ ᠤᠨ ᠤᠯᠠᠷᠢᠯ ᠤᠨ ᠠᠷᠠᠴᠢᠯᠠᠯᠲᠠ ᠬᠠᠮᠢᠶᠠᠷᠤᠯᠲᠠ
ᠨᠡᠶᠢᠲᠡᠯᠡᠭᠰᠡᠨ ᠴᠠᠭ᠄
2022/5/6
      ᠲᠠᠬᠢᠶᠠᠨ ᠰᠠᠷᠠᠪᠴᠢ ᠶᠢᠨ ᠪᠠᠭ᠎ᠠ ᠠᠭᠤᠷ ᠠᠮᠢᠰᠬᠤᠯ ᠨᠢ ᠦᠨᠳᠡᠭᠡᠨ ᠲᠠᠬᠢᠶᠠᠨ ᠤ ᠡᠷᠡᠭᠦᠯ ᠮᠡᠨᠳᠦ ᠪᠠ ᠦᠢᠯᠡᠳᠪᠦᠷᠢᠯᠡᠯ ᠤᠨ ᠬᠦᠴᠦᠨ ᠳᠤ ᠮᠠᠰᠢ ᠶᠡᠭᠡ ᠨᠥᠯᠥᠭᠡ  ᠲᠠᠢ ᠶᠤᠮ᠂ ᠢᠯᠠᠩᠭᠤᠶ᠎ᠠ ᠡᠪᠦᠯ ᠤᠨ ᠤᠯᠠᠷᠢᠯ ᠳᠤ ᠪᠠᠭ᠎ᠠ ᠠᠭᠤᠷ ᠠᠮᠢᠰᠬᠤᠯ ᠤᠨ ᠰᠠᠶᠢᠨ ᠨᠥᠬᠦᠴᠡᠯ ᠢ ᠰᠠᠶᠢᠵᠢᠷᠠᠭᠤᠯᠤᠨ ᠪᠦᠷᠢᠯᠳᠦᠭᠦᠯᠵᠦ᠂ ᠦᠨᠳᠡᠭᠡᠨ ᠲᠠᠬᠢᠶᠠᠨ ᠤ ᠡᠷᠡᠭᠦᠯ ᠮᠡᠨᠳᠦ ᠶᠢ ᠪᠠᠲᠤᠯᠠᠨ᠂ ᠡᠪᠡᠳᠴᠢᠨ ᠡᠮᠭᠡᠭ ᠢ  ᠨᠢ ᠤᠷᠢᠳᠴᠢᠯᠠᠨ ᠰᠡᠷᠭᠡᠶᠢᠯᠡᠵᠦ᠂ ᠦᠢᠯᠡᠳᠪᠦᠷᠢᠯᠡᠯ ᠤᠨ ᠴᠢᠳᠠᠪᠤᠷᠢ ᠶᠢ  ᠨᠢ ᠬᠠᠮᠤᠭ ᠶᠡᠭᠡ ᠬᠡᠮᠵᠢᠶ᠎ᠡ ᠪᠠᠷ ᠳᠡᠭᠡᠭᠰᠢᠯᠡᠭᠦᠯᠬᠦ ᠬᠡᠷᠡᠭᠲᠡᠢ᠃      1. ᠳᠤᠯᠠᠭᠠᠨ ᠤ ᠬᠡᠮᠵᠢᠶ᠎ᠡ ᠄ ᠦᠨᠳᠡᠭᠡᠨ ᠲᠠᠬᠢᠶᠠᠨ ᠤ ᠰᠠᠷᠠᠪᠴᠢ ᠶᠢᠨ ᠲᠣᠬᠢᠷᠠᠮᠵᠢᠲᠠᠢ ᠳᠤᠯᠠᠭᠠᠨ ᠤ ᠬᠡᠮᠵᠢᠶ᠎ᠡ  ᠨᠢ 13℃ ~ 23℃ ᠪᠠᠶᠢᠵᠤ ᠂ ᠬᠠᠮᠤᠭ ᠲᠣᠬᠢᠷᠠᠮᠵᠢᠲᠠᠢ ᠳᠤᠯᠠᠭᠠᠨ ᠤ ᠬᠡᠮᠵᠢᠶ᠎ᠡ ᠨᠢ 16℃ ~ 20℃ ᠪᠤᠯᠤᠨ᠎ᠠ᠂ ᠰᠠᠷᠠᠪᠴᠢ ᠶᠢᠨ ᠣᠶᠢᠷᠠᠯᠴᠠᠭ᠎ᠠ ᠪᠠ ᠭᠠᠵᠠᠷ ᠤᠨ ᠭᠠᠳᠠᠷᠭᠤ ᠶᠢᠨ ᠣᠶᠢᠷᠠᠯᠴᠠᠭ᠎ᠠ ᠶᠢᠨ ᠳᠤᠯᠠᠭᠠᠨ ᠤ ᠵᠥᠷᠢᠶ᠎ᠡ ᠨᠢ 2.5℃ ~ 3.0℃ ᠠᠴᠠ ᠬᠡᠲᠦᠷᠡᠵᠦ ᠪᠣᠯᠬᠤ ᠦᠭᠡᠢ ᠂ ᠬᠡᠷᠡᠮ ᠤᠨ ᠣᠶᠢᠷᠠᠯᠴᠠᠭ᠎ᠠ ᠪᠠ ᠲᠠᠬᠢᠶᠠᠨ ᠰᠠᠷᠠᠪᠴᠢ ᠶᠢᠨ ᠭᠤᠣᠯ ᠲᠥᠪ ᠤᠨ ᠳᠤᠯᠠᠭᠠᠨ ᠤ ᠵᠥᠷᠢᠶ᠎ᠡ ᠨᠢ 3℃ ᠠᠴᠠ ᠬᠡᠲᠦᠷᠡᠵᠦ ᠪᠣᠯᠬᠤ ᠦᠭᠡᠢ ᠃      2. ᠴᠢᠭᠢᠭ ᠤᠨ ᠬᠡᠮᠵᠢᠶ᠎ᠡ᠄ ᠲᠠᠬᠢᠶᠠᠨ ᠰᠠᠷᠠᠪᠴᠢ ᠶᠢᠨ ᠳᠣᠯᠠᠭᠠᠨ ᠤ ᠬᠡᠮᠵᠢᠶ᠎ᠡ ᠶᠢ ᠱᠠᠭᠠᠷᠳᠠᠯᠭ᠎ᠠ ᠳᠤ ᠨᠡᠶᠢᠴᠡᠭᠦᠯᠦᠭᠰᠡᠨ ᠤᠷᠢᠲᠠᠯ ᠳᠣᠣᠷ᠎ᠠ ᠂ ᠲᠠᠬᠢᠶᠠᠨ ᠰᠠᠷᠠᠪᠴᠢ ᠶᠢᠨ ᠳᠣᠲᠣᠷᠠᠬᠢ ᠬᠠᠷᠢᠴᠠᠩᠭᠤᠢ ᠴᠢᠭᠢᠭ ᠤᠨ ᠬᠡᠮᠵᠢᠶ᠎ᠡ ᠶᠢ 50% ~ 60% ᠪᠠᠶᠢᠯᠭᠠᠬᠤ ᠶᠢ ᠪᠠᠲᠤᠯᠠᠬᠤ ᠬᠡᠷᠡᠭᠲᠡᠢ᠃ ᠴᠢᠳᠠᠬᠤ ᠶᠢᠨ ᠬᠢᠷᠢ ᠪᠠᠷ ᠰᠠᠷᠠᠪᠴᠢ ᠳᠠᠬᠢ ᠤᠰᠤ ᠬᠡᠷᠡᠭᠯᠡᠬᠦ ᠬᠡᠮᠵᠢᠶ᠎ᠡ ᠶᠢ ᠪᠠᠭᠠᠰᠬᠠᠬᠤ ᠬᠡᠷᠡᠭᠲᠡᠢ᠃ ᠲᠠᠬᠢᠶᠠᠨ ᠰᠠᠷᠠᠪᠴᠢ ᠶᠢᠨ ᠳᠤᠯᠠᠭᠠᠨ ᠤ ᠬᠡᠮᠵᠢᠶ᠎ᠡ ᠶᠢ ᠪᠠᠲᠤᠯᠠᠬᠤ ᠶᠢ ᠴᠢᠩᠭᠠᠳᠬᠠᠵᠤ ᠂ ᠲᠠᠬᠢᠶᠠᠨ ᠰᠠᠷᠠᠪᠴᠢ ᠶᠢᠨ ᠳᠤᠯᠠᠭᠠᠨ ᠤ ᠬᠡᠮᠵᠢᠶ᠎ᠡ ᠶᠢ ᠲᠡᠭ ᠠᠴᠠ ᠳᠣᠷᠣᠭᠰᠢ ᠪᠣᠯᠭᠠᠵᠤ ᠪᠣᠯᠬᠤ ᠦᠭᠡᠢ ᠂ ᠤᠰᠤᠨ ᠠᠭᠤᠷ ᠤᠨ ᠴᠠᠷᠴᠠᠬᠤ ᠶᠢ ᠰᠡᠷᠭᠡᠶᠢᠯᠡᠬᠦ ᠬᠡᠷᠡᠭᠲᠡᠢ᠃ ᠭᠠᠵᠠᠷ ᠳᠡᠭᠡᠷ᠎ᠡ ᠬᠠᠭᠤᠷᠠᠢ ᠡᠪᠡᠰᠦ ᠳᠡᠪᠢᠰᠬᠦ ᠶᠢᠨ ᠬᠠᠮᠲᠤ ᠴᠠᠭ ᠲᠤᠬᠠᠢ ᠳᠤ ᠨᠢ ᠨᠡᠷᠡᠨ ᠳᠤ ᠡᠭᠡᠭᠡᠨ᠎ᠡ᠃ ᠰᠠᠷᠠᠪᠴᠢᠨ ᠳᠣᠲᠣᠷᠠᠬᠢ ᠪᠠᠭᠠᠰᠤ ᠰᠢᠭᠡᠰᠦ ᠲᠠᠢ ᠪᠣᠬᠢᠷ ᠤᠰᠤ ᠶᠢ ᠴᠠᠭ ᠲᠤᠬᠠᠢ ᠳᠤ ᠨᠢ ᠴᠡᠪᠡᠷᠯᠡᠨ ᠠᠷᠢᠯᠭᠠᠨ᠎ᠠ ᠃ ᠰᠠᠯᠬᠢ ᠨᠡᠪᠲᠡᠷᠡᠭᠦᠯᠬᠦ ᠰᠢᠰᠲ᠋ᠧᠮ ᠤᠨ ᠰᠠᠶᠢᠨ ᠪᠠᠶᠢᠬᠤ ᠶᠢ ᠪᠠᠲᠤᠯᠠᠵᠤ᠂ ᠢᠯᠡᠭᠦᠴᠡ ᠤᠰᠤᠨ ᠠᠭᠤᠷ ᠢ ᠴᠠᠭ ᠲᠤᠬᠠᠢ ᠳᠤ ᠨᠢ ᠭᠠᠳᠠᠭᠰᠢᠯᠠᠭᠤᠯᠤᠨ᠎ᠠ᠃      3. ᠡᠪᠦᠯ ᠤᠨ ᠤᠯᠠᠷᠢᠯ ᠤᠨ ᠨᠡᠷᠡᠨ ᠤ ᠲᠤᠰᠤᠯᠲᠠ ᠶᠢᠨ ᠴᠠᠭ ᠨᠢ ᠣᠬᠤᠷ᠂ ᠨᠡᠷᠡᠨ ᠤ ᠰᠠᠴᠤᠷᠠᠯᠲᠠ ᠶᠢᠨ ᠬᠦᠴᠦᠯᠡᠴᠡ ᠨᠢ ᠪᠠᠭ᠎ᠠ ᠲᠤᠯᠠ ᠬᠥᠮᠥᠨ ᠤ ᠬᠦᠴᠦ ᠪᠠᠷ ᠨᠡᠷᠡᠨ ᠤ ᠲᠤᠰᠤᠯᠲᠠ ᠶᠢ ᠨᠥᠬᠦᠪᠦᠷᠢᠯᠡᠵᠦ᠂ ᠥᠨᠳᠡᠭᠡᠯᠡᠬᠦ ᠬᠡᠮᠵᠢᠶ᠎ᠡ ᠶᠢ ᠨᠢ ᠳᠡᠭᠡᠭᠰᠢᠯᠡᠭᠦᠯᠬᠦ ᠬᠡᠷᠡᠭᠲᠡᠢ ᠃ ᠲᠠᠬᠢᠶ᠎ᠠ ᠥᠨᠳᠡᠭᠡᠯᠡᠬᠦ ᠳᠤ ᠣᠷᠳᠣ ᠬᠤᠭᠤᠴᠠᠭᠠᠨ ᠤ ᠨᠡᠷᠡᠨ ᠤ ᠲᠤᠰᠤᠯᠲᠠ ᠶᠢ ᠬᠡᠷᠡᠭᠰᠡᠨ᠎ᠡ᠂ ᠡᠶᠢᠮᠦ ᠠᠴᠠ 19 ᠭᠠᠷᠠᠭ ᠤᠨ ᠨᠠᠰᠤᠨ  ᠠᠴᠠ ᠡᠬᠢᠯᠡᠨ ᠡᠳᠦᠷ ᠪᠦᠷᠢ 10 ᠴᠠᠭ  ᠭᠡᠷᠡᠯ ᠬᠦᠷᠳᠡᠭᠡᠵᠦ ᠂ ᠳᠠᠷᠠᠭ᠎ᠠ ᠨᠢ ᠭᠠᠷᠠᠭ ᠪᠦᠷᠢ ᠬᠠᠭᠠᠰ ᠴᠠᠭ ᠨᠡᠮᠡᠭᠳᠡᠭᠦᠯᠦᠨ ᠂ 31 ᠭᠠᠷᠠᠭ ᠤᠨ ᠨᠠᠰᠤ ᠪᠣᠯᠬᠤ ᠳᠤ 16 ᠴᠠᠭ ᠲᠤ ᠬᠦᠷᠦᠭᠦᠯᠵᠦ ᠂ ᠡᠭᠦᠨ ᠠᠴᠠ ᠰᠡᠭᠦᠯᠡᠷ ᠬᠡᠪ ᠤᠨ ᠪᠠᠶᠢᠳᠠᠯ ᠢᠶᠠᠨ ᠬᠠᠳᠠᠭᠠᠯᠠᠨ᠎ᠠ᠃ ᠭᠡᠷᠡᠯ ᠬᠡᠲᠦᠷᠬᠡᠢ ᠰᠤᠯᠠᠬᠠᠨ ᠪᠣᠯ ᠥᠨᠳᠡᠭᠡᠯᠡᠬᠦ ᠳᠤ ᠰᠡᠳᠦᠯᠲᠡ ᠥᠭᠬᠦ ᠦᠷ᠎ᠡ ᠳ᠋ᠦᠩ ᠢᠶᠠᠷ ᠠᠨᠠᠢ ᠂ ᠭᠡᠷᠡᠯ ᠬᠡᠲᠦᠷᠬᠡᠢ ᠬᠤᠷᠴᠠ ᠪᠣᠯ ᠴᠠᠬᠢᠯᠭᠠᠨ ᠢ ᠰᠦᠢᠳᠬᠡᠵᠦ ᠂ ᠵᠠᠷᠤᠯᠭ᠎ᠠ ᠶᠢ ᠨᠡᠮᠡᠭᠳᠡᠭᠦᠯᠬᠦ ᠪᠠᠷ ᠪᠠᠷᠠᠬᠤ ᠦᠭᠡᠢ ᠪᠠᠰᠠ ᠲᠠᠬᠢᠶᠠᠨ ᠤ ᠲᠣᠩᠰᠢᠬᠤ ᠰᠢᠨᠤᠯ ᠢ ᠠᠮᠠᠷᠬᠠᠨ ᠡᠭᠦᠰᠬᠡᠵᠦ ᠂ ᠲᠡᠵᠢᠭᠡᠯ ᠪᠣᠷᠳᠣᠭᠠᠨ ᠤ ᠠᠰᠢᠭᠯᠠᠮᠵᠢ ᠶᠢ ᠳᠤᠷᠤᠭᠰᠢᠯᠠᠭᠤᠯᠤᠨ᠎ᠠ ᠂ ᠭᠡᠷᠡᠯ ᠤᠨ ᠲᠤᠰᠤᠯᠲᠠ ᠶᠢ ᠭᠡᠨᠡᠳᠲᠡ ᠪᠠᠷ ᠨᠡᠮᠡᠭᠳᠡᠭᠦᠯᠪᠡᠯ ᠲᠠᠬᠢᠶ᠎ᠠ ᠶᠢᠨ ᠦᠷᠡᠵᠢᠯ ᠤᠨ ᠬᠥᠨᠳᠡᠢ  ᠨᠢ ᠠᠮᠠᠷᠬᠠᠨ ᠭᠠᠳᠠᠭᠰᠢ ᠤᠷᠪᠠᠭ᠋ᠤ   ᠦᠵᠡᠭᠳᠡᠯ ᠡᠭᠦᠰᠭᠡᠳᠡᠭ᠃ ᠲᠠᠬᠢᠶᠠᠨ ᠤ ᠰᠠᠷᠠᠪᠴᠢ ᠶᠢᠨ ᠡᠮᠦᠨ᠎ᠡ ᠬᠤᠶᠢᠨ᠎ᠠ 3 ᠮᠧᠲᠷ ᠪᠦᠷᠢ ᠳᠤ ᠨᠢᠭᠡ 60W ᠶᠢᠨ ᠴᠠᠶᠢᠮ᠎ᠠ ᠤᠯᠠᠶᠢᠰᠳᠠᠭ ᠳ᠋ᠧᠩ ᠤᠨ ᠫᠣᠤᠽᠢ ᠲᠠᠯᠪᠢᠵᠤ᠂ ᠳ᠋ᠧᠩ ᠢ 2.1 ᠮᠧᠲᠷ ᠦᠨᠳᠦᠷ ᠲᠤ ᠡᠯᠭᠦᠨ᠎ᠡ᠂ ᠪᠠᠰᠠ ᠳ᠋ᠧᠩ ᠤᠨ ᠰᠢᠬᠦᠷ ᠲᠠᠭᠠᠭᠠᠷᠠᠭᠤᠯᠬᠤ ᠬᠡᠷᠡᠭᠲᠡᠢ ᠃ ᠳ᠋ᠧᠩ ᠤᠨ ᠫᠣᠣᠰᠠ ᠶᠢ ᠦᠷᠭᠦᠯᠵᠢ ᠵᠦᠯᠭᠦᠵᠦ ᠴᠡᠪᠡᠷᠬᠡᠨ ᠪᠠᠶᠢᠯᠭᠠᠬᠤ ᠶᠢ ᠪᠠᠲᠤᠯᠠᠵᠤ᠂ ᠳ᠋ᠧᠩ ᠤᠨ ᠫᠣᠣᠰᠠ ᠶᠢ ᠵᠥᠭᠡᠯᠡᠨ ᠤᠲᠠᠰᠤ ᠪᠠᠷ ᠳᠡᠭᠦᠵᠢᠯᠡᠵᠦ ᠪᠣᠯᠬᠤ ᠦᠭᠡᠢ ᠂ ᠰᠠᠯᠬᠢᠨ ᠳᠤ  ᠰᠠᠵᠢᠯᠠᠨ ᠲᠠᠬᠢᠶ᠎ᠠ ᠶᠢ ᠰᠣᠴᠢᠭᠠᠬᠤ ᠠᠴᠠ ᠰᠡᠷᠭᠡᠶᠢᠯᠡᠬᠦ ᠬᠡᠷᠡᠭᠲᠡᠢ᠃ ᠲᠣᠬᠢᠷᠠᠭᠤᠯᠵᠤ ᠪᠣᠯᠬᠤ ᠬᠦᠴᠦᠳᠡᠯ ᠥᠭᠡᠷᠡᠴᠢᠯᠡᠭᠴᠢ ᠶᠢ ᠳᠠᠭᠠᠭᠠᠷᠠᠭᠤᠯᠵᠤ᠂ ᠴᠠᠬᠢᠯᠭᠠᠨ ᠳ᠋ᠧᠩ ᠢ ᠠᠰᠠᠭᠠᠬᠤ ᠪᠤᠶᠤ ᠤᠨᠲᠠᠷᠠᠭᠠᠬᠤ ᠦᠶ᠎ᠡ ᠳᠤ ᠠᠭᠠᠵᠢᠮ ᠢᠶᠠᠷ ᠭᠡᠷᠡᠯᠳᠦᠵᠦ ᠠᠭᠠᠵᠢᠮ ᠢᠶᠠᠷ ᠪᠦᠳᠡᠭᠢᠷᠡᠬᠦ ᠶᠠᠪᠤᠴᠠ ᠲᠠᠢ ᠪᠣᠯᠭᠠᠨ᠎ᠠ ᠂ ᠪᠠᠰᠠ ᠴᠠᠭ ᠲᠤᠬᠢᠷᠠᠭᠤᠯᠬᠤ ᠨᠡᠭᠡᠭᠡᠯᠭᠡ ᠶᠢ ᠤᠭᠰᠠᠷᠠᠵᠤ ᠂ ᠦᠷᠯᠦᠭᠡ ᠠᠰᠠᠭᠠᠵᠤ ᠦᠳᠡᠰᠢ ᠤᠨᠲᠠᠷᠠᠠᠬᠤ ᠴᠠᠭ ᠢ ᠰᠠᠶᠢᠲᠤᠷ ᠲᠣᠬᠢᠷᠠᠭᠤᠯᠵᠤ ᠠᠦ᠋ᠲ᠋ᠣ᠋ ᠡᠵᠡᠮᠰᠢᠨ ᠂ ᠬᠠᠮᠢᠶᠠᠷᠤᠯᠲᠠ ᠶᠢ ᠨᠡᠩ ᠳᠦᠭᠦᠮ ᠪᠣᠯᠭᠠᠵᠤ ᠪᠣᠯᠣᠨ᠎ᠠ᠃      ᠮᠡᠳᠡᠭᠡ ᠵᠠᠩᠭᠢ ᠶᠢᠨ ᠢᠷᠡᠯᠲᠡ᠄ ᠦᠬᠠᠢ ᠬᠤᠲᠠ 
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号