ᠮᠡᠭᠡᠵᠢ ᠶᠢᠨ ᠮᠢᠬ᠎ᠠ ᠶᠢ ᠬᠡᠷᠬᠢᠨ ᠢᠯᠭᠠᠨ ᠲᠠᠨᠢᠬᠤ ᠪᠤᠢ
ᠨᠡᠶᠢᠲᠡᠯᠡᠭᠰᠡᠨ ᠴᠠᠭ᠄
2022/8/9
      1.ᠠᠷᠠᠰᠤ ᠶᠢ  ᠨᠢ ᠦᠵᠡᠬᠦ ᠄ ᠮᠡᠭᠡᠵᠢ ᠶᠢᠨ ᠮᠢᠬ᠎ᠠ ᠶᠢᠨ ᠠᠷᠠᠰᠤ ᠨᠢ ᠵᠤᠵᠠᠭᠠᠨ ᠂ ᠦᠰᠦᠨ ᠰᠦᠪᠡ ᠨᠢ ᠡᠩ ᠤᠨ ᠭᠠᠭ᠋ᠠᠢ ᠶᠢᠨ ᠬᠢ ᠠᠴᠠ ᠶᠡᠭᠡ ᠂ ᠰᠢᠯᠪᠢ ᠶᠢᠨ ᠬᠡᠰᠡᠭ ᠤᠨ ᠠᠷᠠᠰᠤᠨ ᠤ ᠠᠲᠤᠷᠢᠶ᠎ᠠ ᠨᠢ ᠴᠤ ᠢᠯᠡᠷᠬᠡᠢ ᠪᠠᠶᠢᠳᠠᠭ ᠃      2.ᠮᠢᠬ᠎ᠠ ᠶᠢ  ᠨᠢ ᠦᠵᠡᠬᠦ ᠄ ᠡᠩ ᠤᠨ ᠭᠠᠭ᠋ᠠᠢ ᠶᠢᠨ ᠮᠢᠬ᠎ᠠ ᠨᠢ ᠶᠠᠭᠠᠨ ᠥᠩᠭᠡᠲᠡᠢ ᠪᠠᠶᠢᠵᠤ᠂ ᠮᠡᠭᠡᠵᠢ ᠶᠢᠨ ᠮᠢᠬ᠎ᠠ ᠨᠢ ᠭᠦᠨ ᠤᠯᠠᠭᠠᠨ ᠪᠤᠶᠤ ᠰᠢᠷ᠎ᠠ ᠥᠩᠭᠡᠲᠡᠢ ᠪᠠᠶᠢᠳᠠᠭ᠃ ᠡᠭᠦᠨ ᠠᠴᠠ ᠭᠠᠳᠠᠨ᠎ᠠ ᠮᠡᠭᠡᠵᠢ  ᠶᠢᠨ ᠮᠢᠬ᠎ᠠ ᠶᠢᠨ ᠬᠠᠷᠢᠮᠠᠬᠠᠢ ᠴᠢᠨᠠᠷ ᠨᠢ ᠠᠨᠠᠢ᠂ ᠪᠤᠯᠴᠢᠩ ᠤᠨ ᠵᠢᠷᠤᠭᠠᠰᠤ ᠨᠢ ᠨᠡᠯᠢᠶᠡᠳ ᠪᠦᠳᠦᠭᠦᠨ ᠪᠠᠶᠢᠳᠠᠭ᠃      3. ᠦᠭᠡᠬᠦ ᠶᠢ  ᠨᠢ ᠦᠵᠡᠬᠦ ᠄ ᠮᠡᠭᠡᠵᠢ ᠶᠢᠨ ᠥᠭᠡᠬᠦᠨ ᠨᠡᠬᠡᠳᠡᠰᠦ ᠨᠢ ᠰᠢᠷ᠎ᠠ ᠥᠩᠭᠡᠲᠡᠢ ᠂ ᠡᠬᠡᠭᠦᠨ ᠮᠥᠷᠲᠡᠭᠡᠨ ᠪᠤᠯᠴᠢᠩ ᠮᠢᠬ᠎ᠠ ᠠᠴᠠ ᠪᠠᠨ ᠰᠠᠯᠳᠠᠭ ᠂ ᠲᠠᠷᠭᠤᠨ ᠭᠠᠭ᠋ᠠᠢ ᠶᠢᠨ ᠮᠢᠬᠠᠨ ᠤ ᠥᠭᠡᠬᠦ ᠨᠢ ᠨᠢᠭᠲᠠ ᠮᠥᠷᠲᠡᠭᠡᠨ ᠵᠥᠭᠡᠯᠡᠨ ᠨᠢᠷᠠᠢ᠂ ᠴᠠᠭᠠᠨ ᠥᠩᠭᠡ ᠲᠠᠢ ᠪᠠᠶᠢᠳᠠᠭ ᠃      4. ᠶᠠᠰᠤ ᠶᠢ  ᠨᠢ ᠦᠵᠡᠬᠦ ᠄ ᠮᠡᠭᠡᠵᠢ ᠶᠢᠨ ᠬᠠᠪᠢᠷᠭᠠᠨ ᠶᠠᠰᠤᠨ ᠤ ᠮᠤᠷᠤᠶᠢᠯᠲᠠ ᠶᠢᠨ ᠬᠡᠮᠵᠢᠶ᠎ᠡ  ᠨᠢ ᠶᠡᠭᠡ ᠂ ᠨᠢᠷᠤᠭᠤᠨ ᠤ ᠰᠢᠷᠪᠦᠰᠦ  ᠨᠢ ᠬᠦᠳᠦᠭᠡᠷ ᠪᠠᠶᠢᠳᠠᠭ᠃      5. ᠴᠢᠮᠦᠭᠡ ᠶᠢ  ᠨᠢ ᠦᠵᠡᠬᠦ ᠄ ᠮᠡᠭᠡᠵᠢ ᠶᠢᠨ ᠴᠢᠮᠦᠭᠡ ᠨᠢ ᠤᠯᠠᠭᠠᠨ ᠥᠩᠭᠡᠲᠡᠢ ᠪᠥᠭᠡᠳ ᠰᠢᠷ᠎ᠠ ᠥᠩᠭᠡᠲᠡᠢ ᠲᠣᠰᠣᠯᠢᠭ ᠰᠢᠩᠭᠡᠨ ᠪᠡᠶᠡᠲᠦ ᠭᠠᠳᠠᠭᠰᠢ ᠨᠡᠪᠴᠢᠳᠡᠭ ᠃       ᠮᠡᠳᠡᠭᠡ ᠵᠠᠩᠭᠢ ᠶᠢᠨ ᠢᠷᠡᠯᠲᠡ᠄ ᠸᠠᠩ ᠰᠢᠶᠣᠣ ᠹᠧᠩ    
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号