ᠲᠠᠷᠢᠮᠠᠯ ᠤᠨ ᠪᠦᠳᠦᠴᠡ ᠶᠢᠨ ᠳᠣᠬᠢᠷᠠᠭᠤᠯᠣᠯᠳᠠ ᠠᠴᠠ ᠠᠰᠢᠭ ᠬᠦᠷᠳᠡᠭᠰᠡᠨ ᠬᠠᠰᠪᠠᠳᠣ
ᠨᠡᠶᠢᠲᠡᠯᠡᠭᠰᠡᠨ ᠴᠠᠭ᠄
2022/9/28
      ᠭᠤᠤᠨ ᠵᠢᠮᠢᠰ ᠪᠣᠯᠪᠠᠰᠣᠷᠠᠬᠰᠠᠨ ᠠᠯᠳᠠᠨ ᠰᠢᠷᠭᠠᠯ ᠨᠠᠮᠣᠷ ᠢᠶᠠᠷ᠂ ᠰᠣᠷᠪᠣᠯᠵᠢᠯᠠᠬᠴᠢ ᠦᠦᠰᠢᠨ ᠬᠤᠰᠢᠭᠤᠨ ᠤ ᠰᠦᠯᠳᠡ ᠰᠣᠮᠤ ᠶᠢᠨ ᠴᠣᠣᠳᠠᠢ ᠭᠠᠴᠠᠭᠠᠨ ᠤ ᠲᠠᠷᠢᠶᠠᠴᠢᠨ ᠬᠠᠰᠪᠠᠳᠣ ᠶᠢᠨ ᠬᠢᠨ ᠳᠤ ᠬᠥᠷᠬᠦ ᠳᠤ᠂ ᠲᠡᠷᠡ ᠶᠠᠭ ᠲᠠᠷᠢᠶᠠᠨ ᠭᠠᠵᠠᠷ ᠲᠠᠭᠠᠨ ᠪᠣᠯᠪᠠᠰᠣᠷᠠᠬᠰᠠᠨ ᠴᠢᠨᠵᠣᠣ ᠪᠠ ᠯᠠᠵᠣᠣ ᠬᠤᠷᠢᠶᠠᠭᠠᠳ ᠶᠠᠭᠠᠷᠠᠵᠣ ᠪᠠᠶᠢᠯ᠎ᠠ ᠃ ︽ᠪᠢ ᠲᠣᠰ ᠡᠳᠣᠷ ᠤᠨ ᠬᠤᠷᠢᠶᠠᠭᠰᠠᠨ ᠴᠢᠨᠵᠣᠣ ᠪᠠ ᠯᠠᠵᠣᠣ ᠪᠠᠨ ᠲᠠᠷᠠᠭ᠎ᠠ ᠦᠷᠯᠦᠬᠡᠭᠦᠷ ᠨᠢ ᠣᠲᠤᠭ ᠤᠨ ᠡᠮᠣᠨᠡᠳᠣ ᠬᠤᠰᠢᠭᠤᠨ ᠤ ᠪᠣᠷᠤᠪᠠᠯᠭᠠᠰᠤᠨ ᠳᠤ ᠠᠪᠠᠴᠢᠵᠣ ᠪᠣᠷᠣᠯᠠᠭᠤᠯᠵᠣ ᠪᠠᠶᠢᠨ᠎ᠠ ᠃ ᠥᠷᠯᠥᠬᠡ ᠡᠷᠳᠡ ᠰᠢᠭ ᠶᠠᠪᠣᠪᠠᠯ ᠡᠳᠣᠷ  ᠲᠤ ᠬᠤᠶᠠᠷ ᠣᠳᠠᠭ᠎ᠠ ᠬᠦᠷᠬᠡᠴᠢᠭᠡᠨ᠎ᠡ᠃ ᠨᠢᠬᠡ ᠣᠳᠠᠭ᠎ᠠ ᠳᠤ ᠮᠢᠩᠭ᠎ᠠ ᠭᠠᠷᠣᠢ ᠵᠢᠩ ᠬᠦᠷᠬᠡᠵᠣ᠂ 1000 ᠳᠥᠬᠦᠷᠢᠭ ᠣᠯᠵᠣ ᠪᠠᠶᠢᠨ᠎ᠠ ︾ ᠬᠡᠵᠣ ᠬᠠᠰᠪᠠᠳᠣ ᠪᠠᠶᠠᠷᠳᠡᠢ ᠶᠠᠷᠢᠨ᠎ᠠ᠃      ᠬᠠᠰᠪᠠᠳᠣ ᠶᠢᠨ ᠬᠢᠨ 150 ᠮᠥ ᠲᠠᠷᠢᠶᠠᠨ ᠭᠠᠵᠠᠷ ᠲᠠᠭᠠᠨ ᠣᠣᠯ ᠳᠠᠭᠠᠨ ᠴᠦᠮ ᠡᠷᠳᠡᠨᠢ ᠰᠢᠰᠢ ᠲᠠᠷᠢᠵᠣ ᠪᠠᠶᠢᠵᠠᠢ ᠃ ᠦᠢᠷ᠎ᠠ ᠶᠢᠨ ᠵᠢᠯ  ᠳᠤ ᠂ ᠣᠯᠣᠰ ᠤᠨ ᠲᠠᠷᠢᠶᠠᠯᠠᠩ ᠤᠨ ᠲᠦᠷᠦ ᠶᠢᠨ ᠪᠣᠳᠣᠯᠭ᠎ᠠ ᠶᠢᠨ ᠵᠢᠯᠣᠭᠤᠳᠣᠯᠭ᠎ᠠ ᠪᠠᠷ ᠬᠠᠰᠪᠠᠳᠣ ᠦᠪᠡᠷ ᠤᠨ ᠪᠣᠳᠠᠳᠣ ᠪᠠᠶᠢᠳᠠᠯ ᠢᠶᠠᠨ ᠦᠨᠳᠣᠰᠣᠯᠡᠨ᠂ ᠠᠵᠣ ᠠᠬᠤᠢ ᠶᠢᠨ ᠲᠠᠷᠢᠮᠠᠯ ᠲᠠᠷᠢᠬᠤ ᠶᠢ ᠰᠡᠳᠣᠵᠣ᠂ ᠡᠨᠡ ᠵᠢᠯ ᠲᠤᠰᠬᠠᠶᠢᠯᠠᠨ 12 ᠮᠥ ᠴᠢᠨᠵᠣᠣ᠂ ᠯᠠᠵᠤᠤ ᠲᠤᠷᠰᠢᠨ ᠲᠠᠷᠢᠵᠠᠢ᠃ ᠢᠳᠡᠰᠢᠨ ᠨᠣᠭᠤᠭ᠎ᠠ ᠶᠢᠨ ᠦᠨ᠎ᠡ ᠬᠠᠩᠰᠢ ᠨᠢ ᠣᠯᠠᠷᠢᠯ ᠤᠨ ᠴᠢᠨᠠᠷ ᠢᠶᠠᠷ ᠴᠢᠩᠭ᠎ᠠ ᠪᠠᠶᠢᠳᠠᠭ ᠪᠣᠯᠬᠤᠷ᠂ ᠣᠳᠤᠬᠠᠨ ᠤ ᠦᠨ᠎ᠡ ᠨᠢ ᠣᠣᠯ ᠤᠨ ᠬᠢ  ᠲᠠᠢ ᠬᠠᠷᠢᠴᠠᠭᠤᠯᠪᠠᠯ ᠲᠡᠶᠢᠮᠦ ᠦᠨᠳᠣᠷ ᠪᠢᠰᠢ ᠪᠣᠯᠪᠠᠴᠣ ᠴᠢᠨᠵᠣᠣ ᠪᠠ ᠯᠠᠵᠤᠤ ᠶᠢᠨ ᠡᠨᠡ ᠬᠤᠶᠠᠷ ᠡᠳᠣᠷ ᠤᠨ ᠦᠷᠳᠡᠭ ᠢᠶᠠᠷ ᠪᠣᠯ ᠵᠢᠩ ᠪᠦᠷᠢ ᠳᠤ 0.9 ᠲᠦᠬᠦᠷᠢᠭ ᠬᠥᠷᠴᠥ ᠪᠣᠢ᠃      ᠣᠷᠣᠯᠭ᠎ᠠ ᠶᠢᠨ ᠰᠢᠭᠤᠳ ᠰᠢᠯᠤᠭᠤᠨ ᠨᠡᠮᠡᠭᠳᠡᠯ ᠨᠢ ᠬᠠᠰᠪᠠᠳᠣ ᠶᠢᠨ ᠲᠠᠷᠢᠮᠠᠯ ᠤᠨ ᠦᠢᠯᠡᠰ ᠲᠡᠭᠡᠨ ᠳᠣᠬᠢᠷᠠᠭᠤᠯᠣᠯᠳᠠ ᠬᠢᠬᠦ ᠳᠤ ᠨᠠᠩ ᠶᠡᠭᠡ ᠵᠣᠷᠢᠭᠵᠢᠭᠤᠯᠤᠯ ᠪᠣᠯᠵᠣ᠂ ᠳᠠᠷᠠᠭᠠᠴᠢ ᠶᠢᠨ ᠲᠠᠷᠢᠶᠠᠯᠠᠩ ᠤᠨ ᠦᠢᠯᠡᠰ ᠤᠨ ᠬᠦᠭᠵᠢᠯᠲᠡ ᠳᠡᠭᠡᠨ ᠨᠠᠩ ᠲᠣᠳᠣᠷᠬᠠᠢ ᠬᠠᠷᠠᠯᠲᠠ  ᠲᠠᠢ ᠪᠣᠯᠤᠭᠰᠠᠨ ᠪᠠᠶᠢᠨ᠎ᠠ ᠃ ︽ᠡᠷᠳᠡᠨᠢ ᠰᠢᠰᠢ ᠲᠠᠷᠢᠬᠤ ᠪᠠ ᠨᠣᠭᠤᠭ᠎ᠠ ᠲᠠᠷᠢᠬᠤ ᠶᠢᠨ ᠣᠷᠣᠯᠭ᠎ᠠ ᠶᠢᠨ ᠵᠦᠷᠢᠶ᠎ᠡ ᠮᠠᠰᠢ ᠶᠡᠭᠡ᠂ ᠬᠠᠮᠤᠭ ᠤᠨ ᠰᠠᠶᠢᠨ ᠲᠠᠷᠢᠶᠠᠨ ᠭᠠᠵᠠᠷ ᠠᠴᠠ ᠪᠣᠯ ᠮᠦ ᠪᠦᠷᠢ ᠠᠴᠠ 2000 ᠵᠢᠩ ᠡᠷᠳᠡᠨᠢ ᠰᠢᠰᠢ ᠬᠤᠷᠢᠶᠠᠨ᠎ᠠ᠃ ᠨᠢᠳᠤᠨᠤᠨ ᠤ ᠦᠷᠳᠡᠭ ᠢᠶᠠᠷ ᠪᠣᠯ ᠨᠢᠬᠡ ᠵᠢᠩ ᠨᠢ ᠨᠢᠬᠡ ᠲᠦᠬᠦᠷᠢᠭ ᠦᠩᠬᠡᠷᠡᠵᠣ ᠪᠠᠶᠢᠭᠰᠠᠨ ᠃ ᠢᠩᠬᠢᠪᠠᠯ ᠨᠢᠬᠡ ᠮᠥ ᠭᠠᠵᠠᠷ ᠠᠴᠠ 2000 ᠭᠠᠷᠣᠢ ᠳᠥᠬᠦᠷᠢᠭ ᠣᠯᠣᠨ᠎ᠠ᠃ ᠬᠤᠪᠢ ᠪᠠᠷ ᠢᠶᠠᠨ ᠲᠤᠷᠰᠢᠵᠤ ᠲᠠᠷᠢᠭᠠᠳ ᠠᠮᠵᠢᠯᠳᠠ ᠣᠯᠣᠬᠰᠠᠨ ᠪᠣᠯᠬᠤᠷ᠂ ᠬᠠᠵᠠᠭᠤ ᠬᠠᠪᠢ ᠶᠢᠨ ᠮᠠᠯᠴᠢᠨ ᠲᠠᠷᠢᠶᠠᠴᠢᠨ ᠢᠶᠠᠨ ᠳᠠᠶᠢᠴᠢᠯᠠᠭᠠᠳ ᠲᠠᠶᠠᠭᠠᠷ ᠢᠶᠠᠨ ᠡᠶᠢᠮᠦ ᠦᠨᠳᠣᠷ ᠭᠠᠷᠤᠯᠲᠠ  ᠲᠠᠢ᠂ ᠦᠨᠳᠣᠷ ᠣᠷᠣᠯᠭ᠎ᠠ  ᠲᠠᠢ᠂ ᠴᠢᠨᠵᠣᠣ ᠪᠠ ᠯᠠᠵᠤᠤ ᠵᠡᠷᠭᠡ ᠶᠢ ᠲᠠᠷᠢᠭᠠᠳ ᠬᠠᠮᠳᠣ ᠪᠠᠷ ᠪᠠᠶᠠᠵᠢᠬᠤ ᠪᠠᠷ ᠴᠢᠷᠮᠠᠶᠢᠵᠤ ᠪᠠᠶᠢᠨ᠎ᠠ ︾ ᠬᠡᠵᠣ ᠭᠡᠯᠡᠵᠤ  ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号