1.ᠢᠴᠡᠭᠡᠯ ᠦᠷ᠎ᠡ ᠶᠢ ᠭᠡᠰᠬᠡᠬᠦ᠃ ᠠᠶᠠᠨᠳᠠᠭᠠᠨ ᠭᠡᠰᠬᠡᠬᠦ᠂ ᠭᠠᠷ ᠢᠶᠠᠷ ᠬᠠᠯᠠᠭᠤᠯᠬᠤ ᠪᠠ ᠪᠦᠯᠢᠶᠡᠨ ᠤᠰᠤ ᠪᠠᠷ | ᠭᠡᠰᠬᠡᠵᠦ ᠪᠤᠯᠤᠨ᠎ᠠ᠂ ᠡᠭᠦᠨ ᠳᠤ ᠪᠦᠯᠢᠶᠡᠨ ᠤᠰᠤ ᠪᠠᠷ ᠭᠡᠰᠬᠡᠬᠦ ᠨᠢ ᠬᠠᠮᠤᠭ ᠤᠨ ᠰᠠᠶᠢᠨ᠂ ᠮᠢᠺᠷᠣᠰᠺᠣᠫ ᠤᠨ | ᠪᠠᠶᠢᠴᠠᠭᠠᠯᠲᠠ ᠶᠢᠨ ᠠᠮᠢᠵᠢᠷᠠᠯ ᠤᠨ ᠬᠦᠴᠦᠨ ᠨᠢ 0.35 ᠬᠦᠷᠪᠡᠯ ᠰᠠᠶ᠋ᠢ ᠬᠡᠷᠡᠭᠯᠡᠵᠦ ᠪᠣᠯᠣᠨ᠎ᠠ᠃ | 2.ᠦᠷ᠎ᠡ ᠶᠢᠨ ᠰᠢᠩᠭᠡᠨ ᠢ ᠫᠤᠤ ᠳᠤ ᠰᠠᠪᠠᠯᠠᠬᠤ᠃ ᠭᠡᠰᠬᠡᠭᠰᠡᠨ ᠤ ᠳᠠᠷᠠᠭᠠᠬᠢ ᠬᠥᠯᠳᠡᠭᠦᠦ ᠦᠷ᠎ᠡ ᠶᠢᠨ | ᠬᠤᠭᠤᠯᠠᠢ ᠶᠢ ᠠᠯᠴᠢᠭᠤᠷ ᠢᠶᠠᠷ ᠵᠦᠯᠭᠦᠵᠦ ᠬᠠᠲᠠᠭᠠᠨ᠎ᠠ᠂ ᠬᠠᠶᠢᠴᠢ ᠪᠠᠷ ᠠᠮᠠᠰᠠᠷ ᠤᠨ ᠬᠡᠰᠡᠭ ᠢ ᠬᠠᠶᠢᠴᠢᠯᠠᠵᠤ | ᠬᠠᠶᠠᠨ᠎ᠠ᠂ ᠦᠷ᠎ᠡ ᠳᠠᠮᠵᠢᠭᠤᠯᠬᠤ ᠲᠦᠯᠬᠢᠭᠦᠷ ᠤᠨ ᠡᠰᠢ ᠶᠢ 10cm ᠲᠠᠲᠠᠵᠤ ᠠᠪᠴᠢᠷᠠᠨ᠂ ᠨᠠᠷᠢᠨ | ᠬᠤᠭᠤᠯᠠᠢ ᠶᠢᠨ ᠬᠥᠪᠥᠩ ᠪᠥᠭᠯᠡᠭᠡᠰᠦ ᠶᠢᠨ ᠬᠡᠰᠡᠭ ᠢ ᠦᠷ᠎ᠡ ᠳᠠᠮᠵᠢᠭᠤᠯᠬᠤ ᠲᠦᠯᠬᠢᠭᠦᠷ ᠤᠨ ᠡᠰᠢ ᠳᠤ 0 .5cm | ᠭᠦᠨ ᠬᠠᠳᠬᠤᠵᠤ᠂ ᠭᠠᠳᠠᠷ ᠤᠭᠯᠠᠭᠤᠷᠭ᠎ᠠ ᠶᠢᠨ ᠬᠤᠭᠤᠯᠠᠢ ᠶᠢ ᠤᠭᠯᠠᠨᠠ᠃ | 3.ᠭᠠᠷ ᠢᠶᠠᠷ ᠦᠷ᠎ᠡ ᠳᠠᠮᠵᠢᠭᠤᠯᠬᠤ᠃ ᠰᠢᠯᠤᠭᠤᠨ ᠭᠡᠳᠡᠰᠦ ᠪᠠᠷ ᠦᠷ᠎ᠡ ᠳᠠᠮᠵᠢᠭᠤᠯᠬᠤ ᠠᠷᠭ᠎ᠠ ᠶᠢ ᠦᠷᠭᠦᠯᠵᠢ | ᠬᠡᠷᠡᠭᠯᠡᠨ᠎ᠡ᠃ ᠡᠬᠡ ᠮᠠᠯ ᠢᠶᠠᠨ ᠤᠶᠠᠵᠦ ᠲᠤᠭᠳᠠᠭᠠᠭᠰᠠᠨ ᠤ ᠳᠠᠷᠠᠭ᠎ᠠ ᠰᠡᠭᠦᠯ ᠢ ᠨᠢ ᠨᠠᠷᠢᠨ ᠳᠡᠭᠡᠰᠦ ᠪᠠᠷ ᠤᠶᠠᠵᠤ | ᠨᠢᠭᠡ ᠲᠠᠯ᠎ᠠ ᠤᠷᠤᠭᠤ ᠨᠢ ᠴᠢᠩᠭᠠᠭᠠᠭᠠᠳ ᠡᠬᠡ ᠮᠠᠯ ᠤᠨ ᠢᠶᠠᠨ ᠭᠠᠳᠠᠷ ᠪᠡᠯᠭᠡ ᠶᠢᠨ ᠬᠡᠰᠡᠭ ᠢ ᠤᠬᠢᠶᠠᠵᠤ | ᠠᠷᠢᠭᠤᠳᠬᠠᠭᠠᠳ ᠠᠷᠴᠢᠵᠤ ᠬᠠᠲᠠᠭᠠᠨ᠎ᠠ᠃ ᠬᠡᠭᠡᠯᠲᠦᠭᠦᠯᠦᠭᠴᠢ ᠭᠠᠷ ᠳᠡᠭᠡᠷ᠎ᠡ ᠪᠠᠨ ᠭᠤᠯᠭᠤᠷᠢᠭᠤᠯᠤᠭᠴᠢ ᠲᠦᠷᠬᠢᠨ᠎ᠡ᠃ | ᠲᠠᠪᠤᠨ ᠬᠤᠷᠤᠭᠤ ᠪᠠᠨ ᠨᠡᠶᠢᠯᠡᠭᠦᠯᠵᠦ᠂ ᠱᠣᠷᠣᠯᠵᠢᠨ ᠬᠡᠯᠪᠡᠷᠢ ᠲᠠᠢ ᠴᠢᠮᠬᠢᠨ᠎ᠡ᠂ ᠠᠭᠠᠵᠢᠮ ᠢᠶᠠᠷ ᠰᠢᠯᠤᠭᠤᠨ | ᠭᠡᠳᠡᠰᠦᠨ ᠳᠤ ᠤᠷᠤᠭᠤᠯᠵᠤ ᠬᠤᠨᠤᠭ ᠤᠨ ᠪᠠᠭᠠᠰᠤ ᠶᠢ ᠭᠠᠳᠠᠭᠰᠢᠯᠠᠭᠤᠯᠤᠨ᠂ ᠠᠭᠠᠷᠴᠠᠭ ᠤᠨ ᠬᠥᠨᠳᠡᠢ ᠶᠢᠨ | ᠢᠷᠤᠭᠠᠷ ᠤᠨ ᠡᠮᠦᠨ᠎ᠡ ᠬᠤᠶᠢᠨ᠎ᠠ᠂ ᠵᠡᠭᠦᠨᠰᠢ ᠪᠠᠷᠠᠭᠤᠨᠰᠢ ᠬᠡᠦᠬᠡᠨ ᠬᠡᠪᠲᠡᠰᠢ ᠶᠢᠨ ᠬᠦᠵᠦᠭᠦᠦ ᠶᠢ ᠬᠠᠶᠢᠵᠤ᠂ ᠭᠤᠯᠳᠤ | ᠴᠢᠭᠯᠡᠯ ᠢᠶᠠᠷ ᠪᠡᠯᠭᠡ ᠶᠢᠨ ᠡᠷᠬᠡᠲᠡᠨ ᠢ ᠳᠠᠷᠤᠵᠤ᠂ ᠤᠮᠠᠢ ᠶᠢᠨ ᠡᠭᠦᠳᠡ ᠶᠢ ᠨᠡᠭᠡᠭᠡᠨ᠎ᠡ᠂ ᠨᠥᠭᠦᠭᠡ ᠭᠠᠷ ᠢᠶᠠᠷ ᠢᠶᠠᠨ | ᠦᠷ᠎ᠡ ᠶᠢᠨ ᠫᠤᠤ ᠶᠢ ᠤᠮᠠᠢ ᠶᠢᠨ ᠡᠭᠦᠳᠡᠨ ᠳᠤ ᠬᠠᠳᠬᠤᠨ᠎ᠠ᠂ ᠤᠷᠢᠳ ᠢᠶᠠᠷ ᠵᠢᠰᠢᠭᠦᠦ ᠳᠡᠭᠡᠷ᠎ᠡ ᠡᠮᠦᠨᠡᠰᠢ | 10 — 15cm ᠬᠠᠳᠬᠤᠵᠤ᠂ ᠰᠢᠭᠡᠰᠦᠨ ᠵᠠᠮ ᠤᠨ ᠠᠮᠠᠰᠠᠷ ᠢ ᠳᠠᠪᠠᠵᠤ᠂ ᠳᠠᠬᠢᠨ ᠲᠡᠭᠰᠢ ᠬᠠᠳᠬᠤᠭᠠᠳ | ᠰᠢᠭᠤᠳ ᠬᠡᠦᠬᠡᠨ ᠬᠡᠪᠲᠡᠰᠢ ᠶᠢᠨ ᠬᠦᠵᠦᠭᠦᠨ ᠳᠤ ᠬᠦᠷᠦᠨ᠎ᠡ᠂ ᠬᠡᠲᠦ ᠡᠮᠦᠨᠡᠰᠢ ᠪᠠᠨ ᠠᠳᠬᠤᠪᠠᠯ ᠲᠣᠬᠢᠷᠠᠮᠵᠢ ᠦᠭᠡᠢ᠃ | ᠦᠷ᠎ᠡ ᠳᠠᠮᠵᠢᠭᠤᠯᠬᠤ ᠫᠤᠤ ᠨᠢ ᠬᠡᠦᠬᠡᠨ ᠬᠡᠪᠲᠡᠰᠢ ᠶᠢᠨ ᠬᠦᠵᠦᠭᠦᠦ ᠪᠤᠶᠤ ᠬᠡᠦᠬᠡᠨ ᠬᠡᠪᠲᠡᠰᠢ ᠶᠢᠨ ᠪᠡᠶ᠎ᠡ ᠳᠤ ᠬᠦᠷᠴᠦ᠂ | ᠦᠷ᠎ᠡ ᠳᠠᠮᠵᠢᠭᠤᠯᠤᠭᠰᠠᠨ ᠤ ᠳᠠᠷᠠᠭ᠎ᠠ ᠠᠯᠭᠤᠷ ᠠᠭᠠᠵᠢᠮ ᠢᠶᠠᠷ ᠦᠷ᠎ᠡ ᠳᠠᠮᠵᠢᠭᠤᠯᠬᠤ ᠫᠤᠤ ᠪᠠᠨ ᠭᠠᠷᠭᠠᠵᠤ᠂ ᠦᠷ᠎ᠡ | ᠳᠠᠮᠵᠢᠭᠤᠯᠬᠤ ᠠᠵᠢᠯ ᠳᠠᠭᠤᠰᠤᠨ᠎ᠠ᠃ |