2023 ᠣᠨ ᠤ ᠥᠪᠡᠷᠲᠡᠭᠡᠨ ᠵᠠᠰᠠᠬᠤ ᠣᠷᠣᠨ ᠤ ᠲᠦᠷᠦᠭᠦᠸ ᠭᠤᠷᠪᠠᠨ ᠤᠯᠠᠷᠢᠯ ᠤᠨ ᠪᠥᠬᠦ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠠᠵᠢᠯᠯᠠᠭᠠᠨ ᠤ ᠪᠠᠶᠢᠳᠠᠯ
ᠨᠡᠶᠢᠲᠡᠯᠡᠭᠰᠡᠨ ᠴᠠᠭ᠄
2023/11/1
      2023 ᠣᠨ ᠤ ᠲᠦᠷᠦᠭᠦᠸ ᠭᠤᠷᠪᠠᠨ ᠤᠯᠠᠷᠢᠯ ᠳᠤ᠂ ᠪᠥᠬᠦ ᠣᠷᠣᠨ ᠤ ᠲᠠᠷᠢᠶᠠᠯᠠᠩ ᠣᠶ ᠰᠢᠭᠤᠢ ᠮᠠᠯ ᠠᠵᠤ ᠠᠬᠤᠢ ᠵᠢᠭᠠᠰᠤᠨ ᠤ ᠠᠵᠤ ᠦᠢᠯᠡᠰ ᠤᠨ ᠨᠡᠮᠡᠭᠳᠡᠯ ᠥᠷᠲᠡᠭ ᠲᠡᠭᠡᠷ᠎ᠡ ᠵᠢᠯ ᠤᠨ ᠠᠳᠠᠯᠢ ᠬᠤᠭᠤᠴᠠᠭᠠᠨ ᠤ ᠬᠢ ᠠᠴᠠ 7.4% ᠨᠡᠮᠡᠭᠳᠡᠵᠦ᠂ 2.9 ᠵᠠᠭᠤᠨ ᠤ ᠨᠢᠭᠡᠴᠢ ᠳᠡᠭᠡᠭᠰᠢᠯᠡᠵᠡᠢ᠃ ᠠᠮᠤ ᠪᠤᠳᠠᠭᠠᠨ ᠤ ᠦᠢᠯᠡᠳᠪᠦᠷᠢᠯᠡᠯ ᠤᠨ ᠪᠠᠶᠢᠳᠠᠯ ᠨᠡᠯᠢᠶᠡᠳ ᠰᠠᠶᠢᠨ ᠪᠠᠶᠢᠵᠤ᠂ ᠨᠠᠮᠤᠷ ᠤᠨ ᠬᠤᠷᠢᠶᠠᠯᠲᠠ ᠶᠢᠨ ᠠᠵᠢᠯ ᠡᠮᠬᠢ ᠵᠢᠷᠤᠮ ᠲᠠᠢ ᠪᠠᠷ ᠠᠬᠢᠵᠤ᠂ ᠪᠦᠬᠦ ᠵᠢᠯ ᠳᠤ ᠡᠯᠪᠡᠭ ᠬᠤᠷᠢᠶᠠᠯᠲᠠ ᠣᠯᠬᠤ ᠡᠷᠡᠮᠡᠯᠵᠡᠯ ᠲᠠᠢ ᠪᠠᠶᠢᠨ᠎ᠠ᠃ ᠮᠠᠯ ᠠᠵᠤ ᠠᠬᠤᠢ ᠶᠢᠨ ᠦᠢᠯᠡᠳᠪᠦᠷᠢᠯᠡᠯ ᠲᠣᠭᠲᠠᠭᠤᠨ ᠢᠶᠠᠷ ᠨᠡᠮᠡᠭᠳᠡᠵᠦ᠂ ᠭᠤᠷᠪᠠᠳᠤᠭᠠᠷ ᠤᠯᠠᠷᠢᠯ ᠤᠨ ᠰᠡᠭᠦᠯᠴᠢ ᠪᠠᠷ᠂ ᠪᠦᠬᠦ ᠣᠷᠣᠨ ᠤ ᠲᠡᠵᠢᠭᠡᠵᠦ ᠪᠠᠶᠢᠭ᠎ᠠ ᠭᠠᠭ᠋ᠠᠢ 598.4 ᠲᠦᠮᠡ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 2.2% ᠢᠶᠠᠷ ᠨᠡᠮᠡᠭᠳᠡᠪᠡ︔ ᠦᠬᠡᠷ ᠤᠨ ᠲᠤᠭ᠎ᠠ920.4 ᠲᠦᠮᠡ ᠳᠤ ᠬᠦᠷᠴᠦ᠂ 8.8% ᠪᠠᠷ ᠨᠡᠮᠡᠭᠳᠡᠪᠡ︔ ᠬᠤᠨᠢᠨ ᠤ ᠲᠤᠭ᠎ᠠ 6253.7 ᠲᠦᠮᠡ ᠳᠤ ᠬᠦᠷᠴᠦ᠂ 0.5% ᠪᠠᠷ ᠨᠡᠮᠡᠭᠳᠡᠪᠡ᠃ ᠲᠦᠷᠦᠭᠦᠸ ᠭᠤᠷᠪᠠᠨ ᠤᠯᠠᠷᠢᠯ ᠳᠤ᠂ ᠪᠥᠬᠦ ᠣᠷᠣᠨ ᠤ ᠭᠠᠭ᠋ᠠᠢ ᠦᠬᠡᠷ ᠬᠤᠨᠢ ᠵᠢᠭᠦᠷᠲᠡᠨ ᠤ ᠮᠢᠬᠠᠨ ᠤ ᠭᠠᠷᠤᠯᠲᠠ 190.0 ᠲᠦᠮᠡᠨ ᠲᠣᠨ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 6.2% ᠨᠡᠮᠡᠭᠳᠡᠪᠡ᠃ ᠡᠭᠦᠨ ᠳᠤ ᠦᠬᠡᠷ ᠤᠨ ᠮᠢᠬ᠎ᠠ᠂ ᠬᠤᠨᠢᠨ ᠮᠢᠬ᠎ᠠ ᠲᠤᠰ ᠲᠤᠰ 9.3% ᠪᠠ 11.2% ᠢᠶᠠᠷ ᠨᠡᠮᠡᠭᠳᠡᠪᠡ᠃ ᠦᠨᠢᠶᠡᠨ ᠰᠦ ᠶᠢᠨ ᠭᠠᠷᠤᠯᠲᠠ 461.3 ᠲᠦᠮᠡᠨ ᠲᠣᠨ ᠳᠤ ᠬᠦᠷᠴᠦ᠂ 6.8% ᠪᠠᠷ ᠨᠡᠮᠡᠭᠳᠡᠪᠡ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号