ᠣᠶᠢᠷ᠎ᠠ ᠳᠤ᠂ ᠰᠤᠷᠪᠤᠯᠵᠢᠯᠠᠬᠴᠢ ᠯᠢᠶᠡᠩᠴᠧᠩ ᠰᠢᠶᠠᠨ ᠤ ᠵᠠᠰᠠᠭ ᠤᠨ ᠣᠷᠳᠣᠨ ᠤ ᠬᠠᠮᠢᠶ᠎ᠠ ᠪᠦᠬᠦᠢ ᠰᠠᠯᠠᠭ᠎ᠠ | ᠮᠥᠴᠢᠷ ᠠᠴᠠ ᠣᠶᠢᠯᠠᠭᠠᠭᠰᠠᠨ ᠢᠶᠠᠷ᠂ ᠡᠨᠡ ᠵᠢᠯ ᠯᠢᠶᠡᠩᠴᠧᠩ ᠰᠢᠶᠠᠨ 10.86 ᠲᠦᠮᠡᠨ ᠮᠦ ᠰᠢᠰᠢ ᠲᠠᠷᠢᠵᠤ᠂ | ᠤᠨᠠᠯᠲᠠ ᠨᠢ ᠪᠠᠷᠤᠭ 2.59 ᠲᠦᠮᠡᠨ ᠲᠣᠨ ᠳᠤ ᠬᠦᠷᠴᠦ᠂ ᠨᠢᠳᠤᠨᠤᠨ ᠤ ᠬᠢ ᠠᠴᠠ 0.3 ᠲᠦᠮᠡᠨ ᠲᠣᠨ ᠰᠢᠬᠠᠮ | ᠨᠡᠮᠡᠭᠳᠡᠵᠡᠢ᠃ | ᠣᠶᠢᠷ᠎ᠠ ᠳᠤ᠂ ᠯᠢᠶᠡᠩᠴᠧᠩ ᠰᠢᠶᠠᠨ ᠤ ᠬᠤᠩ ᠮᠣᠣ ᠪᠠᠯᠭᠠᠰᠤᠨ ᠤ ᠭᠦᠩ ᠭᠧᠦ ᠶᠠᠨ ᠲᠣᠰᠬᠤᠨ ᠤ ᠮᠧᠩ ᡁᠢ | ᠶᠦᠨ ᠰᠢᠰᠢ ᠬᠤᠳᠠᠯᠳᠤᠨ ᠠᠪᠬᠤ ᠥᠷᠲᠡᠭᠡᠨ ᠳᠤ ᠭᠦᠷ ᠬᠥᠭᠵᠢᠶᠡᠨ ᠢᠶᠠᠷ ᠪᠢᠯᠬᠠᠵᠤ᠂ ᠲᠠᠷᠢᠶᠠᠴᠢᠨ ᠡᠷᠦᠭᠡ | ᠲᠷᠠᠺᠲ᠋ᠣᠷ᠂ ᠪᠠᠷᠠᠭᠠᠨ ᠤ ᠮᠠᠰᠢᠨ ᠢᠶᠠᠷ ᠤᠭᠤᠲᠠᠯᠠᠭᠰᠠᠨ ᠰᠢᠰᠢ ᠪᠠᠨ ᠲᠡᠭᠡᠭᠡᠪᠦᠷᠢᠯᠡᠨ ᠠᠪᠴᠢᠷᠠᠭᠠᠳ᠂ ᠰᠢᠯᠭᠠᠬᠤ᠂ | ᠵᠢᠩᠯᠡᠭᠦ᠂ ᠳ᠋ᠦᠩᠨᠡᠨ ᠪᠤᠳᠤᠬᠤ ᠵᠡᠷᠭᠡ ᠬᠤᠳᠠᠯᠳᠤᠨ ᠠᠪᠬᠤ ᠶᠠᠪᠤᠴᠠ ᠶᠢ ᠥᠩᠭᠡᠷᠡᠭᠡᠵᠦ᠂ ᠰᠢᠰᠢ ᠶᠢ ᠠᠮᠤ ᠪᠤᠳᠠᠭᠠᠨ ᠤ | ᠬᠥᠮᠥᠷᠭᠡ ᠳᠤ ᠬᠥᠮᠥᠷᠭᠡᠯᠡᠨᠡ᠃ ︽ᠮᠠᠨ ᠤ ᠬᠢᠨ ᠡᠨᠡ ᠵᠢᠯ 10 ᠮᠦ ᠰᠢᠰᠢ ᠳᠠᠷᠢᠵᠠᠢ︾᠂ ︽ᠡᠨᠡ ᠵᠢᠯ ᠤᠨ ᠬᠤᠷᠢᠶᠠᠯᠲᠠ | ᠨᠡᠯᠢᠶᠡᠳ ᠰᠠᠶᠢᠨ︾ ᠭᠡᠵᠦ ᠲᠠᠷᠢᠶᠠᠴᠢᠳ ᠮᠥᠷᠯᠡᠵᠦ ᠬᠦᠯᠢᠶᠡᠬᠦ ᠵᠠᠭᠤᠷ᠎ᠠ ᠥᠪᠡᠷ ᠥᠪᠡᠷᠰᠡᠳ ᠤᠨ ᠢᠶᠠᠨ ᠰᠢᠰᠢ ᠶᠢᠨ | ᠬᠤᠷᠢᠶᠠᠯᠲᠠ ᠶᠢᠨ ᠲᠤᠬᠠᠢ ᠵᠣᠭᠤᠭ ᠳᠡᠯᠭᠡᠨ᠂ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠢᠶᠠᠷ ᠪᠢᠯᠬᠠᠨ᠎ᠠ᠃ | ︽ᠣᠳᠣ ᠪᠦᠷ ᠮᠠᠰᠢᠨ ᠢᠶᠠᠷ ᠬᠠᠳᠤᠵᠤ ᠬᠤᠷᠢᠶᠠᠬᠤ ᠪᠣᠯᠤᠭᠰᠠᠨ ᠲᠤᠯᠠ ᠶᠡᠭᠡ ᠲᠦᠭᠦᠮ ᠪᠣᠯᠵᠠᠢ᠃ ᠪᠢ 4 ᠮᠦ | ᠰᠢᠰᠢ ᠲᠠᠷᠢᠵᠤ᠂ 3800 ᠲᠥᠭᠦᠷᠢᠭ ᠬᠤᠳᠠᠯᠳᠤᠵᠠᠢ᠂ ᠣᠷᠣᠯᠭ᠎ᠠ ᠶᠡᠭᠡ ᠵᠦᠭᠡᠷ︾ ᠭᠡᠵᠦ ᠲᠠᠷᠢᠶᠠᠴᠢᠨ ᠯᠢᠦ ᠱᠧᠩ | ᠴᠢᠤᠸᠠᠨ ᠶᠠᠷᠢᠨ᠎ᠠ᠃ | ︽ᠣᠶᠢᠷ᠎ᠠ ᠳᠤ ᠪᠢᠳᠡ ᠡᠳᠦᠷ ᠪᠦᠷᠢ ᠪᠠᠷᠤᠭ 200 ᠭᠠᠷᠤᠢ ᠲᠣᠨ ᠰᠢᠰᠢ ᠬᠤᠳᠠᠯᠳᠤᠨ ᠠᠪᠴᠤ᠂ ᠵᠢᠩ ᠳᠡᠭᠡᠨ | 1.35 ᠲᠥᠭᠦᠷᠢᠭ ᠬᠦᠷᠴᠦ ᠪᠠᠶᠢᠨ᠎ᠠ᠃ ᠲᠦᠷᠭᠡᠨ ᠪᠥᠭᠡᠳ ᠳᠥᠭᠦᠮ ᠬᠤᠳᠠᠯᠳᠤᠨ ᠠᠪᠬᠤ ᠵᠠᠭᠪᠤᠷ | ᠲᠠᠷᠢᠶᠠᠴᠢᠳ ᠤᠨ ᠬᠠᠳᠠᠭᠠᠯᠠᠬᠤ ᠳᠤ ᠬᠦᠴᠢᠷ᠂ ᠪᠣᠷᠣᠯᠠᠭᠤᠯᠬᠤ ᠳᠤ ᠬᠦᠴᠢᠷ ᠠᠰᠠᠭᠤᠳᠠᠯ ᠢ ᠰᠢᠢᠳᠪᠦᠷᠢᠯᠡᠵᠡᠢ︾ ᠭᠡᠵᠦ | ᠮᠧᠩ ᡁᠢ ᠶᠦᠨ ᠰᠢᠰᠢ ᠬᠤᠳᠠᠯᠳᠤᠨ ᠠᠪᠬᠤ ᠥᠷᠲᠡᠭᠡᠨ ᠤ ᠬᠠᠷᠢᠭᠤᠴᠠᠯᠭᠠᠲᠠᠨ ᠭᠧᠩ ᡁᠢ ᠹᠧᠢ ᠲᠠᠨᠢᠯᠴᠠᠭᠤᠯᠵᠤ | ᠪᠠᠶᠢᠯ᠎ᠠ᠃ |