ᠬᠠᠪᠤᠷ ᠤᠨ ᠡᠬᠢ ᠪᠠᠷ ᠠᠭᠠᠷ ᠤᠨ ᠳᠤᠯᠠᠭᠠᠨ ᠨᠡᠯᠢᠶᠡᠳ ᠳᠣᠣᠷ᠎ᠠ ᠪᠠᠶᠢᠵᠤ᠂ ᠪᠠᠺᠲ᠋ᠧᠷᠢ ᠶᠢᠨ ᠬᠥᠳᠡᠯᠭᠡᠭᠡᠨ ᠤ | ᠳᠠᠪᠲᠠᠮᠵᠢ ᠨᠢ ᠬᠡᠳᠦᠶᠢᠪᠡᠷ ᠪᠠᠭᠤᠷᠠᠭᠰᠠᠨ ᠪᠣᠯᠪᠠᠴᠤ ᠵᠣᠬᠢᠬᠤ ᠨᠥᠬᠦᠴᠡᠯ ᠲᠠᠢ ᠲᠣᠬᠢᠶᠠᠯᠳᠤᠪᠠᠯ ᠳᠠᠷᠤᠢ ᠶᠡᠭᠡ | ᠬᠡᠮᠵᠢᠶ᠎ᠡ ᠪᠠᠷ ᠦᠷᠡᠵᠢᠵᠦ᠂ ᠲᠠᠬᠢᠶᠠᠨ ᠰᠦᠷᠦᠭ ᠤᠨ ᠡᠷᠡᠭᠦᠯ ᠮᠡᠨᠳᠦ ᠶᠢ ᠬᠤᠬᠢᠷᠠᠭᠤᠯᠳᠠᠭ᠃ ᠡᠭᠦᠨ ᠤ ᠳᠡᠭᠡᠷ᠎ᠡ | ᠬᠠᠪᠤᠷ ᠤᠨ ᠡᠬᠢᠨ ᠤ ᠠᠭᠤᠷ ᠠᠮᠢᠰᠬᠤᠯ ᠬᠠᠬᠢᠷ ᠬᠦᠢᠲᠡᠨ ᠂ ᠲᠠᠬᠢᠶᠠᠨ ᠤ ᠪᠡᠶ᠎ᠡ ᠶᠢᠨ ᠡᠪᠡᠳᠴᠢᠨ ᠢ ᠡᠰᠡᠷᠭᠦᠴᠡᠬᠦ | ᠴᠢᠳᠠᠪᠤᠷᠢ ᠨᠡᠶᠢᠳᠡᠮ ᠳᠤ ᠪᠠᠨ ᠪᠠᠭᠤᠷᠠᠢ ᠪᠠᠶᠢᠵᠤ ᠂ ᠬᠡᠷᠪᠡ ᠠᠷᠢᠭᠤᠳᠬᠠᠬᠤ ᠠᠵᠢᠯ ᠢ ᠣᠮᠲᠣᠭᠠᠶᠢᠯᠠᠪᠠᠯ ᠂ ᠬᠢᠵᠢᠭ | ᠡᠪᠡᠳᠴᠢᠨ ᠠᠮᠠᠷᠬᠠᠨ ᠡᠭᠦᠰᠬᠦ ᠪᠤᠶᠤ ᠳᠡᠯᠭᠡᠷᠡᠳᠡᠭ ᠃ | ᠶᠡᠷᠦ ᠳᠤ ᠪᠠᠨ ᠬᠠᠪᠤᠷ ᠤᠨ ᠤᠯᠠᠷᠢᠯ ᠳᠤ ᠦᠷᠭᠦᠯᠵᠢ ᠤᠤᠭᠤᠬᠤ ᠤᠰᠤ ᠶᠢ ᠠᠷᠢᠭᠤᠳᠬᠠᠬᠤ ᠠᠷᠭ᠎ᠠ ᠪᠠᠷ | ᠠᠷᠢᠭᠤᠳᠬᠠᠨ᠎ᠠ ᠂ ᠳᠠᠷᠤᠢ ᠤᠤᠭᠤᠬᠤ ᠤᠰᠤᠨ ᠳᠤ ᠬᠠᠷᠢᠴᠠᠯ ᠶᠣᠰᠣᠭᠠᠷ ᠠᠷᠢᠭᠤᠳᠬᠠᠬᠤ ᠡᠮ ᠢ ᠬᠢᠵᠦ ᠂ ᠭᠠᠷᠠᠭ | ᠪᠦᠷᠢ ᠨᠢᠭᠡ ᠤᠳᠠᠭ᠎ᠠ ᠬᠢᠪᠡᠯ ᠪᠣᠯᠴᠢᠬᠠᠨ᠎ᠠ ᠃ ᠲᠠᠬᠢᠶᠠᠨ ᠤ ᠰᠠᠷᠠᠪᠴᠢᠨ ᠳᠣᠲᠣᠷᠠᠬᠢ ᠭᠠᠵᠠᠷ ᠤᠨ ᠭᠠᠳᠠᠷᠭᠤ ᠶᠢ | ᠲᠦᠭᠦᠬᠡᠢ ᠴᠣᠬᠤᠢ ᠂ ᠬᠦᠴᠦᠲᠡᠢ ᠠᠷᠢᠭᠤᠳᠬᠠᠭᠴᠢ ᠵᠡᠷᠭᠡ ᠬᠠᠭᠤᠷᠠᠢ ᠨᠤᠨᠳᠠᠭ ᠬᠡᠯᠪᠡᠷᠢ ᠶᠢᠨ ᠠᠷᠢᠭᠤᠳᠬᠠᠭᠴᠢ | ᠡᠳ᠋ ᠢᠶᠠᠷ ᠰᠦᠷᠴᠢᠨ ᠠᠷᠢᠭᠤᠳᠬᠠᠵᠤ ᠪᠣᠯᠣᠨ᠎ᠠ ᠂ ᠭᠠᠷᠠᠭ ᠪᠦᠷᠢ 1-2 ᠤᠳᠠᠭ᠎ᠠ ᠰᠦᠷᠴᠢᠪᠡᠯ ᠨᠡᠯᠢᠶᠡᠳ | ᠲᠣᠬᠢᠷᠠᠮᠵᠢᠲᠠᠢ ᠶᠤᠮ ᠃ | ᠬᠠᠪᠤᠷ ᠤᠨ ᠡᠬᠢᠨ ᠤ ᠤᠯᠠᠷᠢᠯ ᠤᠨ ᠠᠭᠤᠷ ᠠᠮᠢᠰᠬᠤᠯ ᠮᠥᠨ ᠯᠡ ᠬᠠᠬᠢᠷ ᠬᠦᠢᠲᠡᠨ ᠪᠠᠶᠢᠵᠤ᠂ ᠲᠠᠬᠢᠶᠠᠨ | ᠡᠭᠦᠷ ᠨᠢ ᠳᠤᠯᠠᠭᠠᠨ ᠢ ᠬᠠᠮᠠᠭᠠᠯᠠᠵᠤ ᠳᠤᠯᠠᠭᠠᠯᠠᠬᠤ ᠠᠴᠠ ᠭᠠᠳᠠᠨ᠎ᠠ ᠪᠠᠰᠠ ᠰᠠᠯᠬᠢ ᠵᠢᠪᠠᠷ ᠨᠡᠪᠲᠡᠷᠡᠭᠦᠯᠳᠡᠭ ᠃ ᠬᠡᠷᠪᠡ | ᠵᠥᠪᠬᠡᠨ ᠲᠠᠬᠢᠶᠠᠨ ᠤ ᠰᠠᠷᠠᠪᠴᠢ ᠶᠢᠨ ᠳᠤᠯᠠᠭᠠᠨ ᠢ ᠬᠠᠮᠠᠭᠠᠯᠠᠬᠤ ᠶᠢ ᠴᠢᠬᠤᠯᠠᠴᠢᠯᠠᠭᠠᠳ ᠰᠠᠯᠬᠢ ᠵᠢᠪᠠᠷ ᠨᠡᠪᠲᠡᠷᠡᠬᠦ ᠶᠢ | ᠣᠮᠲᠣᠭᠠᠶᠢᠯᠠᠪᠠᠯ ᠂ ᠰᠠᠷᠠᠪᠴᠢ ᠶᠢᠨ ᠳᠣᠲᠣᠷᠠᠬᠢ ᠠᠭᠠᠷ ᠢ ᠮᠠᠰᠢ ᠠᠮᠠᠷᠬᠠᠨ ᠪᠤᠵᠠᠷᠲᠤᠭᠤᠯᠵᠤ ᠂ ᠡᠪᠡᠳᠴᠢᠨ ᠤ | ᠪᠠᠺᠲ᠋ᠧᠷᠢ ᠶᠡᠭᠡ ᠬᠡᠮᠵᠢᠶ᠎ᠡ ᠪᠠᠷ ᠦᠷᠡᠵᠢᠳᠡᠭ ᠃ ᠲᠠᠬᠢᠶ᠎ᠠ ᠡᠪᠡᠳᠴᠢᠨ ᠤ ᠪᠠᠺᠲ᠋ᠧᠷᠢ ᠶᠢᠨ ᠦᠷᠡᠵᠢᠯ ᠤᠨ ᠣᠷᠴᠢᠨ ᠳᠤ | ᠦᠰᠦᠵᠦ ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ᠂ ᠰᠢᠪᠲᠦᠷ ᠤᠨ ᠬᠡᠢ ᠵᠡᠷᠭᠡ ᠬᠤᠣᠷᠲᠤ ᠬᠡᠢ ᠪᠡᠶᠡᠲᠦ ᠶᠢ | ᠣᠷᠳᠣ ᠬᠤᠭᠤᠴᠠᠭ᠎ᠠ ᠪᠠᠷ ᠰᠣᠷᠣᠵᠤ ᠣᠷᠣᠭᠤᠯᠪᠠᠯ᠂ ᠣᠯᠠᠩᠬᠢ ᠳᠤ ᠪᠠᠨ ᠪᠦᠳᠦᠭᠦᠨ ᠭᠡᠳᠡᠰᠦᠨ ᠤ ᠰᠠᠪᠬᠠᠨᠴᠢᠷ | ᠪᠠᠺᠲ᠋ᠧᠷᠢ ᠶᠢᠨ ᠡᠪᠡᠳᠴᠢᠨ᠂ ᠤᠳᠠᠭᠠᠨ ᠴᠢᠨᠠᠷᠲᠠᠢ ᠠᠮᠢᠰᠬᠤᠯ ᠤᠨ ᠵᠠᠮ ᠤᠨ ᠡᠪᠡᠳᠴᠢᠨ᠂ ᠬᠠᠯᠳᠠᠪᠤᠷᠢᠲᠤ ᠴᠢᠨᠠᠷᠲᠠᠢ | ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ᠂ ᠲᠥᠪᠥᠩᠬᠡᠢ ᠶᠢᠨ ᠦᠷᠪᠢᠰᠦᠯ᠂ ᠨᠡᠭᠦᠷᠡᠰᠦᠲᠥ᠋ᠷᠥᠭᠴᠢ ᠶᠢᠨ | ᠳᠠᠪᠬᠤᠷ ᠢᠰᠦᠯ ᠳᠤ ᠬᠤᠣᠷᠳᠠᠭᠳᠠᠬᠤ ᠵᠡᠷᠭᠡ ᠡᠪᠡᠳᠴᠢᠨ ᠳᠤ ᠠᠮᠠᠷᠬᠠᠨ ᠨᠡᠷᠪᠡᠭᠳᠡᠵᠦ᠂ ᠡᠳᠡᠭᠡᠷᠡᠯᠲᠡ ᠶᠢᠨ | ᠨᠣᠷᠮ᠎ᠠ ᠶᠢ ᠳᠣᠷᠣᠭᠰᠢᠯᠠᠭᠤᠯᠳᠠᠭ᠃ | ᠵᠥᠪ ᠠᠷᠭ᠎ᠠ ᠨᠢ ᠭᠡᠪᠡᠯ 2 ᠴᠠᠭ ᠠᠴᠠ 3 ᠴᠠᠭ ᠠᠯᠤᠰᠯᠠᠬᠤ ᠪᠦᠷᠢ 5 ᠮᠢᠨᠦ᠋ᠲ ᠠᠴᠠ 10 ᠮᠢᠨᠦ᠋ᠲ | ᠰᠠᠯᠬᠢ ᠨᠡᠪᠲᠡᠷᠡᠭᠦᠯᠦᠨ᠎ᠡ ᠃ ᠣᠨᠴᠠᠭᠠᠶᠢᠯᠠᠨ ᠰᠦᠯᠢᠶᠥᠦ ᠪᠦᠷᠬᠦᠭᠦᠯ ᠤᠨ ᠳᠤᠯᠠᠭᠠᠨ ᠢ ᠬᠠᠮᠠᠭᠠᠯᠠᠨ ᠴᠤᠷᠪᠠᠭ᠎ᠠ | ᠪᠣᠶᠢᠵᠢᠭᠤᠯᠬᠤ ᠱᠠᠲᠤᠨ ᠳᠤ ᠂ ᠬᠠᠮᠤᠭ ᠰᠠᠶᠢᠨ ᠨᠢ ᠰᠠᠷᠠᠪᠴᠢᠨ ᠤ ᠣᠷᠣᠢ ᠳᠤ ᠬᠡᠳᠦᠨ ᠲᠣᠭᠤᠨᠣ ᠭᠠᠷᠭᠠᠵᠤ ᠂ | ᠳᠤᠯᠠᠭᠠᠯᠠᠬᠤ ᠮᠥᠷᠲᠡᠭᠡᠨ ᠪᠤᠯᠠᠩᠭᠢᠷ ᠢ ᠭᠠᠳᠠᠭᠰᠢᠯᠠᠭᠤᠯᠬᠤ ᠵᠣᠷᠢᠯᠭ᠎ᠠ ᠳᠤ ᠪᠠᠨ ᠬᠦᠷᠦᠨ᠎ᠡ ᠃ ᠬᠥᠮᠥᠨ ᠲᠠᠬᠢᠶᠠᠨ ᠤ | ᠰᠠᠷᠠᠪᠴᠢᠨ ᠳᠤ ᠣᠷᠣᠬᠤ ᠳᠤ ᠰᠣᠨᠢᠨ ᠦᠨᠦᠷ ᠭᠠᠷᠬᠤ ᠦᠭᠡᠢ᠂ ᠰᠠᠷᠠᠪᠴᠢᠨ ᠳᠣᠲᠣᠷᠠᠬᠢ ᠳᠥᠷᠪᠡᠨ ᠲᠠᠯ᠎ᠠ ᠶᠢᠨ | ᠰᠦᠯᠢᠶᠥᠦ ᠪᠦᠷᠬᠦᠭᠦᠯ ᠳᠡᠭᠡᠷ᠎ᠡ ᠤᠰᠤᠨ ᠮᠥᠬᠦᠯᠢᠭ ᠢ ᠨᠠᠭᠠᠯᠳᠤᠨ ᠡᠯᠭᠦᠬᠦ ᠦᠭᠡᠢ ᠨᠢ ᠰᠠᠨᠠᠭᠠᠨ ᠳᠤ ᠳᠠᠭᠠᠷᠠᠭᠰᠠᠨ | ᠣᠷᠴᠢᠨ ᠲᠣᠭᠤᠷᠢᠨ ᠶᠤᠮ᠃ ᠲᠠᠬᠢᠶᠠᠨ ᠰᠠᠷᠠᠪᠴᠢᠨ ᠳᠤ ᠬᠢ ᠢᠯᠭᠠᠳᠠᠰᠤ ᠪᠠ ᠳᠡᠪᠢᠰᠬᠡᠷ ᠢ ᠴᠠᠭ ᠲᠤᠬᠠᠢ ᠳᠤ ᠨᠢ | ᠴᠡᠪᠡᠷᠯᠡᠨ ᠠᠷᠢᠯᠭᠠᠵᠤ ᠂ ᠰᠠᠷᠠᠪᠴᠢ ᠶᠢᠨ ᠳᠣᠲᠣᠷᠠᠬᠢ ᠲᠠᠬᠢᠶᠠᠨ ᠤ ᠢᠯᠭᠠᠳᠠᠰᠤᠨ ᠳᠣᠲᠣᠷ᠎ᠠ ᠠᠴᠠ ᠳᠡᠭᠳᠡᠨ | ᠭᠠᠷᠤᠭᠰᠠᠨ ᠰᠢᠪᠲᠦᠷ ᠤᠨ ᠬᠡᠢ ᠶᠢ ᠬᠠᠮᠤᠭ ᠤᠨ ᠳᠣᠣᠷ᠎ᠠ ᠬᠡᠮᠵᠢᠶᠡᠨ ᠳᠤ ᠬᠦᠷᠲᠡᠯ᠎ᠡ ᠪᠠᠭᠤᠷᠠᠭᠤᠯᠤᠨ᠎ᠠ ᠃ | |