2023 ᠣᠨ ᠤ ᠭᠤᠣᠯ ᠪᠣᠯᠬᠤ ᠲᠠᠷᠢᠮᠠᠯ ᠤᠨ ᠡᠭᠦᠯᠳᠡᠷ ᠢ ᠬᠢᠨᠠᠨ ᠲᠣᠭᠲᠠᠭᠠᠬᠤ ᠭᠤᠶᠤᠴᠢᠯᠠᠯ ᠢ ᠬᠦ᠋ᠯᠢᠶᠡᠨ ᠠᠪᠴᠤ ᠰᠢᠢᠳᠪᠦᠷᠢᠯᠡᠬᠦ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2023/2/8
ᠬᠤᠯᠪᠣᠭᠳᠠᠯ ᠪᠦᠬᠦᠢ ᠨᠢᠭᠡᠴᠢ᠂ ᠬᠤᠪᠢ ᠬᠥᠮᠥᠨ ᠳᠤ ᠄      ︽ᠦᠷ᠎ᠡ ᠶᠢᠨ ᠬᠠᠤᠯᠢ︾ ︽ᠭᠤᠣᠯ ᠪᠣᠯᠬᠤ ᠲᠠᠷᠢᠮᠠᠯ ᠤᠨ ᠡᠭᠦᠯᠳᠡᠷ ᠢ ᠬᠢᠨᠠᠨ ᠲᠣᠭᠲᠠᠭᠠᠬᠤ ᠠᠷᠭ᠎ᠠ︾ ᠶᠢᠨ ᠬᠤᠯᠪᠣᠭᠳᠠᠯ ᠪᠦᠬᠦᠢ ᠲᠣᠭᠲᠠᠭᠠᠯ ᠶᠣᠰᠣᠭᠠᠷ᠂ ᠡᠳᠦᠭᠡ 2023 ᠣᠨ ᠤ ᠭᠤᠣᠯ ᠪᠣᠯᠬᠤ ᠲᠠᠷᠢᠮᠠᠯ ᠤᠨ ᠡᠭᠦᠯᠳᠡᠷ ᠢ ᠬᠢᠨᠠᠨ ᠲᠣᠭᠲᠠᠭᠠᠬᠤ ᠭᠤᠶᠤᠴᠢᠯᠠᠯ ᠢ ᠭᠥᠯᠢᠶᠡᠨ ᠠᠪᠴᠤ ᠰᠢᠢᠳᠪᠦᠷᠢᠯᠡᠬᠦ ᠬᠤᠯᠪᠣᠭᠳᠠᠯ ᠪᠦᠬᠦᠢ ᠶᠠᠪᠤᠳᠠᠯ ᠢ ᠳᠣᠣᠷᠠᠬᠢ ᠮᠡᠲᠦ ᠮᠡᠳᠡᠭᠳᠡᠪᠡ ᠃      ᠨᠢᠭᠡ᠂ ᠭᠤᠶᠤᠴᠢᠯᠠᠯ ᠤᠨ ᠮᠠᠲ᠋ᠧᠷᠢᠶᠠᠯ      ᠭᠤᠶᠤᠴᠢᠯᠠᠭᠴᠢ ᠳᠣᠣᠷᠠᠬᠢ ᠮᠠᠲ᠋ᠧᠷᠢᠶᠠᠯ ᠤᠳ ᠢ ᠲᠤᠰᠢᠶᠠᠨ᠎ᠠ ᠄      1.ᠭᠤᠶᠤᠴᠢᠯᠠᠯ ᠤᠨ ᠪᠢᠴᠢᠭ ᠃ ᠭᠤᠶᠤᠴᠢᠯᠠᠯ ᠤᠨ ᠪᠢᠴᠢᠭ ᠤᠨ ᠬᠡᠯᠪᠡᠷᠢ ᠮᠠᠶ᠋ᠢᠭ ︵ᠳᠠᠭᠠᠯᠳᠤᠭᠤᠯᠤᠯ 1︶ ᠶᠣᠰᠣᠭᠠᠷ᠂ ᠬᠠᠮᠢᠶ᠎ᠠ ᠪᠦᠬᠦᠢ ᠠᠭᠤᠯᠭ᠎ᠠ ᠶᠢ ᠲᠠᠭᠯᠠᠨ ᠮᠡᠳᠡᠭᠦᠯᠬᠦ ᠬᠡᠷᠡᠭᠲᠡᠢ ︵ᠡᠭᠦᠨ ᠳᠤ ᠡᠭᠦᠯᠳᠡᠷ ᠢ ᠰᠣᠩᠭᠤᠨ ᠪᠣᠶᠢᠵᠢᠭᠤᠯᠤᠭᠰᠠᠨ ᠪᠠᠶᠢᠳᠠᠯ ᠤᠨ ᠲᠣᠶᠢᠮᠣᠴᠢᠯᠠᠯ ᠨᠢ ᠪᠥᠬᠦ ᠲᠠᠯ᠎ᠠ ᠶᠢᠨ᠂ ᠨᠠᠷᠢᠨ ᠲᠣᠳᠣᠷᠬᠠᠢ ᠪᠠᠶᠢᠬᠤ ᠬᠡᠷᠡᠭᠲᠡᠢ᠂ ᠢᠯᠠᠩᠭᠤᠶ᠎ᠠ ᠡᠴᠢᠭᠡ ᠡᠬᠡ ᠶᠢᠨ ᠪᠡᠶ᠎ᠡ ᠶᠢᠨ ᠢᠷᠡᠯᠲᠡ ᠶᠢ ᠵᠠᠪᠠᠯ ᠲᠣᠳᠣᠷᠬᠠᠢ ᠲᠣᠭᠠᠴᠢᠬᠤ ᠬᠡᠷᠡᠭᠲᠡᠢ︶᠃ ᠡᠭᠦᠯᠳᠡᠷ ᠤᠨ ᠲᠤᠷᠰᠢᠯᠲᠠ ᠶᠢᠨ ᠲᠤᠭ᠎ᠠ ᠪᠠᠷᠢᠮᠲᠠ ᠶᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠢᠮ ᠤᠨ ᠠᠯᠪᠠᠨ ᠰᠦᠯᠵᠢᠶ᠎ᠡ ᠪᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠷ᠎ᠡ ᠶᠢᠨ ᠦᠢᠯᠡᠰ ᠤᠨ ᠮᠡᠳᠡᠭᠡ ᠵᠠᠩᠭᠢ ᠶᠢᠨ ᠰᠦᠯᠵᠢᠶ᠎ᠡ ᠶᠢᠨ ᠨᠡᠶᠢᠲᠡᠯᠡᠭᠰᠡᠨ ᠠᠭᠤᠯᠭ᠎ᠠ ᠶᠢᠨ ᠶᠣᠰᠣᠭᠠᠷ ᠲᠠᠭᠯᠠᠨ ᠮᠡᠳᠡᠭᠦᠯᠵᠦ᠂ ᠦᠪᠡᠰᠦᠪᠡᠨ ᠬᠢᠭᠰᠡᠨ ᠲᠤᠷᠰᠢᠯᠲᠠ ᠶᠢᠨ ᠲᠤᠭ᠎ᠠ ᠪᠠᠷᠢᠮᠲᠠ ᠶᠢ ᠭᠤᠶᠤᠴᠢᠯᠠᠭᠴᠢ ᠠᠴᠠ ᠬᠠᠩᠭᠠᠬᠤ ᠶᠢᠨ ᠬᠠᠮᠲᠤ ᠲᠡᠭᠦᠨ ᠤ ᠪᠠᠨ ᠦᠨᠡᠨ ᠪᠣᠳᠠᠲᠤ ᠴᠢᠨᠠᠷ ᠲᠤ ᠬᠠᠷᠢᠭᠤᠴᠠᠬᠤ ᠬᠡᠷᠡᠭᠲᠡᠢ᠃      2.ᠶᠠᠰᠤ ᠴᠢᠨᠠᠷ ᠵᠢᠴᠢ ᠡᠰᠡᠷᠭᠦᠴᠡᠬᠦ ᠴᠢᠨᠠᠷ ᠤᠨ ᠬᠢᠨᠠᠨ ᠲᠣᠭᠲᠠᠭᠠᠯᠲᠠ ᠶᠢᠨ ᠮᠡᠳᠡᠭᠦᠯᠦᠯᠲᠡ ᠃ ᠭᠤᠶᠤᠴᠢᠯᠠᠭᠴᠢ ᠶᠠᠰᠤ ᠴᠢᠨᠠᠷ ᠵᠢᠴᠢ ᠡᠰᠡᠷᠭᠦᠴᠡᠬᠦ ᠴᠢᠨᠠᠷ ᠤᠨ ᠬᠢᠨᠠᠨ ᠲᠣᠭᠲᠠᠭᠠᠯᠲᠠ ᠶᠢᠨ ᠮᠡᠳᠡᠭᠦᠯᠦᠯᠲᠡ ᠶᠢᠨ ᠤᠭ ᠮᠠᠲ᠋ᠧᠷᠢᠶᠠᠯ ᠲᠠᠢ ᠪᠠᠶᠢᠪᠠᠯ ᠂ ᠥᠪᠡᠷ ᠢᠶᠠᠨ ᠲᠠᠭᠯᠠᠨ ᠮᠡᠳᠡᠭᠦᠯᠬᠦ ᠶᠢᠨ ᠬᠠᠮᠲᠤ ᠮᠡᠳᠡᠭᠦᠯᠦᠯᠲᠡ ᠪᠠᠨ ᠬᠠᠩᠭᠠᠬᠤ ᠬᠡᠷᠡᠭᠲᠡᠢ︔ ᠥᠪᠡᠷᠲᠡᠭᠡᠨ ᠵᠠᠰᠠᠬᠤ ᠣᠷᠣᠨ ᠠᠴᠠ ᠨᠢᠭᠡᠳᠦᠯᠲᠡᠢ ᠵᠣᠬᠢᠶᠠᠨ ᠪᠠᠶᠢᠭᠤᠯᠵᠤ ᠪᠠᠶᠢᠴᠠᠭᠠᠨ ᠰᠢᠯᠭᠠᠭᠰᠠᠨ ᠪᠠᠶᠢᠪᠠᠯ᠂ ᠲᠤᠷᠰᠢᠯᠲᠠ ᠶᠢ ᠵᠣᠬᠢᠶᠠᠨ ᠪᠠᠶᠢᠭᠤᠯᠤᠭᠰᠠᠨ ᠨᠢᠭᠡᠴᠢ ᠶᠢᠨ ᠬᠠᠩᠭᠠᠭᠰᠠᠨ ᠮᠡᠳᠡᠭᠦᠯᠦᠯᠲᠡ ᠶᠢᠨ ᠶᠣᠰᠣᠭᠠᠷ ᠲᠠᠭᠯᠠᠨ ᠮᠡᠳᠡᠭᠦᠯᠬᠦ ᠬᠡᠷᠡᠭᠲᠡᠢ᠃      3. ᠥᠪᠡᠷᠮᠢᠴᠡ ᠴᠢᠨᠠᠷ᠂ ᠨᠢᠭᠡᠳᠦᠯᠲᠦ ᠴᠢᠨᠠᠷ᠂ ᠲᠣᠭᠲᠠᠪᠤᠷᠢᠲᠤ ᠴᠢᠨᠠᠷ ᠤᠨ ᠰᠣᠷᠢᠯᠲᠠ ᠶᠢᠨ ᠮᠡᠳᠡᠭᠦᠯᠦᠯᠲᠡ᠃ ︽ᠮᠠᠨ ᠤ ᠣᠷᠣᠨ ᠤ ᠭᠤᠣᠯ ᠪᠣᠯᠬᠤ ᠲᠠᠷᠢᠮᠠᠯ ᠤᠨ ᠡᠭᠦᠯᠳᠡᠷ ᠢ ᠬᠢᠨᠠᠨ ᠲᠣᠭᠲᠠᠭᠠᠬᠤ ᠶᠢᠨ ᠥᠪᠡᠷᠮᠢᠴᠡ ᠴᠢᠨᠠᠷ ᠨᠢᠭᠡᠳᠦᠯᠲᠦ ᠴᠢᠨᠠᠷ ᠲᠣᠭᠲᠠᠪᠤᠷᠢᠲᠤ ᠴᠢᠨᠠᠷ ᠤᠨ ᠰᠣᠷᠢᠯᠲᠠ ᠶᠢᠨ ᠠᠵᠢᠯ ᠢ ᠰᠠᠶᠢᠲᠤᠷ ᠬᠢᠬᠦ ᠲᠤᠬᠠᠢ ᠮᠡᠳᠡᠭᠳᠡᠯ︾ ︵ᠥᠪᠥᠷ ᠲᠠᠷᠢᠶᠠᠯᠠᠩ ᠦᠷ᠎ᠡ ᠥᠷᠲᠡᠭᠡ ᠡᠭᠦᠯᠳᠡᠷ ᠬᠠᠮᠢᠶᠠᠷᠤᠯᠲᠠ ᠲᠠᠷᠬᠠᠭᠠᠭᠰᠠᠨ ﹇2017﹈ 8 ᠳ᠋ᠤᠭᠠᠷ ᠲᠣᠭᠠᠲᠤ︶ ᠤᠨ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ ᠶᠣᠰᠣᠭᠠᠷ᠂ DUS ᠰᠣᠷᠢᠯᠲᠠ ᠶᠢᠨ ᠮᠡᠳᠡᠭᠦᠯᠦᠯᠲᠡ ︵ᠨᠠᠭᠠᠲᠤ ᠵᠠᠬ᠎ᠠ ᠳᠠᠭᠠᠨ ᠨᠢᠭᠡ ᠬᠤᠪᠢ ᠤᠭ ᠮᠠᠲ᠋ᠧᠷᠢᠶᠠᠯ ᠢ ᠬᠠᠩᠭᠠᠨ᠎ᠠ︶ ᠶᠢ ᠬᠠᠩᠭᠠᠬᠤ ᠬᠡᠷᠡᠭᠲᠡᠢ ᠃      4.ᠭᠤᠶᠤᠴᠢᠯᠠᠯ ᠤᠨ ᠮᠠᠲ᠋ᠧᠷᠢᠶᠠᠯ ᠤᠨ ᠦᠨᠡᠨ ᠪᠣᠳᠠᠲᠤ ᠴᠢᠨᠠᠷ ᠤᠨ ᠠᠮᠠᠯᠠᠯᠲᠠ ᠶᠢᠨ ᠪᠢᠴᠢᠭ ︵ᠳᠠᠭᠠᠯᠳᠤᠭᠤᠯᠤᠯ 2 ︶ ᠃      5.ᠭᠧᠨ ᠬᠤᠪᠢᠷᠠᠭᠤᠯᠤᠭᠰᠠᠨ ᠪᠤᠰᠤ ᠠᠮᠠᠯᠠᠯᠲᠠ ᠶᠢᠨ ᠪᠢᠴᠢᠭ ︵ ᠳᠠᠭᠠᠯᠳᠤᠭᠤᠯᠤᠯ 3 ︶ ᠃      ᠬᠤᠶᠠᠷ᠂ ᠮᠡᠳᠡᠭᠦᠯᠬᠦ ᠶᠠᠪᠤᠴᠠ      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠣᠣᠷ ︵http://zwfw.nmg.gov.cn︶ ᠲᠤ ᠭᠠᠷᠴᠤ᠂ ᠰᠠᠯᠠᠭ᠎ᠠ ᠮᠥᠴᠢᠷ ︱ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠢᠮ ︱ ᠵᠠᠰᠠᠭ ᠵᠠᠬᠢᠷᠭᠠᠨ ᠤ ᠨᠤᠲᠠᠯᠠᠯᠲᠠ ᠶᠢ ᠲᠣᠪᠴᠢᠳᠠᠨ᠂ ᠭᠤᠣᠯ ᠪᠣᠯᠬᠤ ᠲᠠᠷᠢᠮᠠᠯ ᠤᠨ ᠡᠭᠦᠯᠳᠡᠷ ᠢ ᠬᠢᠨᠠᠨ ᠲᠣᠭᠲᠠᠭᠠᠬᠤ ᠠᠵᠢᠯ ᠤᠨ ᠵᠢᠭᠠᠯᠲᠠ ᠶᠣᠰᠣᠭᠠᠷ ᠬᠠᠮᠢᠶ᠎ᠠ ᠪᠦᠬᠦᠢ ᠮᠠᠲ᠋ᠧᠷᠢᠶᠠᠯ ︵word ᠬᠡᠪᠯᠡᠯ︶ ᠢ ᠳᠡᠭᠡᠭᠰᠢ ᠳᠠᠮᠵᠢᠭᠤᠯᠤᠨ᠎ᠠ᠃ ᠡᠰᠡᠷᠭᠦᠴᠡᠬᠦ ᠴᠢᠨᠠᠷ ᠪᠠ ᠶᠠᠰᠤ ᠴᠢᠨᠠᠷ ᠢ ᠪᠠᠶᠢᠴᠠᠭᠠᠨ ᠰᠢᠯᠭᠠᠭᠰᠠᠨ ᠦᠷ᠎ᠡ ᠳ᠋ᠦᠩ ᠢ ᠪᠠᠶᠢᠴᠠᠭᠠᠨ ᠰᠢᠯᠭᠠᠭᠰᠠᠨ ᠮᠡᠳᠡᠭᠦᠯᠦᠯᠲᠡ ᠶᠢᠨ ᠰᠢᠷᠪᠢᠯᠲᠡ ᠶᠢᠨ ᠮᠠᠲ᠋ᠧᠷᠢᠶᠠᠯ ᠢ ᠳᠡᠭᠡᠭᠰᠢ ᠲᠠᠮᠵᠢᠭᠤᠯᠤᠨ᠎ᠠ ᠂ ᠰᠢᠷᠪᠢᠯᠲᠡ ᠶᠢᠨ ᠮᠠᠲ᠋ᠧᠷᠢᠶᠠᠯ ᠢ ᠣᠯᠣᠭᠰᠠᠨ ᠦᠭᠡᠢ ᠪᠣᠯ ᠲᠤᠷᠰᠢᠯᠲᠠ ᠶᠢᠨ ᠬᠠᠷᠢᠭᠤᠴᠠᠯᠭᠠᠲᠠᠨ ᠲᠠᠢ ᠬᠠᠷᠢᠯᠴᠠᠭᠠᠷᠠᠢ᠃      ᠭᠤᠷᠪᠠ ᠂ ᠪᠤᠰᠤᠳ ᠱᠠᠭᠠᠷᠳᠠᠯᠭ᠎ᠠ      1.ᠲᠤᠰᠢᠶᠠᠬᠤ ᠬᠡᠷᠡᠯ ᠵᠢᠷᠤᠭ ᠢᠶᠠᠨ ᠬᠡᠷᠡᠯ ᠵᠢᠷᠤᠭ ᠤᠨ ᠴᠠᠭᠠᠰᠤ ᠪᠠᠷ ᠳᠠᠷᠤᠮᠠᠯᠯᠠᠬᠤ ᠪᠤᠶᠤ ᠤᠬᠢᠶᠠᠵᠤ ᠭᠠᠷᠭᠠᠭᠰᠠᠨ ᠤ ᠳᠠᠷᠠᠭ᠎ᠠ A4 ᠴᠠᠭᠠᠰᠤᠨ ᠳᠡᠭᠡᠷ᠎ᠡ ᠨᠠᠭᠠᠵᠤ᠂ ᠳᠣᠣᠷ᠎ᠠ ᠲᠠᠯ᠎ᠠ ᠳᠤᠨᠢ ᠬᠡᠷᠡᠯ ᠵᠢᠷᠤᠭ ᠤᠨ ᠲᠣᠳᠣᠷᠬᠠᠶᠢᠯᠠᠯᠲᠠ ᠶᠢ ᠬᠠᠳᠠᠬᠤ ᠬᠡᠷᠡᠭᠲᠡᠢ᠃      2.ᠭᠤᠶᠤᠴᠢᠯᠠᠭᠰᠠᠨ ᠨᠢᠭᠡᠴᠢ ᠪᠠ ᠰᠣᠩᠭᠤᠨ ᠪᠣᠶᠢᠵᠢᠭᠤᠯᠬᠤ ᠨᠢᠭᠡᠴᠢ ᠶᠢᠨ ᠭᠠᠵᠠᠷ ᠲᠤ ᠴᠥᠮ ᠠᠯᠪᠠᠨ ᠲᠠᠮᠠᠭ᠎ᠠ ᠳᠠᠷᠤᠬᠤ ᠬᠡᠷᠡᠭᠲᠡᠢ ᠃      3.ᠭᠤᠶᠤᠴᠢᠯᠠᠭᠰᠠᠨ ᠨᠢᠭᠡᠴᠢ ᠪᠣᠯᠣᠨ ᠲᠦᠷᠦᠯ ᠵᠦᠢᠯ ᠤᠨ ᠰᠢᠯᠭᠠᠯᠲᠠ ᠳᠤ ᠣᠷᠣᠯᠴᠠᠭᠰᠠᠨ ᠨᠢᠭᠡᠴᠢ ᠨᠢ ᠨᠢᠭᠡᠳᠦᠯ ᠦᠭᠡᠢ ᠪᠠᠶᠢᠪᠠᠯ ᠂ ᠡᠭᠦᠯᠳᠡᠷ ᠤᠨ ᠰᠢᠯᠭᠠᠯᠲᠠ ᠳᠤ ᠣᠷᠣᠯᠴᠠᠭᠰᠠᠨ ᠨᠢᠭᠡᠴᠢ ᠶᠢᠨ ᠭᠠᠷᠭᠠᠭᠰᠠᠨ ᠪᠠᠶᠢᠳᠠᠯ ᠤᠨ ᠲᠣᠳᠣᠷᠬᠠᠶᠢᠯᠠᠯᠲᠠ ︵ ᠤᠭ ᠮᠠᠲ᠋ᠧᠷᠢᠶᠠᠯ ᠢ ᠬᠠᠩᠭᠠᠨ᠎ᠠ ︶ ᠶᠢ ᠬᠠᠩᠭᠠᠬᠤ ᠴᠢᠬᠤᠯᠠᠲᠠᠢ ᠃      ᠳᠥᠷᠪᠡ᠂ ᠬᠠᠷᠢᠯᠴᠠᠬᠤ ᠠᠷᠭ᠎ᠠ      1.ᠴᠠᠭᠠᠰᠤᠨ ᠮᠠᠲ᠋ᠧᠷᠢᠶᠠᠯ ᠢ ᠠᠳᠠᠯᠢᠬᠠᠨ ᠢᠶᠠᠷ ᠬᠤᠶᠠᠷ ᠬᠤᠪᠢ ᠳᠡᠪᠲᠡᠷᠯᠡᠨ᠎ᠡ ᠃ ᠰᠢᠤᠳᠠᠨ ᠢᠶᠠᠷ ᠶᠠᠪᠤᠭᠤᠯᠬᠤ ᠬᠠᠶ᠋ᠢᠭ᠄ ᠬᠥᠬᠡᠬᠤᠲᠠ ᠶᠢᠨ ᠰᠠᠶᠢᠬᠠᠨ ᠲᠣᠭᠤᠷᠢᠭ ᠤᠨ ᠴᠡᠯᠡᠭᠡᠷ ᠲᠠᠯ᠎ᠠ ᠶᠡᠭᠡ ᠵᠡᠭᠡᠯᠢ ᠶᠢᠨ 6 ᠳ᠋ᠤᠭᠠᠷ ᠨᠣᠮᠧᠷ ᠥᠪᠡᠷᠲᠡᠭᠡᠨ ᠵᠠᠰᠠᠬᠤ ᠣᠷᠣᠨ ᠤ ᠲᠣᠰ ᠱᠠᠲᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ ᠤᠨ 13 ᠳ᠋ᠤᠭᠠᠷ ᠳᠠᠪᠬᠤᠷᠯᠢᠭ ᠤᠨ ᠴᠣᠩᠬᠤ᠃      2.ᠭᠤᠶᠤᠴᠢᠯᠠᠯ ᠤᠨ ᠪᠢᠴᠢᠭ ︵ word ᠬᠡᠪᠯᠡᠯ ︶  ᠤᠨ ᠡᠯᠧᠺᠲᠷᠣᠨ ᠬᠡᠪᠯᠡᠯ ᠢflp_88726@126.com ᠲᠤ ᠬᠦᠷᠭᠡᠭᠡᠷᠡᠢ︔ ᠨᠡᠷᠡᠶᠢᠳᠬᠦ ᠬᠡᠯᠪᠡᠷᠢ ᠨᠢ᠄ ᠲᠠᠷᠢᠮᠠᠯ ᠤᠨ ᠲᠥᠷᠥᠯ ᠵᠦᠢᠯ + ᠳᠤᠭᠤᠶᠢᠯᠠᠩ ᠤᠨ ᠢᠯᠭᠠᠯ + ᠡᠭᠦᠯᠳᠡᠷ ᠤᠨ ᠨᠡᠷᠡᠶᠢᠳᠦᠯ + ᠭᠤᠶᠤᠴᠢᠯᠠᠭᠰᠠᠨ ᠨᠢᠭᠡᠴᠢ ᠶᠢᠨ ᠨᠡᠷᠡᠶᠢᠳᠦᠯ᠃ ᠬᠠᠷᠢᠯᠴᠠᠬᠤ ᠬᠥᠮᠥᠨ᠄ ᠯᠢ ᠰᠢᠨ᠂ 0471-6963964      3.ᠲᠤᠬᠠᠶᠢᠯᠠᠭᠰᠠᠨ ᠠᠵᠢᠯ ᠤᠨ ᠯᠠᠪᠯᠠᠯᠲᠠ᠄      ᠡᠷᠳᠡᠨᠢ ᠰᠢᠰᠢ᠄ ᠼᠦᠢ ᠰᠢᠶᠣᠣ ᠬᠤᠩ᠂ ᠯᠢ ᠰᠢᠨ᠃ ᠤᠲᠠᠰᠤ᠄ 0471 ︱ 6285043︔      ᠪᠤᠭᠤᠳᠠᠢ᠂ ᠤᠰᠤᠨ ᠲᠤᠲᠤᠷᠭ᠎ᠠ᠄ ᠰᠦᠨ ᠢᠦᠢ ᠶᠠᠨ᠃ ᠤᠲᠠᠰᠤ᠄ 0471-6286603︔      ᠰᠢᠷ᠎ᠠ ᠪᠤᠷᠴᠠᠭ᠂ ᠬᠥᠪᠥᠩ᠄ ᠹᠦ᠋ ᠰᠢᠶᠣᠣ ᠬᠤᠸᠠ᠂ ᠤᠲᠠᠰᠤ᠄ 0471-6285043᠃      4.ᠭᠥᠯᠢᠶᠡᠨ ᠠᠪᠴᠤ ᠰᠢᠢᠳᠪᠦᠷᠢᠯᠡᠬᠦ ᠬᠤᠭᠤᠴᠠᠭ᠎ᠠ᠄ 2023 ᠣᠨ ᠤ 2 ᠰᠠᠷ᠎ᠠ ᠶᠢᠨ 19 ᠤ ᠡᠳᠦᠷ᠃       ᠳᠠᠭᠠᠯᠳᠤᠭᠤᠯᠤᠯ 1 ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠤᠣᠯ ᠪᠣᠯᠬᠤ ᠲᠠᠷᠢᠮᠠᠯ ᠤᠨ ᠡᠭᠦᠯᠳᠡᠷ ᠢ ᠬᠢᠨᠠᠨ ᠲᠣᠭᠲᠠᠭᠠᠬᠤ ᠭᠤᠶᠤᠴᠢᠯᠠᠯ ᠤᠨ ᠪᠢᠴᠢᠭ      ᠳᠠᠭᠠᠯᠳᠤᠭᠤᠯᠤᠯ 2 ᠭᠤᠶᠤᠴᠢᠯᠠᠯ ᠤᠨ ᠮᠠᠲ᠋ᠧᠷᠢᠶᠠᠯ ᠤᠨ ᠦᠨᠡᠨ ᠪᠣᠳᠠᠲᠤ ᠴᠢᠨᠠᠷ ᠤᠨ ᠠᠮᠠᠯᠠᠯᠲᠠ ᠶᠢᠨ ᠪᠢᠴᠢᠭ      ᠳᠠᠭᠠᠯᠳᠤᠭᠤᠯᠤᠯ 3 ᠭᠧᠨ ᠬᠤᠪᠢᠷᠠᠭᠤᠯᠤᠭᠰᠠᠨ ᠪᠤᠰᠤ ᠡᠭᠦᠯᠳᠡᠷ ᠤᠨ ᠠᠮᠠᠯᠠᠯᠲᠠ ᠶᠢᠨ ᠪᠢᠴᠢᠭ      ᠳᠠᠭᠠᠯᠳᠤᠭᠤᠯᠤᠯ 4 ᠮᠡᠳᠡᠭᠦᠯᠬᠦ ᠮᠠᠲ᠋ᠧᠷᠢᠶᠠᠯ ᠤᠨ ᠬᠡᠪ ᠵᠠᠬᠪᠤᠷ                      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ                     ᠲᠠᠷᠢᠮᠠᠯ ᠤᠨ ᠡᠭᠦᠯᠳᠡᠷ ᠢ ᠬᠢᠨᠠᠨ ᠲᠣᠭᠲᠠᠭᠠᠬᠤ ᠺᠣᠮᠢᠰ ᠤᠨ ᠠᠯᠪᠠᠨ ᠭᠡᠷ                             2023 ᠣᠨ ᠤ 2 ᠰᠠᠷ᠎ᠠ ᠶᠢᠨ 7 ᠤ ᠡᠳᠦᠷ 
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号