ᠵᠤᠷᠪᠤᠰᠯᠠᠨ ᠳᠠᠷᠢᠬᠤ ᠄ ᠵᠣᠬᠢᠬᠤ ᠵᠠᠢ ᠠᠯᠤᠰᠯᠠᠬᠤ ᠪᠦᠷᠢ ᠦᠷ᠎ᠡ ᠪᠠᠨ ᠮᠦᠷᠯᠡᠭᠦᠯᠦᠨ ᠳᠠᠷᠢᠵᠤ᠂ ᠳᠠᠷᠢᠬᠤ ᠶᠢᠨ | ᠳᠠᠭᠠᠤ ᠳᠤ ᠰᠢᠷᠣᠢ ᠬᠥᠷᠪᠡᠭᠦᠯᠬᠦ ᠠᠷᠭ᠎ᠠ ᠶᠢ ᠵᠤᠷᠪᠤᠰᠯᠠᠨ ᠳᠠᠷᠢᠬᠤ ᠭᠡᠨ᠎ᠡ᠃ ᠵᠤᠷᠪᠤᠰᠯᠠᠨ ᠲᠠᠷᠢᠬᠤ ᠦᠶ᠎ᠡ ᠶᠢᠨ | ᠮᠥᠷ ᠤᠨ ᠵᠠᠢ ᠶᠢᠨ ᠶᠡᠭᠡ ᠪᠠᠭ᠎ᠠ ᠨᠢ ᠪᠡᠯᠴᠢᠭᠡᠷ ᠡᠪᠡᠰᠦᠨ ᠤ ᠲᠦᠷᠦᠯ ᠵᠦᠢᠯ ᠪᠠ ᠠᠰᠢᠭᠯᠠᠬᠤ ᠵᠣᠷᠢᠯᠭ᠎ᠠ ᠠᠴᠠ | ᠪᠣᠯᠵᠤ ᠠᠳᠠᠯᠢ ᠦᠭᠡᠢ ᠪᠠᠶᠢᠳᠠᠭ ᠂ ᠭᠡᠬᠦ ᠳᠤ ᠪᠠᠨ ᠥᠨᠳᠥᠷ ᠬᠤᠷᠢᠶᠠᠯᠲᠠ ᠲᠠᠢ ᠂ ᠴᠢᠨᠠᠷ ᠰᠠᠶᠢᠲᠠᠢ ᠪᠡᠯᠴᠢᠭᠡᠷ ᠡᠪᠡᠰᠦ | ᠪᠠ ᠬᠠᠮᠢᠶᠠᠷᠬᠤ ᠳᠤ ᠲᠦᠭᠦᠮ ᠪᠠᠶᠢᠬᠤ ᠡᠰᠡᠬᠦ ᠪᠠᠷ ᠪᠠᠷᠢᠮᠵᠢᠶ᠎ᠠ ᠪᠣᠯᠭᠠᠨ᠎ᠠ ᠃ ᠡᠩ ᠤᠨ ᠪᠠᠶᠢᠳᠠᠯ ᠳᠤ ᠪᠡᠯᠴᠢᠭᠡᠷ | ᠡᠪᠡᠰᠦᠨ ᠤ ᠮᠥᠷ ᠤᠨ ᠵᠠᠢ ᠨᠢ 15~30 ᠰᠠᠨᠲ᠋ᠢᠮᠧᠲᠷ ᠪᠠᠶᠢᠳᠠᠭ᠃ ᠴᠢᠭᠢᠭᠯᠢᠭ ᠣᠷᠣᠨ ᠪᠤᠶᠤ ᠤᠰᠤᠯᠠᠯᠲᠠ ᠶᠢᠨ | ᠨᠥᠬᠦᠴᠡᠯ ᠲᠠᠢ ᠭᠠᠩ ᠬᠠᠭᠤᠷᠠᠢ ᠣᠷᠣᠨ ᠤ ᠮᠥᠷ ᠤᠨ ᠵᠠᠢ ᠨᠢ 15 ᠰᠠᠨᠲ᠋ᠢᠮᠧᠲᠷ ᠪᠠᠶᠢᠪᠠᠯ ᠵᠣᠬᠢᠨ᠎ᠠ ᠃ ᠤᠰᠤᠯᠠᠯᠲᠠ | ᠦᠭᠡᠢ ᠭᠠᠩ ᠬᠠᠭᠤᠷᠠᠢ ᠣᠷᠣᠨ ᠤ ᠮᠥᠷ ᠤᠨ ᠵᠠᠢ ᠨᠢ 30 ᠰᠠᠨᠲ᠋ᠢᠮᠧᠲᠷ ᠪᠠᠶᠢᠪᠠᠯ ᠵᠣᠬᠢᠨ᠎ᠠ ᠃ | ᠦᠷ᠎ᠡ ᠰᠠᠭᠤᠯᠭᠠᠬᠤ ᠳᠤ ᠮᠥᠷ ᠤᠨ ᠵᠠᠢ ᠶᠢ ᠥᠷᠭᠡᠨ ᠪᠠᠶᠢᠯᠭᠠᠵᠤ ᠂ 45-60~100 ᠰᠠᠨᠲ᠋ᠢᠮᠧᠲᠷ ᠤᠨ | ᠥᠷᠭᠡᠨ ᠵᠠᠢ ᠲᠠᠢ ᠵᠤᠷᠪᠤᠰᠯᠠᠨ ᠲᠠᠷᠢᠨ᠎ᠠ ᠃ ᠡᠨᠡ ᠮᠡᠲᠦ ᠪᠠᠷ ᠪᠣᠳᠠᠭᠠᠯᠢ ᠪᠡᠶ᠎ᠡ ᠶᠢᠨ ᠰᠢᠮ᠎ᠡ ᠲᠡᠵᠢᠭᠡᠯ ᠤᠨ ᠲᠡᠯᠡᠪᠡᠢ | ᠶᠡᠭᠡ ᠂ ᠰᠠᠯᠬᠢ ᠨᠡᠪᠲᠡᠷᠡᠬᠦ ᠪᠠ ᠭᠡᠷᠡᠯ ᠲᠤᠰᠬᠤ ᠨᠥᠬᠦᠴᠡᠯ ᠰᠠᠶᠢᠨ ᠂ ᠰᠠᠭᠤᠷᠢ ᠪᠡᠶ᠎ᠡ ᠶᠢᠨ ᠪᠤᠶᠢᠵᠢᠯᠲᠠ ᠰᠠᠶᠢᠨ ᠂ | ᠲᠣᠭᠤᠰᠣ ᠬᠦᠷᠲᠡᠬᠦ ᠨᠢ ᠭᠦᠢᠴᠡᠳ ᠂ ᠦᠷ᠎ᠡ ᠶᠢᠨ ᠤᠨᠠᠯᠲᠠ ᠥᠨᠳᠥᠷ ᠂ ᠶᠠᠰᠤ ᠴᠢᠨᠠᠷ ᠨᠢ ᠰᠠᠶᠢᠨ ᠪᠠᠶᠢᠳᠠᠭ ᠃ | ᠰᠠᠴᠤᠵᠤ ᠲᠠᠷᠢᠬᠤ ᠄ ᠬᠥᠮᠥᠨ ᠤ ᠬᠦᠴᠦ ᠪᠠᠷ ᠪᠤᠶᠤ ᠮᠠᠰᠢᠨ ᠢᠶᠠᠷ ᠦᠷ᠎ᠡ ᠶᠢ ᠲᠡᠭᠰᠢᠯᠡᠭᠰᠡᠨ ᠬᠥᠷᠥᠰᠥᠨ ᠤ | ᠭᠠᠳᠠᠷᠭᠤ ᠳᠤ ᠠᠯᠢ ᠴᠢᠳᠠᠬᠤ ᠪᠠᠷ ᠵᠢᠭᠳᠡ ᠰᠠᠴᠤᠵᠤ ᠂ ᠬᠥᠩᠭᠡᠨ ᠨᠠᠷᠬ᠎ᠠ ᠪᠠᠷ ᠰᠢᠷᠣᠢ ᠬᠥᠷᠪᠡᠭᠦᠯᠬᠦ ᠪᠤᠶᠤ ᠰᠢᠷᠣᠢ | ᠬᠥᠷᠪᠡᠭᠦᠯᠬᠦ ᠤᠶᠢᠭᠡᠢ ᠪᠠᠶᠢᠯᠭᠠᠨ᠎ᠠ ᠃ ᠰᠠᠴᠤᠵᠤ ᠳᠠᠷᠢᠬᠤ ᠮᠠᠰᠢᠨ ᠨᠢ ᠭᠠᠵᠠᠷ ᠣᠷᠣᠨ ᠪᠠ ᠦᠷ᠎ᠡ ᠶᠢᠨ ᠠᠳᠠᠯᠢ | ᠪᠤᠰᠤ ᠠᠴᠠ ᠪᠣᠯᠵᠤ ᠠᠳᠠᠯᠢ ᠪᠤᠰᠤ ᠪᠠᠶᠢᠵᠤ᠂ ᠭᠠᠷ ᠢᠶᠠᠷ ᠡᠷᠭᠢᠭᠦᠯᠵᠦ ᠳᠠᠷᠢᠬᠤ ᠮᠠᠰᠢᠨ ᠨᠢ ᠬᠤᠨᠢᠨ ᠲᠦᠯᠡᠭᠡ᠂ | ᠴᠠᠷᠭᠠᠰᠤ᠂ ᠬᠦᠴᠢᠩᠭᠢ ᠪᠠ ᠱᠠᠳᠠᠸᠤᠨ ᠵᠡᠷᠭᠡ ᠶᠢ ᠰᠠᠴᠤᠵᠤ ᠳᠠᠷᠢᠬᠤ ᠳᠤ ᠲᠣᠬᠢᠷᠠᠮᠵᠢᠲᠠᠢ ᠪᠠᠶᠢᠳᠠᠭ᠃ ᠨᠢᠰᠬᠡᠯ ᠢᠶᠠᠷ | ᠡᠪᠡᠰᠦ ᠲᠠᠷᠢᠬᠤ ᠨᠢ ᠪᠠᠰᠠ ᠨᠢᠭᠡ ᠵᠦᠢᠯ ᠤᠨ ᠰᠠᠴᠤᠵᠤ ᠲᠠᠷᠢᠬᠤ ᠶᠠᠪᠤᠳᠠᠯ ᠪᠣᠯᠣᠨ᠎ᠠ ᠃ ᠠᠭᠤᠯᠠᠷᠬᠠᠭ ᠣᠷᠣᠨ ᠂ | ᠨᠤᠲᠤᠭ ᠪᠡᠯᠴᠢᠭᠡᠷ ᠲᠤ ᠰᠠᠴᠤᠵᠤ ᠲᠠᠷᠢᠬᠤ ᠠᠴᠠ ᠡᠮᠦᠨ᠎ᠡ ᠭᠠᠵᠠᠷ ᠤᠨ ᠭᠠᠳᠠᠷᠭᠤ ᠶᠢ ᠰᠠᠶᠢᠲᠤᠷ ᠰᠢᠢᠳᠪᠦᠷᠢᠯᠡᠬᠦ | ᠬᠡᠷᠡᠭᠲᠡᠢ ᠂ ᠡᠯᠡᠰᠦᠷᠬᠡᠭ ᠭᠠᠵᠠᠷ ᠪᠤᠶᠤ ᠡᠯᠡᠰᠦ ᠮᠠᠩᠬᠠᠨ ᠳᠤ ᠨᠢᠰᠬᠡᠯ ᠢᠶᠠᠷ ᠲᠠᠷᠢᠬᠤ ᠳᠤ ᠡᠩ ᠤᠨ ᠪᠠᠶᠢᠳᠠᠯ ᠳᠤ | ᠭᠠᠵᠠᠷ ᠤᠨ ᠭᠠᠳᠠᠷᠭᠤ ᠶᠢ ᠰᠢᠢᠳᠪᠦᠷᠢᠯᠡᠬᠦ ᠠᠵᠢᠯ ᠬᠢᠬᠦ ᠦᠭᠡᠢ ᠃ | ᠪᠣᠷᠳᠣᠭᠤᠷ ᠲᠠᠢ ᠳᠠᠷᠢᠬᠤ ᠄ ᠪᠣᠷᠳᠣᠭᠤᠷ ᠲᠠᠢ ᠳᠠᠷᠢᠬᠤ ᠨᠢ ᠳᠠᠷᠤᠢ ᠳᠠᠷᠢᠬᠤ ᠦᠶ᠎ᠡ ᠳᠤ ᠪᠠᠨ | ᠪᠣᠷᠳᠣᠭᠤᠷ ᠢᠶᠠᠨ ᠰᠢᠭᠤᠳ ᠦᠷ᠎ᠡ ᠶᠢᠨ ᠳᠣᠣᠷ᠎ᠠ ᠣᠷᠣᠭᠤᠯᠬᠤ ᠶᠢ ᠬᠡᠯᠡᠨ᠎ᠡ᠃ ᠪᠣᠷᠳᠣᠭᠤᠷ ᠨᠢ ᠦᠷ᠎ᠡ ᠠᠴᠠ ᠪᠠᠨ | ᠭᠦᠨ ᠪᠤᠯᠠᠭᠳᠠᠳᠠᠭ ᠠᠴᠠ ᠪᠣᠯᠵᠤ ᠂ ᠲᠠᠷᠢᠬᠤ ᠠᠴᠠ ᠪᠠᠨ ᠡᠮᠦᠨ᠎ᠡ ᠪᠣᠷᠳᠣᠭᠤᠷ ᠣᠷᠣᠭᠤᠯᠵᠤ ᠬᠥᠷᠥᠰᠥ ᠶᠢ | ᠬᠦᠷᠪᠡᠭᠦᠯᠦᠭᠡᠳ ᠲᠠᠷᠢᠬᠤ ᠭᠦᠨ ᠳᠤ ᠬᠦᠷᠭᠡᠵᠦ ᠂ ᠳᠠᠷᠠᠭ᠎ᠠ ᠳᠤ ᠨᠢ ᠦᠷ᠎ᠡ ᠰᠠᠴᠤᠵᠤ ᠲᠠᠷᠢᠳᠠᠭ ᠃ ᠡᠨᠡ ᠨᠢ | ᠨᠡᠯᠢᠶᠡᠳ ᠳᠠᠪᠰᠢᠩᠭᠤᠢ ᠳᠠᠷᠢᠬᠤ ᠠᠷᠭ᠎ᠠ ᠪᠠᠶᠢᠵᠤ᠂ ᠡᠪᠡᠰᠦ ᠶᠢ ᠨᠢᠯᠬ᠎ᠠ ᠴᠢᠬᠢ ᠶᠢᠨ ᠦᠶ᠎ᠡ ᠳᠤ ᠨᠢ ᠴᠠᠭ | ᠲᠤᠬᠠᠢ ᠳᠤ ᠨᠢ ᠬᠠᠩᠭᠠᠮᠵᠢᠲᠠᠢ ᠰᠢᠮ᠎ᠡ ᠲᠡᠵᠢᠭᠡᠯ ᠲᠠᠢ ᠪᠣᠯᠭᠠᠳᠠᠭ᠃ ᠪᠣᠷᠳᠣᠭᠤᠷ ᠲᠠᠢ ᠲᠠᠷᠢᠬᠤ ᠳᠤ ᠭᠤᠣᠯᠳᠠᠭᠤ | ᠹᠣᠰᠹᠣᠷ ᠪᠣᠷᠳᠣᠭᠤᠷ ᠣᠷᠣᠭᠤᠯᠤᠨ᠎ᠠ ᠂ ᠪᠠᠰᠠ ᠠᠽᠣᠲ ᠪᠣᠷᠳᠣᠭᠤᠷ ᠪᠠ ᠺᠠᠯᠢ ᠪᠣᠷᠳᠣᠭᠤᠷ ᠵᠤᠷᠪᠤᠰᠯᠠᠨ ᠣᠷᠣᠭᠤᠯᠵᠤ | ᠪᠣᠯᠣᠨ᠎ᠠ ᠃ ᠪᠣᠷᠳᠣᠭᠤᠷ ᠣᠷᠣᠭᠤᠯᠬᠤ ᠭᠦᠨ ᠤ ᠬᠡᠮᠵᠢᠶ᠎ᠡ ᠨᠢ ᠶᠡᠷᠦ ᠳᠤ ᠪᠠᠨ ᠲᠠᠷᠢᠬᠤ ᠬᠡᠮᠵᠢᠶ᠎ᠡ ᠠᠴᠠ ᠳᠣᠷᠣᠭᠰᠢ | 4 ~ 6 ᠰᠠᠨᠲ᠋ᠢᠮᠧᠲᠷ ᠪᠠᠶᠢᠳᠠᠭ ᠃ | ᠠᠨᠵᠢᠰᠤᠨ ᠰᠤᠪᠠᠭ ᠢᠶᠠᠷ ᠳᠠᠷᠢᠬᠤ ᠄ ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠣᠷᠣᠨ ᠳᠤ ᠳᠠᠷᠢᠬᠤ | ᠬᠤᠭᠤᠴᠠᠭᠠᠨ ᠳᠤ 5 ~ 6 ᠰᠠᠨᠲ᠋ᠢᠮᠧᠲᠷ ᠬᠠᠭᠤᠷᠠᠢ ᠰᠢᠷᠣᠢ ᠶᠢᠨ ᠳᠠᠪᠬᠤᠷᠭ᠎ᠠ ᠲᠠᠢ᠃ ᠲᠠᠷᠢᠬᠤ ᠳᠤ ᠪᠠᠨ | ᠤᠷᠢᠳ ᠢᠶᠠᠷ ᠰᠤᠪᠠᠭ ᠢ ᠨᠢ ᠭᠠᠷᠭᠠᠵᠤ ᠬᠥᠷᠥᠰᠥ ᠶᠢ ᠨᠢ ᠬᠤᠪᠢᠶᠠᠨ ᠂ ᠰᠤᠪᠠᠭ ᠤᠨ ᠨᠣᠶᠢᠲᠠᠨ ᠬᠥᠷᠥᠰᠥᠨ ᠤ | ᠳᠠᠪᠬᠤᠷᠭ᠎ᠠ ᠳᠡᠭᠡᠷ᠎ᠡ ᠡᠪᠡᠰᠦᠨ ᠤ ᠦᠷ᠎ᠡ ᠶᠢ ᠲᠠᠷᠢᠨ᠎ᠠ ᠃ ᠲᠤᠰᠬᠠᠢ ᠬᠡᠷᠡᠭᠯᠡᠬᠦ ᠠᠨᠵᠢᠰᠤᠨ ᠰᠤᠪᠠᠭ ᠤᠨ ᠦᠷ᠎ᠡ | ᠰᠠᠴᠤᠬᠤ ᠮᠠᠰᠢᠨ ᠪᠤᠶᠤ ᠬᠥᠮᠥᠨ ᠤ ᠬᠦᠴᠦ ᠪᠠᠷ᠂ ᠮᠠᠯ ᠤᠨ ᠬᠦᠴᠦ ᠪᠠᠷ ᠰᠤᠪᠠᠭ ᠭᠠᠷᠭᠠᠨ ᠦᠷ᠎ᠡ ᠰᠠᠴᠤᠳᠠᠭ᠃ | ᠥᠨᠳᠥᠷ ᠬᠦᠢᠲᠡᠨ ᠣᠷᠣᠨ ᠳᠤ ᠣᠯᠠᠩᠬᠢ ᠳᠤ ᠪᠠᠨ ᠡᠨᠡ ᠠᠷᠭ᠎ᠠ ᠶᠢ ᠬᠡᠷᠡᠭᠯᠡᠵᠦ ᠲᠠᠷᠢᠳᠠᠭ ᠃ | ᠲᠡᠵᠢᠭᠡᠯ ᠡᠪᠡᠰᠦᠨ ᠤ ᠲᠠᠷᠢᠬᠤ ᠭᠦᠨ ᠤ ᠬᠡᠮᠵᠢᠶ᠎ᠡ ᠄ ᠲᠡᠵᠢᠭᠡᠯ ᠡᠪᠡᠰᠦᠨ ᠤ ᠲᠠᠷᠢᠬᠤ ᠭᠦᠨ ᠤ ᠬᠡᠮᠵᠢᠶ᠎ᠡ ᠨᠢ | ᠭᠤᠣᠯᠳᠠᠭᠤ ᠦᠷ᠎ᠡ ᠶᠢᠨ ᠶᠡᠭᠡ ᠪᠠᠭ᠎ᠠ ᠂ ᠬᠥᠷᠥᠰᠥᠨ ᠤ ᠤᠰᠤᠨ ᠤ ᠠᠭᠤᠯᠤᠭᠳᠠᠴᠠ ᠪᠠ ᠬᠥᠷᠥᠰᠥᠨ ᠤ ᠴᠢᠨᠠᠷ ᠢᠶᠠᠷ | ᠲᠣᠭᠲᠠᠭᠠᠭᠳᠠᠨ᠎ᠠ ᠃ ᠡᠩ ᠤᠨ ᠪᠠᠶᠢᠳᠠᠯ ᠳᠤ ᠠᠪᠴᠤ ᠬᠡᠯᠡᠪᠡᠯ᠂ ᠡᠪᠡᠰᠦ ᠪᠣᠷᠳᠤᠭ᠎ᠠ ᠶᠢ ᠭᠦᠢᠬᠡᠨ ᠢᠶᠠᠷ ᠲᠠᠷᠢᠪᠠᠯ | ᠲᠣᠬᠢᠷᠠᠮᠵᠢᠲᠠᠢ ᠂ ᠬᠠᠷᠢᠨ ᠪᠤᠷᠴᠠᠭ ᠤᠨ ᠢᠵᠠᠭᠤᠷ ᠤᠨ ᠡᠪᠡᠰᠦ ᠪᠣᠷᠳᠤᠭ᠎ᠠ ᠶᠢ ᠦᠶᠡᠲᠦ ᠤᠷᠭᠤᠮᠠᠯ ᠤᠨ | ᠢᠵᠠᠭᠤᠷ ᠤᠨ ᠡᠪᠡᠰᠦ ᠠᠴᠠ ᠨᠡᠩ ᠭᠦᠢᠬᠡᠨ ᠢᠶᠠᠷ ᠲᠠᠷᠢᠪᠠᠯ ᠵᠣᠬᠢᠨ᠎ᠠ ᠃ ᠣᠨᠴᠠᠭᠠᠶᠢᠯᠠᠨ ᠦᠷ᠎ᠡ ᠶᠢᠨ ᠨᠠᠪᠴᠢ ᠠᠴᠠ | ᠣᠯᠳᠠᠭᠰᠠᠨ ᠡᠪᠡᠰᠦ ᠡᠪᠡᠰᠦ ᠂ ᠵᠢᠱᠢᠶᠡᠯᠡᠪᠡᠯ ᠬᠦᠷᠡᠩ ᠴᠠᠷᠭᠠᠰᠤ ᠂ ᠤᠯᠠᠭᠠᠨ ᠪᠤᠷᠴᠠᠭ ᠤᠨ ᠡᠪᠡᠰᠦ ᠶᠢ ᠬᠡᠳᠦ ᠭᠦᠨ | ᠲᠠᠷᠢᠪᠠᠯ ᠦᠷ᠎ᠡ ᠶᠢᠨ ᠨᠠᠪᠴᠢ ᠠᠴᠠ ᠣᠯᠳᠠᠵᠤ ᠪᠦᠲᠡᠵᠦ ᠦᠬᠦᠳᠡᠭ ᠃ ᠡᠪᠡᠰᠦ ᠶᠢ 2 ~ 4 ᠰᠠᠨᠲ᠋ᠢᠮᠧᠲᠷ ᠭᠦᠨ | ᠳᠠᠷᠢᠪᠠᠯ ᠵᠣᠬᠢᠨ᠎ᠠ᠃ ᠰᠡᠶᠢᠷᠡᠭ ᠬᠥᠷᠥᠰᠥ ︵ ᠡᠯᠡᠰᠦᠷᠬᠡᠭ ᠰᠢᠷᠣᠢ ︶ ᠶᠢᠨ ᠵᠢᠵᠢᠭ ᠮᠥᠬᠦᠯᠢᠭᠲᠦ ᠦᠷ᠎ᠡ ᠶᠢ 2 | ᠰᠠᠨᠲ᠋ᠢᠮᠧᠲᠷ ᠂ ᠲᠣᠮᠣ ᠮᠥᠬᠦᠯᠢᠭᠲᠦ ᠦᠷ᠎ᠡ ᠶᠢ 3~4 ᠰᠠᠨᠲ᠋ᠢᠮᠧᠲᠷ ᠢᠶᠠᠷ ᠲᠠᠷᠢᠵᠦ ᠣᠷᠣᠭᠤᠯᠤᠨ᠎ᠠ ︔ ᠨᠢᠭᠳᠠ | ᠬᠥᠷᠥᠰᠥᠨ ᠳᠤ 1.5 ~ 2 ᠰᠠᠨᠲ᠋ᠢᠮᠧᠲᠷ ᠭᠦᠨ ᠳᠠᠷᠢᠨ᠎ᠠ᠃ | ᠲᠠᠷᠢᠬᠤ ᠶᠢᠨ ᠪᠤᠰᠤᠳ ᠱᠠᠭᠠᠷᠳᠠᠯᠭ᠎ᠠ ᠄ ᠰᠠᠶᠢᠲᠤᠷ ᠰᠢᠢᠳᠪᠦᠷᠢᠯᠡᠭᠰᠡᠨ ᠦᠷ᠎ᠡ ᠶᠢ ᠲᠠᠷᠢᠬᠤ ᠳᠤ ᠪᠠᠨ | ᠮᠠᠰᠢᠨ ᠢᠶᠠᠷ ᠳᠠᠷᠢᠭᠰᠠᠨ ᠴᠤ ᠲᠡᠷᠡ ᠂ ᠬᠥᠮᠥᠨ ᠤ ᠬᠦᠴᠦ ᠪᠠᠷ ᠳᠠᠷᠢᠭᠰᠠᠨ ᠴᠤ ᠲᠡᠷᠡ ᠴᠥᠮ ᠵᠢᠭᠳᠡ ᠲᠠᠷᠢᠬᠤ | ᠬᠡᠷᠡᠭᠳᠡᠢ᠂ ᠳᠠᠷᠢᠭᠰᠠᠨ ᠤ ᠲᠠᠷᠠᠭ᠎ᠠ ᠬᠥᠩᠭᠡᠨ ᠨᠠᠷᠬᠠᠳᠠᠬᠤ᠂ ᠲᠠᠪᠰᠢᠵᠦ ᠲᠡᠭᠰᠢᠯᠡᠬᠦ ᠨᠢ ᠰᠢᠷᠤᠢ ᠬᠤᠴᠢᠬᠤ ᠪᠠ | ᠵᠢᠭᠳᠡ ᠲᠠᠷᠤᠰᠢᠭᠤᠯᠬᠤ ᠦᠢᠯᠡᠳᠦᠯ ᠲᠠᠢ᠃ ᠵᠤᠷᠪᠤᠰᠯᠠᠨ ᠳᠠᠷᠢᠬᠤ ᠳᠤ ᠰᠢᠷᠣᠢ ᠬᠤᠴᠢᠵᠦ ᠲᠠᠷᠤᠬᠤ ᠬᠡᠷᠡᠭᠲᠡᠢ ᠃ | ᠰᠠᠴᠤᠵᠦ ᠲᠠᠷᠢᠬᠤ ᠳᠤ᠂ ᠵᠢᠱᠢᠶᠡᠯᠡᠪᠡᠯ ᠨᠠᠮᠤᠷ ᠤᠨ ᠲᠠᠷᠢᠶᠠᠯᠠᠭ᠎ᠠ ᠶᠢᠨ ᠭᠠᠵᠠᠷ ᠳᠠᠷᠢᠬᠤ ᠳᠤ᠂ ᠭᠠᠵᠠᠷ ᠰᠢᠷᠣᠢ ᠴᠡᠪᠡᠷ | ᠪᠥᠭᠡᠳ ᠬᠤᠭ ᠡᠪᠡᠰᠦ ᠦᠭᠡᠢ ᠪᠣᠯ ᠵᠢᠵᠢᠭ ᠮᠥᠬᠦᠯᠢᠭ ᠪᠤᠷᠴᠠᠭ ᠤᠨ ᠢᠵᠠᠭᠤᠷ ᠤᠨ ᠡᠪᠡᠰᠦ ᠳᠠᠷᠢᠬᠤ ᠳᠤ ᠰᠢᠷᠤᠢ | ᠲᠠᠷᠤᠬᠤ ᠴᠢᠬᠤᠯᠠ ᠦᠭᠡᠢ᠂ ᠶᠡᠭᠡ ᠬᠡᠪᠴᠢᠶᠡᠨ ᠤ ᠨᠢᠰᠬᠡᠯ ᠢᠶᠠᠷ ᠳᠠᠷᠢᠬᠤ ᠣᠷᠣᠨ ᠳᠤ ᠬᠤᠨᠢᠨ ᠰᠦᠷᠦᠭ ᠢᠶᠠᠷ | ᠭᠢᠰᠭᠢᠭᠦᠯᠵᠦ ᠪᠣᠯᠣᠨ᠎ᠠ᠃ | |