ᠦᠬᠡᠷ ᠤᠨ ᠬᠢᠮᠤᠷᠠᠭ᠎ᠠ ᠶᠢᠨ ᠰᠢᠯᠲᠠᠭᠠᠨ ᠮᠠᠰᠢ ᠣᠯᠠᠨ ᠪᠠᠶᠢᠳᠠᠭ᠃ ᠵᠢᠱᠢᠶᠡᠯᠡᠪᠡᠯ᠂ ᠴᠠᠭ ᠠᠭᠤᠷ ᠤᠨ | ᠭᠡᠨᠡᠳᠲᠡ ᠶᠢᠨ ᠬᠤᠪᠢᠷᠠᠯᠲᠠ ᠠᠴᠠ ᠪᠣᠯᠵᠤ ᠦᠬᠡᠷ ᠲᠠᠭᠰᠢᠭᠤᠷ ᠲᠤ ᠨᠡᠷᠪᠡᠭᠳᠡᠵᠦ᠂ ᠢᠳᠡᠭᠡᠨ ᠤᠮᠳᠠᠭᠠᠨ ᠵᠣᠬᠢᠰ | ᠦᠭᠡᠢ ᠠᠴᠠ ᠪᠣᠯᠤᠭᠰᠠᠨ ᠬᠢᠮᠤᠷᠠᠭ᠎ᠠ ᠂ ᠤᠷᠲᠤ ᠬᠤᠭᠤᠴᠠᠭ᠎ᠠ ᠪᠠᠷ ᠵᠥᠭᠡᠭᠡᠪᠦᠷᠢᠯᠡᠬᠦ ᠪᠠᠷ ᠳᠠᠮᠵᠢᠨ ᠪᠡᠶ᠎ᠡ ᠶᠢᠨ | ᠠᠵᠢᠯᠯᠠᠭ᠎ᠠ ᠶᠢ ᠮᠠᠭᠤᠳᠠᠭᠤᠯᠤᠭᠰᠠᠨ ᠠᠴᠠ ᠪᠣᠯᠤᠭᠰᠠᠨ ᠬᠢᠮᠤᠷᠠᠭ᠎ᠠ ᠂ ᠲᠡᠵᠢᠭᠡᠨ ᠦᠷᠡᠵᠢᠭᠦᠯᠬᠦ ᠲᠠᠯᠠᠪᠤᠷ ᠤᠨ | ᠤᠷᠲᠤᠬᠤᠭᠤᠴᠠᠭᠠᠨ ᠤ ᠴᠢᠬᠢᠭᠳᠦᠯ ᠠᠴᠠ ᠪᠣᠯᠤᠭᠰᠠᠨ ᠬᠢᠮᠤᠷᠠᠭ᠎ᠠ ᠂ ᠬᠥᠳᠡᠯᠭᠡᠭᠡᠨ ᠭᠡᠲᠦᠷᠡᠵᠦ ᠬᠥᠯᠥᠰᠦ | ᠭᠠᠷᠤᠭᠰᠠᠨ ᠠᠴᠠ ᠪᠣᠯᠤᠭᠰᠠᠨ ᠬᠢᠮᠤᠷᠠᠭ᠎ᠠ ᠂ ᠤᠷᠲᠤ ᠬᠤᠭᠤᠴᠠᠭ᠎ᠠ ᠪᠠᠷ ᠬᠥᠳᠡᠯᠭᠡᠭᠡᠨ ᠬᠢᠭᠰᠡᠨ ᠦᠭᠡᠢ ᠠᠴᠠ ᠪᠣᠯᠵᠤ | ᠪᠡᠶ᠎ᠡ ᠮᠠᠬᠠᠪᠤᠳ ᠮᠠᠭᠤᠳᠠᠭᠰᠠᠨ ᠠᠴᠠ ᠪᠣᠯᠤᠭᠰᠠᠨ ᠬᠢᠮᠤᠷᠠᠭ᠎ᠠ ᠵᠢᠴᠢ ᠪᠣᠷᠣᠭᠠᠨ ᠳᠤ ᠨᠣᠷᠣᠭᠳᠠᠭᠰᠠᠨ ᠤ ᠳᠠᠷᠠᠭ᠎ᠠ | ᠰᠡᠷᠭᠡᠶᠢᠯᠡᠬᠦ ᠠᠷᠭ᠎ᠠ ᠬᠡᠮᠵᠢᠶ᠎ᠡ ᠠᠪᠤᠭᠰᠠᠨ ᠦᠭᠡᠢ ᠠᠴᠠ ᠪᠣᠯᠤᠭᠰᠠᠨ ᠬᠢᠮᠤᠷᠠᠭ᠎ᠠ ᠵᠡᠷᠭᠡ ᠃ ᠡᠳᠡᠭᠡᠷ ᠨᠢ ᠴᠥᠮ | ᠦᠬᠡᠷ ᠤᠨ ᠬᠢᠮᠤᠷᠠᠭ᠎ᠠ ᠶᠢ ᠡᠭᠦᠰᠬᠡᠭᠰᠡᠨ ᠰᠢᠯᠲᠠᠭᠠᠨ ᠪᠣᠯᠣᠨ᠎ᠠ᠃ | ᠬᠢᠮᠤᠷᠠᠭ᠎ᠠ ᠡᠪᠡᠳᠴᠢᠨ ᠤ ᠰᠢᠨᠵᠢ ᠄ | ᠦᠬᠡᠷ ᠤᠨ ᠬᠢᠮᠤᠷᠠᠭ᠎ᠠ ᠨᠢ ᠠᠮᠢᠰᠬᠤᠯ ᠳᠠᠪᠬᠤᠴᠠᠬᠤ ᠂ ᠪᠡᠶ᠎ᠡ ᠶᠢᠨ ᠳᠤᠯᠠᠭᠠᠨ ᠳᠡᠭᠡᠭᠰᠢᠯᠡᠬᠦ᠂ ᠨᠢᠳᠦ ᠨᠢ | ᠪᠦᠷᠲᠦᠯᠵᠡᠵᠦ ᠨᠢᠯᠪᠤᠰᠤ ᠭᠤᠭᠤᠵᠢᠬᠤ᠂ ᠵᠠᠷᠢᠮ ᠳᠠᠭᠠᠨ ᠬᠠᠨᠢᠶᠠᠬᠤ ᠲᠠᠢ ᠠᠳᠠᠯᠢᠪᠲᠤᠷ ᠳᠠᠭᠤᠨ ᠭᠠᠷᠴᠤ ᠡᠭᠦᠨ ᠤ | ᠬᠠᠮᠲᠤ ᠲᠤᠶᠢᠯ ᠢᠶᠠᠷ ᠪᠠᠴᠢᠮᠳᠠᠬᠤ᠂ ᠵᠠᠷᠢᠮ ᠳᠠᠭᠠᠨ ᠪᠠᠰᠠ ᠨᠢᠰᠤ ᠭᠤᠭᠤᠵᠢᠬᠤ ᠪᠠᠶᠢᠳᠠᠯ ᠭᠠᠷᠳᠠᠭ ᠂ ᠵᠠᠷᠢᠮ ᠨᠢ | ᠪᠠᠭᠠᠰᠤ ᠠᠯᠳᠠᠬᠤ᠂ ᠲᠠᠭᠤ ᠨᠢ ᠰᠥᠭᠡᠩᠭᠢᠲᠦᠬᠦ ᠂ ᠢᠳᠡᠭᠡᠨ ᠤ ᠳᠤᠷᠠᠰᠢᠯ ᠮᠠᠭᠤᠳᠠᠬᠤ ᠵᠡᠷᠭᠡ ᠪᠠᠷ ᠢᠯᠡᠷᠡᠨ᠎ᠡ ᠂ ᠪᠠᠰᠠ | ᠵᠠᠷᠢᠮ ᠨᠢ ᠤᠷᠤᠭᠤᠯ ᠬᠡᠯᠡ ᠨᠢ ᠴᠠᠶᠢᠷᠠᠬᠤ ᠂ ᠲᠠᠮᠢᠷ ᠲᠡᠩᠬᠡᠭᠡ ᠦᠭᠡᠢ ᠪᠣᠯᠬᠤ ᠵᠢᠴᠢ ᠳᠠᠭᠵᠢᠨ ᠴᠡᠴᠡᠷᠡᠬᠦ ᠪᠠᠶᠢᠳᠠᠯ | ᠭᠠᠷᠤᠨ᠎ᠠ ᠂ ᠪᠢᠳᠡ ᠴᠠᠭ ᠲᠤᠬᠠᠢ ᠳᠤ ᠨᠢ ᠡᠮᠨᠡᠨ ᠵᠠᠰᠠᠬᠤ ᠬᠡᠷᠡᠭᠲᠡᠢ ᠂ ᠡᠰᠡ ᠲᠡᠭᠡᠪᠡᠯ ᠦᠬᠡᠷ ᠰᠦᠷᠡᠬᠡᠢ ᠡᠴᠡᠵᠦ | ᠲᠤᠷᠠᠬᠤ ᠪᠤᠶᠤ ᠴᠢᠨᠠᠭᠰᠢᠯᠠᠪᠠᠯ ᠦᠬᠦᠵᠦ ᠮᠡᠳᠡᠨ᠎ᠡ᠂ ᠬᠡᠯᠡᠯᠭᠡᠨ ᠦᠭᠡᠢ ᠲᠡᠭᠦᠨ ᠤ ᠡᠮ ᠤᠤᠭᠤᠬᠤ ᠦᠭᠡᠢ ᠪᠠᠷ | ᠡᠳᠡᠭᠡᠷᠡᠬᠦ ᠶᠢ ᠦᠭᠡᠶᠢᠰᠬᠡᠵᠦ ᠪᠣᠯᠬᠤ ᠦᠭᠡᠢ ᠂ ᠭᠡᠪᠡᠴᠦ ᠪᠤᠯᠤᠯᠴᠠᠭᠠᠲᠤ ᠴᠢᠨᠠᠷ ᠲᠡᠶᠢᠮᠦ ᠥᠨᠳᠥᠷ ᠪᠢᠰᠢ ᠶᠤᠮ ᠃ | ᠬᠠᠯᠠᠭᠤᠨ ᠬᠢᠮᠤᠷᠠᠭ᠎ᠠ ( ᠭᠠᠳᠠᠷ ᠬᠠᠯᠠᠭᠤᠨ ᠤ ᠬᠡᠯᠪᠡᠷᠢ )᠃ ᠭᠤᠣᠯᠳᠠᠭᠤ ᠭᠠᠳᠠᠨ᠎ᠠ ᠠᠴᠠ ᠰᠠᠯᠬᠢᠨ ᠤ ᠭᠡᠮ ᠂ | ᠬᠠᠯᠠᠭᠤᠨ ᠤ ᠰᠢᠨᠵᠢ ᠠᠴᠠ ᠡᠭᠦᠰᠴᠦ ᠂ ᠵᠢᠯ ᠤᠨ ᠳᠥᠷᠪᠡᠨ ᠤᠯᠠᠷᠢᠯ ᠳᠤ ᠪᠦᠷ ᠡᠭᠦᠰᠳᠡᠭ ᠂ ᠲᠡᠭᠦᠨ ᠤ ᠭᠤᠣᠯ | ᠢᠯᠡᠷᠡᠯ ᠨᠢ ᠄ ᠪᠡᠶ᠎ᠡ ᠶᠢᠨ ᠬᠠᠯᠠᠭᠤᠨ ᠳᠡᠭᠡᠭᠰᠢᠯᠡᠨ 39 — 40 ᠳᠤ ᠬᠦᠷᠴᠦ ᠂ ᠠᠮᠢᠰᠬᠤᠯ ᠲᠦᠷᠭᠡᠰᠴᠦ ᠂ | ᠠᠮᠢᠰᠬᠤᠭ᠎ᠠ ᠭᠠᠷᠭᠠᠬᠤ ᠨᠢ ᠤᠷᠲᠤ᠂ ᠬᠠᠯᠠᠭᠤᠨ ᠲᠠᠢ ᠰᠠᠨᠠᠭᠳᠠᠬᠤ ᠂ ᠠᠭᠤᠰᠬᠢᠨ ᠴᠥᠪᠥᠷᠢᠭᠦᠦ ᠶᠢᠨ ᠠᠮᠢᠰᠬᠤᠯ ᠤᠨ | ᠳᠠᠭᠤᠨ ᠪᠦᠳᠦᠭᠦᠷᠡᠬᠦ ᠂ ᠰᠤᠳᠠᠯ ᠤᠨ ᠯᠤᠭᠰᠢᠯᠲᠠ ᠲᠦᠷᠭᠡᠰᠬᠦ ᠂ ᠬᠤᠭᠤᠯᠠᠢ ᠬᠠᠪᠤᠳᠬᠤ ᠂ ᠬᠡᠯᠡ ᠠᠮᠠ ᠨᠢ | ᠤᠯᠠᠶᠢᠬᠤ ᠂ ᠬᠠᠨᠢᠶᠠᠬᠤ ᠨᠢ ᠰᠢᠯᠤᠭᠤᠨ ᠪᠤᠰᠤ ᠂ ᠲᠥᠪᠥᠩᠬᠡᠢ ᠨᠢ ᠬᠦᠨᠳᠦᠭᠦᠷᠢ ᠪᠠᠶᠢᠳᠠᠭ ᠃ ᠴᠢᠬᠢ᠂ ᠬᠠᠮᠠᠷ᠂ | ᠳᠥᠷᠪᠡᠨ ᠮᠥᠴᠢ ᠨᠢ ᠪᠦᠷ ᠪᠦᠯᠢᠶᠡᠨ ᠬᠠᠯᠠᠭᠤᠨ᠂ ᠪᠠᠭᠠᠰᠤ ᠨᠢ ᠬᠠᠭᠤᠷᠠᠶᠢᠰᠢᠵᠤ᠂ ᠰᠢᠭᠡᠰᠦ ᠨᠢ ᠪᠠᠭ᠎ᠠ ᠮᠥᠷᠲᠡᠭᠡᠨ | ᠰᠢᠷ᠎ᠠ ᠪᠠᠶᠢᠳᠠᠭ᠃ | ᠬᠦᠢᠲᠡᠨ ᠬᠢᠮᠤᠷᠠᠭ᠎ᠠ (ᠭᠠᠳᠠᠷ ᠬᠦᠢᠲᠡᠨ ᠤ ᠬᠡᠯᠪᠡᠷᠢ)᠃ ᠭᠤᠣᠯᠳᠠᠭᠤ ᠭᠠᠳᠠᠨ᠎ᠠ ᠠᠴᠠ ᠰᠠᠯᠬᠢᠨ ᠤ ᠭᠡᠮ ᠂ | ᠬᠦᠢᠲᠡᠨ ᠤ ᠭᠡᠮ ᠠᠴᠠ ᠡᠭᠦᠰᠳᠡᠭ ᠂ ᠡᠪᠦᠯ ᠂ ᠬᠠᠪᠤᠷ ᠤᠨ ᠤᠯᠠᠷᠢᠯ ᠳᠤ ᠣᠯᠠᠨ ᠲᠣᠬᠢᠶᠠᠯᠳᠤᠳᠠᠭ ᠂ ᠪᠤᠰᠤᠳ | ᠤᠯᠠᠷᠢᠯ ᠳᠤ ᠪᠠᠰᠠ ᠡᠭᠦᠰᠳᠡᠭ ᠃ ᠲᠡᠭᠦᠨ ᠤ ᠭᠤᠣᠯ ᠢᠯᠡᠷᠡᠯ ᠨᠢ ᠄ ᠪᠡᠶ᠎ᠡ ᠶᠢᠨ ᠬᠠᠯᠠᠭᠤᠨ ᠡᠷᠡᠭᠦᠯ ᠪᠤᠶᠤ ᠵᠢᠭᠠᠬᠠᠨ | ᠳᠡᠭᠡᠭᠰᠢᠯᠡᠬᠦ ᠂ ᠴᠤᠭ ᠰᠦᠯᠳᠡ ᠮᠠᠭᠤᠳᠠᠬᠤ ᠂ ᠨᠢᠰᠤ ᠭᠤᠭᠤᠵᠢᠬᠤ ᠂ ᠠᠮᠠᠨ ᠤ ᠬᠥᠨᠳᠡᠢ ᠨᠢ ᠪᠦᠯᠢᠶᠡᠨ᠂ ᠦᠰᠦ | ᠠᠷᠠᠰᠤ ᠢ ᠰᠢᠷᠢᠯᠳᠦᠬᠦ᠂ ᠦᠷᠭᠦᠯᠵᠢ ᠬᠠᠨᠢᠶᠠᠬᠤ ᠂ ᠵᠠᠷᠢᠮ ᠲᠠᠭᠠᠨ ᠨᠢᠰᠤ ᠭᠠᠷᠴᠤ ᠵᠠᠷᠢᠮ ᠲᠠᠭᠠᠨ ᠨᠢᠰᠤ ᠦᠭᠡᠢ᠂ | ᠠᠮᠠ ᠨᠢ ᠪᠤᠭᠤᠷᠤᠯ ᠴᠠᠭᠠᠨ ᠪᠣᠯᠬᠤ ᠵᠡᠷᠭᠡ᠃ | ᠬᠠᠭᠠᠰ ᠭᠠᠳᠠᠷ ᠬᠠᠭᠠᠰ ᠳᠣᠲᠣᠷ ᠬᠡᠯᠪᠡᠷᠢ ᠲᠠᠢ᠃ ᠲᠡᠭᠦᠨ ᠤ ᠭᠤᠣᠯ ᠢᠯᠡᠷᠡᠯ ᠨᠢ ᠄ ᠭᠠᠳᠠᠷ ᠬᠠᠯᠳᠠᠪᠤᠷᠢᠯᠠᠯ ᠤᠨ | ᠡᠪᠡᠳᠴᠢᠨ ᠤ ᠶᠠᠪᠤᠴᠠ ᠤᠷᠲᠤᠳᠬᠠᠭᠳᠠᠬᠤ ᠂ ᠪᠠᠭ᠎ᠠ ᠬᠠᠯᠠᠭᠤᠷᠠᠭᠠᠳ ᠪᠠᠭᠤᠷᠠᠬᠤ ᠦᠭᠡᠢ ᠂ ᠴᠤᠭ ᠰᠦᠯᠳᠡ | ᠮᠠᠭᠤᠳᠠᠬᠤ ᠂ ᠬᠠᠯᠠᠭᠤᠨ ᠬᠦᠢᠲᠡᠨ ᠰᠣᠯᠪᠢᠴᠠᠬᠤ᠂ ᠵᠢᠬᠡᠭᠦᠴᠡᠬᠦ ᠦᠶ᠎ᠡ ᠳᠤ ᠨᠢᠷᠤᠭᠤ ᠨᠢ ᠭᠤᠯᠳᠤᠩᠨᠠᠨ ᠦᠰᠦ ᠨᠢ | ᠪᠣᠰᠴᠤ ᠂ ᠬᠡᠯᠡᠨ ᠤ ᠥᠩᠭᠦᠷ ᠨᠢ ᠨᠢᠮᠭᠡᠨ ᠴᠠᠭᠠᠨ ᠪᠣᠯᠬᠤ ᠵᠡᠷᠭᠡ᠃ | ᠰᠡᠷᠭᠡᠶᠢᠯᠡᠨ ᠵᠠᠰᠠᠬᠤ ᠠᠷᠭ᠎ᠠ ᠄ | ᠬᠡᠯᠡᠯᠭᠡᠨ ᠦᠭᠡᠢ ᠦᠬᠡᠷ ᠤᠨ ᠬᠢᠮᠤᠷᠠᠭᠠᠨ ᠤ ᠠᠳᠠᠯᠢ ᠪᠤᠰᠤ ᠢᠯᠡᠷᠡᠯ ᠢ ᠦᠨᠳᠦᠰᠦᠯᠡᠨ ᠠᠳᠠᠯᠢ ᠪᠤᠰᠤ ᠶᠢᠨ | ᠰᠡᠷᠭᠡᠶᠢᠯᠡᠨ ᠵᠠᠰᠠᠬᠤ ᠠᠷᠭ᠎ᠠ ᠪᠠᠶᠢᠳᠠᠭ᠂ ᠭᠡᠪᠡᠴᠦ ᠬᠠᠮᠤᠭ ᠤᠨ ᠭᠤᠣᠯ ᠨᠢ ᠬᠢᠮᠤᠷᠠᠭ᠎ᠠ ᠶᠢ ᠰᠡᠷᠭᠡᠶᠢᠯᠡᠬᠦ ᠪᠠᠷ ᠭᠤᠣᠯ | ᠪᠣᠯᠭᠠᠨ᠎ᠠ᠃ ᠪᠢᠳᠡ ᠬᠢᠵᠢᠭ ᠤᠨ ᠬᠤᠨᠴᠢᠷ ᠤᠨ ᠦᠢᠯᠡᠳᠦᠯ ᠢ ᠨᠡᠮᠡᠬᠦ ᠪᠠᠷ ᠳᠠᠮᠵᠢᠨ ᠡᠪᠡᠳᠴᠢᠨ ᠢ ᠡᠰᠡᠷᠭᠦᠴᠡᠬᠦ | ᠴᠢᠳᠠᠪᠤᠷᠢ ᠶᠢ ᠨᠢ ᠳᠡᠭᠡᠭᠰᠢᠯᠡᠭᠦᠯᠵᠦ ᠪᠣᠯᠣᠨ᠎ᠠ ᠂ ᠳᠠᠷᠠᠭ᠎ᠠ ᠳᠤ ᠨᠢ ᠲᠡᠵᠢᠭᠡᠨ ᠠᠷᠠᠴᠢᠯᠠᠬᠤ ᠬᠠᠮᠢᠶᠠᠷᠤᠯᠲᠠ ᠶᠢᠨ | ᠡᠷᠴᠢᠮ ᠢᠶᠠᠨ ᠴᠢᠩᠭᠠᠷᠠᠭᠤᠯᠵᠤ ᠂ ᠴᠠᠭ ᠲᠤᠬᠠᠢ ᠳᠤ ᠨᠢ ᠦᠬᠡᠷ ᠤᠨ ᠬᠠᠰᠢᠶ᠎ᠠ ᠶᠢ ᠴᠡᠪᠡᠷᠯᠡᠬᠦ ᠶᠢᠨ ᠬᠠᠮᠲᠤ ᠦᠬᠡᠷ ᠤᠨ | ᠬᠠᠰᠢᠶ᠎ᠠ ᠶᠢᠨ ᠬᠠᠭᠤᠷᠠᠢ ᠠᠷᠢᠭᠤᠨ ᠴᠡᠪᠡᠷ ᠢ ᠪᠠᠲᠤᠯᠠᠵᠤ ᠂ ᠲᠣᠭᠲᠠᠭᠰᠠᠨ ᠴᠠᠭ ᠦᠭᠡᠢ ᠪᠠᠷ ᠠᠷᠢᠭᠤᠳᠬᠠᠵᠤ | ᠪᠠᠺᠲ᠋ᠧᠷᠢ ᠶᠢ ᠨᠢ ᠤᠰᠠᠳᠬᠠᠨ᠎ᠠ ᠃ ᠲᠡᠵᠢᠭᠡᠯ ᠪᠣᠷᠳᠤᠭ᠎ᠠ ᠳᠤ ᠴᠢᠨᠠᠷ ᠮᠠᠭᠤᠲᠠᠢ ᠦᠢᠯᠡᠳᠬᠦᠨ ᠪᠤᠶᠤ ᠬᠤᠭᠤᠴᠠᠭ᠎ᠠ ᠨᠢ | ᠥᠩᠭᠡᠷᠡᠭᠰᠡᠨ ᠦᠢᠯᠡᠳᠬᠦᠨ ᠢ ᠢᠳᠡᠭᠦᠯᠵᠦ ᠪᠣᠯᠬᠤ ᠦᠭᠡᠢ ᠂ ᠤᠤᠭᠤᠬᠤ ᠤᠰᠤ ᠶᠢ ᠴᠡᠪᠡᠷ ᠪᠥᠭᠡᠳ ᠪᠣᠬᠢᠷᠳᠤᠯ | ᠦᠭᠡᠢ ᠪᠠᠶᠢᠯᠭᠠᠬᠤ ᠬᠡᠷᠡᠭᠲᠡᠢ ᠃ ᠬᠡᠷᠪᠡ ᠪᠣᠷᠣᠭᠠᠨ ᠳᠤ ᠨᠣᠷᠣᠭᠳᠠᠭᠰᠠᠨ ᠪᠠᠶᠢᠪᠠᠯ ᠳᠤᠯᠠᠭᠠᠯᠠᠵᠤ ᠥᠭᠪᠡᠯ ᠵᠣᠬᠢᠨ᠎ᠠ᠂ | ᠡᠰᠡ ᠲᠡᠭᠡᠪᠡᠯ ᠬᠢᠮᠤᠷᠠᠭ᠎ᠠ ᠳᠤ ᠨᠡᠷᠪᠡᠭᠳᠡᠵᠦ ᠮᠡᠳᠡᠨ᠎ᠡ᠃ ᠬᠠᠮᠤᠭ ᠰᠡᠭᠦᠯ ᠳᠤ ᠨᠢ ᠬᠡᠷᠪᠡ ᠬᠢᠮᠤᠷᠠᠭᠰᠠᠨ ᠪᠠᠶᠢᠪᠠᠯ | ᠳᠠᠷᠤᠶᠢᠬᠠᠨ ᠲᠤᠰᠠᠭᠠᠷᠯᠠᠨ᠎ᠠ ᠂ ᠡᠰᠡ ᠲᠡᠭᠡᠪᠡᠯ ᠬᠠᠯᠳᠠᠪᠤᠷᠢᠯᠠᠵᠤ ᠮᠡᠳᠡᠨ᠎ᠡ ᠂ ᠳᠠᠷᠠᠭ᠎ᠠ ᠳᠤ ᠨᠢ ᠡᠪᠡᠰᠦ ᠪᠣᠷᠳᠤᠭ᠎ᠠ ᠶᠢ | ᠢᠯᠡᠭᠦᠬᠡᠨ ᠢᠳᠡᠭᠦᠯᠬᠦ ᠶᠢᠨ ᠬᠠᠮᠲᠤ ᠰᠤ᠋ ᠢ ᠳ᠋ᠠ ᠲᠠᠷᠢᠯᠭ᠎ᠠ ᠶᠢ ᠵᠡᠭᠦᠯᠡᠵᠦ ᠪᠣᠯᠤᠨ᠎ᠠ᠃ | | | | | |