ᠦᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠶᠢᠨ ᠴᠠᠭ ᠠᠭᠤᠷ ᠤᠨ ᠭᠠᠢ ᠭᠠᠮᠰᠢᠭ ᠤᠨ ᠠᠶᠤᠯ ᠲᠦᠭᠰᠢᠭᠦᠷᠢ ᠶᠢᠨ ᠰᠡᠷᠡᠮᠵᠢᠯᠡᠭᠦᠯᠦᠯ
ᠨᠡᠶᠢᠲᠡᠯᠡᠭᠰᠡᠨ ᠴᠠᠭ᠄
2023/4/12
      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠴᠠᠭ ᠠᠭᠤᠷ ᠤᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ 2023 ᠣᠨ ᠤ 4 ᠰᠠᠷ᠎ᠠ ᠶᠢᠨ 11 ᠤ ᠡᠳᠦᠷ ᠤᠨ 22 ᠴᠠᠭ 00 ᠮᠢᠨᠦ᠋ᠲ ᠲᠤ ᠲᠦᠬᠦᠭᠡᠷᠦᠮᠵᠢᠲᠦ ᠲᠠᠷᠢᠶᠠᠯᠠᠩ ᠤᠨ ᠴᠠᠭ ᠠᠭᠤᠷ ᠤᠨ ᠭᠠᠢ ᠭᠠᠮᠰᠢᠭ ᠤᠨ ᠠᠶᠤᠯ ᠲᠦᠭᠰᠢᠭᠦᠷᠢ ᠶᠢᠨ ᠰᠡᠷᠡᠮᠵᠢᠯᠡᠭᠦᠯᠦᠯ ᠢ ᠬᠠᠮᠲᠤᠷᠠᠨ ᠨᠡᠶᠢᠲᠡᠯᠡᠪᠡ᠄      ᠬᠦᠢᠲᠡᠨ ᠤᠷᠤᠰᠬᠠᠯ ᠤᠨ ᠨᠥᠯᠥᠭᠡ ᠪᠠᠷ᠂ 3 ᠰᠠᠷ᠎ᠠ ᠶᠢᠨ 20 ᠤ ᠡᠳᠦᠷ ᠠᠴᠠ 3 ᠰᠠᠷ᠎ᠠ ᠶᠢᠨ 23 ᠤ ᠡᠳᠦᠷ ᠪᠣᠯᠲᠠᠯ᠎ᠠ᠂ ᠪᠥᠬᠦ ᠣᠷᠣᠨ ᠤ ᠶᠡᠬᠡᠩᠬᠢ ᠭᠠᠵᠠᠷ ᠤᠷᠤᠨ ᠳᠤ 4 — 5 ᠳ᠋ᠤᠭᠠᠷ ᠲᠠᠰ ᠤᠨ ᠰᠠᠯᠬᠢ ᠂ ᠣᠬᠤᠷ ᠴᠠᠭ ᠤᠨ 6 ᠳ᠋ᠤᠭᠠᠷ ᠲᠠᠰ ᠤᠨ ᠰᠠᠯᠬᠢ᠂ ᠳᠤᠮᠳᠠ ᠪᠠᠷᠠᠭᠤᠨ ᠬᠡᠰᠡᠭ ᠤᠨ ᠬᠤᠶᠢᠭᠤᠷᠬᠢ ᠬᠡᠰᠡᠭ ᠤᠨ ᠭᠠᠵᠠᠷ ᠣᠷᠣᠨ ᠳᠤ 7 — 8 ᠳ᠋ᠤᠭᠠᠷ ᠲᠠᠰ ᠤᠨ ᠰᠠᠯᠬᠢ ᠂ ᠣᠬᠤᠷ ᠴᠠᠭ ᠤᠨ 7 — 8 ᠳ᠋ᠤᠭᠠᠷ ᠲᠠᠰ ᠤᠨ ᠪᠠᠷᠠᠭᠤᠨ ᠬᠤᠶᠢᠲᠤ ᠶᠢᠨ ᠰᠠᠯᠬᠢ ᠲᠠᠢ ᠂ ᠬᠡᠰᠡᠭ ᠭᠠᠵᠠᠷ ᠲᠤ 9 ᠳ᠋ᠤᠭᠠᠷ ᠲᠠᠰ ᠬᠦᠷᠦᠨ᠎ᠡ︔ ᠪᠠᠷᠠᠭᠤᠨ ᠬᠡᠰᠡᠭ ᠤᠨ ᠵᠡᠭᠦᠨᠰᠢᠬᠢ ᠪᠠ ᠳᠤᠮᠳᠠ ᠬᠡᠰᠡᠭ ᠤᠨ ᠪᠠᠷᠠᠭᠤᠨᠰᠢᠬᠢ ᠭᠠᠵᠠᠷ ᠣᠷᠣᠨ ᠤ ᠠᠭᠠᠷ ᠤᠨ ᠳᠤᠯᠠᠭᠠᠨ 6 — 8℃ ᠳᠣᠷᠣᠭᠰᠢᠯᠠᠵᠤ᠂ ᠬᠡᠰᠡᠭ ᠭᠠᠵᠠᠷ ᠤᠨ ᠠᠭᠠᠷ ᠤᠨ ᠳᠤᠯᠠᠭᠠᠨ 8 — 10℃ ᠳᠣᠷᠣᠭᠰᠢᠯᠠᠨ᠎ᠠ᠃ ᠣᠶᠤᠨᠲᠤ ᠰᠦᠯᠵᠢᠶᠡᠨ ᠤ ᠤᠷᠢᠳᠴᠢᠯᠠᠭᠰᠠᠨ ᠮᠡᠳᠡᠭᠡᠨ ᠤ ᠲᠤᠭ᠎ᠠ ᠪᠠᠷᠢᠮᠲᠠ ᠶᠢ ᠦᠨᠳᠦᠰᠦᠯᠡᠨ ᠂ ᠲᠥᠬᠦᠭᠡᠷᠦᠮᠵᠢᠲᠦ ᠲᠠᠷᠢᠶᠠᠯᠠᠩ ᠤᠨ ᠰᠠᠯᠬᠢᠨ ᠤ ᠭᠠᠮᠰᠢᠭ ᠤᠨ ᠭᠦᠢᠴᠡᠳᠬᠡᠯ ᠲᠤᠭ᠎ᠠ ᠪᠠ ᠳᠣᠣᠷ᠎ᠠ ᠳᠤᠯᠠᠭᠠᠨ ᠤ ᠭᠦᠢᠴᠡᠳᠬᠡᠯ ᠲᠤᠭ᠎ᠠ ᠲᠠᠢ ᠤᠶᠠᠯᠳᠤᠭᠤᠯᠤᠭᠠᠳ ᠂ 4 ᠰᠠᠷ᠎ᠠ ᠶᠢᠨ 12 ᠤᠨ ᠡᠳᠦᠷ ᠂ ᠵᠡᠭᠦᠨ ᠬᠡᠰᠡᠭ ᠤᠨ ᠶᠡᠬᠡᠩᠬᠢ ᠭᠠᠵᠠᠷ ᠣᠷᠣᠨ᠂ ᠳᠤᠮᠳᠠ ᠬᠡᠰᠡᠭ ᠤᠨ ᠪᠠᠷᠠᠭᠤᠨᠰᠢᠬᠢ ᠬᠡᠰᠡᠭ ᠭᠠᠵᠠᠷ ᠣᠷᠣᠨ ᠢ ᠲᠦᠬᠦᠭᠡᠷᠦᠮᠵᠢᠲᠦ ᠲᠠᠷᠢᠶᠠᠯᠠᠩ ᠤᠨ ᠰᠠᠯᠬᠢᠨ ᠤ ᠭᠠᠮᠰᠢᠭ ᠳᠣᠣᠷ᠎ᠠ ᠪᠤᠶᠤ ᠳᠤᠮᠳᠠ ᠵᠡᠷᠭᠡ ᠶᠢᠨ ᠠᠶᠤᠯ ᠲᠦᠭᠰᠢᠭᠦᠷᠢ ᠲᠠᠢ ᠭᠠᠵᠠᠷ ᠣᠷᠣᠨ ᠂ ᠡᠭᠦᠨ ᠳᠤ᠂ ᠬᠢᠩᠭᠠᠨ ᠠᠶᠢᠮᠠᠭ ᠤᠨ ᠪᠠᠷᠠᠭᠤᠨ ᠡᠮᠦᠨᠡᠲᠦ ᠬᠡᠰᠡᠭ ᠤᠨ ᠬᠡᠰᠡᠭ ᠭᠠᠵᠠᠷ ᠣᠷᠣᠨ ᠳᠤ ᠲᠦᠬᠦᠭᠡᠷᠦᠮᠵᠢᠲᠦ ᠲᠠᠷᠢᠶᠠᠯᠠᠩ ᠤᠨ ᠰᠠᠯᠬᠢᠨ ᠤ ᠭᠠᠮᠰᠢᠭ ᠤᠨ ᠠᠶᠤᠯ ᠲᠦᠭᠰᠢᠭᠦᠷᠢ  ᠶᠡᠬᠡᠲᠡᠢ ᠭᠠᠵᠠᠷ ᠤᠷᠤᠨ ᠭᠡᠵᠦ ᠲᠣᠭᠲᠠᠭᠠᠪᠠ᠂ 13 ᠤ ᠡᠳᠦᠷ ᠠᠴᠠ 14 ᠤ ᠡᠳᠦᠷ ᠪᠣᠯᠲᠠᠯ᠎ᠠ᠂ ᠤᠯᠠᠭᠠᠨᠬᠠᠳᠠ ᠬᠤᠲᠠ ᠶᠢᠨ ᠬᠡᠰᠡᠭ ᠭᠠᠵᠠᠷ ᠣᠷᠣᠨ᠂ ᠳᠤᠮᠳᠠ ᠬᠡᠰᠡᠭ ᠤᠨ ᠡᠮᠦᠨᠡᠭᠦᠷᠬᠢ ᠶᠡᠬᠡᠩᠬᠢ ᠭᠠᠵᠠᠷ ᠣᠷᠣᠨ᠂ ᠪᠠᠷᠠᠭᠤᠨ ᠬᠡᠰᠡᠭ ᠤᠨ ᠵᠡᠭᠦᠨᠰᠢᠬᠢ ᠬᠡᠰᠡᠭ ᠭᠠᠵᠠᠷ ᠣᠷᠣᠨ  ᠨᠢ ᠲᠦᠬᠦᠭᠡᠷᠦᠮᠵᠢᠲᠦ ᠲᠠᠷᠢᠶᠠᠯᠠᠩ ᠤᠨ ᠰᠠᠯᠬᠢᠨ ᠤ ᠭᠠᠮᠰᠢᠭ ᠪᠠᠭ᠎ᠠ ᠪᠤᠶᠤ ᠳᠤᠮᠳᠠ ᠵᠡᠷᠭᠡ ᠶᠢᠨ ᠠᠶᠤᠯ ᠲᠦᠭᠰᠢᠭᠦᠷᠢ ᠲᠠᠢ ᠂ ᠰᠠᠯᠬᠢᠨ ᠤ ᠭᠠᠮᠰᠢᠭ ᠲᠤ ᠬᠦᠯᠡᠮᠵᠢ ᠶᠢᠨ ᠪᠦᠲᠦᠴᠡ ᠠᠮᠠᠷᠬᠠᠨ ᠡᠪᠳᠡᠭᠳᠡᠬᠦ ᠪᠣᠯᠤᠮᠵᠢ ᠲᠠᠢ ︔ 12 ᠤᠨ ᠡᠳᠦᠷ ᠠᠴᠠ 14 ᠤ ᠡᠳᠦᠷ ᠪᠣᠯᠲᠠᠯ᠎ᠠ᠂ ᠳᠤᠮᠳᠠ ᠬᠡᠰᠡᠭ ᠤᠨ ᠵᠡᠭᠦᠨᠰᠢᠬᠢ ᠭᠠᠵᠠᠷ ᠵᠢᠴᠢ ᠡᠮᠦᠨᠡᠬᠢ ᠭᠠᠵᠠᠷ ᠣᠷᠣᠨ  ᠨᠢ ᠲᠥᠬᠦᠭᠡᠷᠦᠮᠵᠢᠲᠦ ᠲᠠᠷᠢᠶᠠᠯᠠᠩ ᠤᠨ ᠳᠣᠣᠷ᠎ᠠ ᠳᠤᠯᠠᠭᠠᠨ ᠤ ᠭᠠᠮᠰᠢᠭ ᠳᠣᠣᠷ᠎ᠠ ᠪᠤᠶᠤ ᠳᠤᠮᠳᠠ ᠵᠡᠷᠭᠡ ᠶᠢᠨ ᠠᠶᠤᠯ ᠲᠦᠭᠰᠢᠭᠦᠷᠢ ᠲᠠᠢ ᠭᠠᠵᠠᠷ ᠣᠷᠣᠨ  ᠪᠠᠶᠢᠵᠤ ᠂ ᠳᠣᠣᠷ᠎ᠠ ᠳᠤᠯᠠᠭᠠᠨ ᠤ ᠭᠠᠮᠰᠢᠭ ᠨᠢ ᠲᠠᠷᠢᠮᠠᠯ ᠤᠨ ᠤᠷᠭᠤᠯᠲᠠ ᠶᠢ ᠤᠳᠠᠭᠠᠰᠢᠷᠠᠭᠤᠯᠬᠤ ᠪᠤᠶᠤ ᠬᠥᠯᠳᠡᠭᠡᠬᠦ ᠪᠤᠯᠤᠮᠵᠢ  ᠲᠠᠢ ᠃      ᠰᠡᠷᠭᠡᠶᠢᠯᠡᠬᠦ ᠠᠷᠭ᠎ᠠ ᠪᠣᠳᠣᠯᠭ᠎ᠠ ᠄ ᠲᠠᠷᠢᠶᠠᠨ ᠭᠠᠵᠠᠷ ᠤᠨ ᠲᠦᠬᠦᠭᠡᠷᠦᠮᠵᠢᠲᠦ ᠲᠠᠷᠢᠮᠠᠯ ᠤᠨ ᠦᠢᠯᠡᠳᠪᠦᠷᠢᠯᠡᠯ ᠤᠨ ᠰᠠᠯᠬᠢ ᠶᠢ ᠰᠡᠷᠭᠡᠶᠢᠯᠡᠬᠦ ᠪᠡᠯᠡᠳᠬᠡᠯ ᠢ ᠤᠷᠢᠳᠴᠢᠯᠠᠨ ᠰᠠᠶᠢᠲᠤᠷ ᠬᠢᠵᠦ᠂ ᠰᠠᠷᠠᠪᠴᠢ ᠶᠢᠨ ᠪᠦᠷᠬᠦᠪᠴᠢ ᠶᠢ ᠪᠠᠶᠢᠴᠠᠭᠠᠵᠤ᠂ ᠳᠤᠯᠠᠭᠠᠨ ᠢ ᠬᠠᠳᠠᠭᠠᠯᠠᠬᠤ ᠬᠤᠴᠢᠯᠭ᠎ᠠ ︵ᠬᠥᠰᠢᠭᠡ︶ ᠶᠢ ᠴᠠᠭ ᠲᠤᠬᠠᠢ ᠳᠤ  ᠨᠢ ᠰᠡᠯᠪᠢᠨ ᠵᠠᠰᠠᠵᠤ᠂ ᠰᠠᠷᠠᠪᠴᠢ ᠶᠢᠨ ᠵᠢᠶᠠᠰᠠ ᠶᠢ ᠪᠥᠬᠦ ᠲᠠᠯ᠎ᠠ ᠪᠠᠷ ᠪᠠᠶᠢᠴᠠᠭᠠᠵᠤ᠂ ᠪᠦᠷᠬᠦᠭᠦᠯ ᠳᠠᠷᠤᠬᠤ ᠱᠤᠭᠤᠮ ᠢ ᠪᠠᠬᠢᠯᠡᠨ᠎ᠡ᠃  ᠵᠢᠪᠠᠷ ᠨᠡᠪᠳᠡᠷᠡᠬᠦᠯᠬᠦ ᠠᠮᠠᠰᠠᠷ ᠢ ᠤᠷᠢᠳᠴᠢᠯᠠᠨ ᠬᠠᠭᠠᠵᠤ ᠂ ᠬᠦᠯᠡᠮᠵᠢ ᠶᠢᠨ ᠡᠷᠬᠢᠨ ᠲᠣᠭᠤᠷᠢᠨ ᠤ ᠠᠮᠠᠷᠬᠠᠨ ᠬᠡᠶᠢᠰᠴᠤ ᠳᠡᠭᠳᠡᠬᠦ ᠪᠣᠳᠠᠰ ᠢ ᠲᠣᠭᠲᠠᠪᠤᠷᠢᠵᠢᠭᠤᠯᠵᠤ ᠂ ᠬᠦᠯᠡᠮᠵᠢ ᠶᠢᠨ ᠪᠦᠷᠬᠦᠪᠴᠢ ᠡᠪᠳᠡᠭᠳᠡᠬᠦ᠂ ᠬᠥᠯᠳᠡᠬᠦ ᠠᠴᠠ ᠰᠡᠷᠭᠡᠶᠢᠯᠡᠵᠦ ᠂ ᠶᠡᠭᠡ ᠰᠠᠯᠬᠢ ᠥᠩᠭᠡᠷᠡᠭᠰᠡᠨ ᠤ ᠲᠠᠷᠠᠭ᠎ᠠ ᠬᠦᠯᠡᠮᠵᠢ ᠶᠢᠨ ᠬᠤᠭ ᠲᠣᠭᠤᠰᠣ ᠶᠢ ᠴᠠᠭ ᠲᠤᠬᠠᠢ ᠳᠤ  ᠨᠢ ᠴᠡᠪᠡᠷᠯᠡᠵᠦ ᠂ ᠬᠦᠯᠡᠮᠵᠢ ᠶᠢᠨ ᠭᠡᠷᠡᠯ ᠨᠡᠪᠳᠡᠷᠡᠴᠡ ᠶᠢ ᠰᠠᠶᠢᠵᠢᠷᠠᠭᠤᠯᠬᠤ ᠶᠢ ᠰᠠᠨᠠᠭᠤᠯᠤᠶ᠎ᠠ ᠃ ᠬᠦᠯᠡᠮᠵᠢ ᠶᠢᠨ ᠳᠣᠲᠣᠷᠠᠬᠢ ᠲᠠᠷᠢᠮᠠᠯ ᠢ ᠬᠤᠷᠢᠶᠠᠬᠤ ᠶᠢᠨ ᠬᠠᠮᠲᠤ ᠰᠠᠯᠠᠭ᠎ᠠ ᠨᠠᠮᠠᠭ᠎ᠠ ᠶᠢ ᠨᠢ ᠲᠡᠭᠰᠢᠯᠡᠨ ᠳᠠᠷᠤᠬᠤ ᠶᠢ ᠪᠠᠭᠠᠰᠬᠠᠵᠤ ᠂ ᠬᠥᠯᠳᠡᠬᠦ ᠠᠶᠤᠯ ᠲᠠᠢ ᠪᠣᠯ ᠹᠣᠰᠹᠣᠷ ᠬᠦᠴᠢᠯ ᠤᠨ ᠬᠤᠶᠠᠷ ᠤᠰᠤᠲᠥ᠋ᠷᠥᠭᠴᠢᠲᠤ ᠺᠠᠯᠢ ᠶᠢ ᠵᠣᠬᠢᠬᠤ ᠬᠡᠮᠵᠢᠶ᠎ᠡ ᠪᠠᠷ ᠰᠦᠷᠴᠢᠨ ᠣᠷᠣᠭᠤᠯᠵᠤ ᠂ ᠳᠣᠣᠷ᠎ᠠ ᠳᠤᠯᠠᠭᠠᠨ ᠶᠡᠭᠡ ᠰᠠᠯᠬᠢᠨ ᠤ ᠲᠥᠬᠦᠭᠡᠷᠦᠮᠵᠢᠲᠦ ᠲᠠᠷᠢᠶᠠᠯᠠᠩ ᠤᠨ ᠦᠢᠯᠡᠳᠪᠦᠷᠢᠯᠡᠯ ᠳᠤ ᠦᠵᠡᠭᠦᠯᠬᠦ ᠠᠰᠢᠭ ᠦᠭᠡᠢ ᠨᠥᠯᠥᠭᠡ ᠶᠢ ᠰᠡᠷᠭᠡᠶᠢᠯᠡᠨ᠎ᠡ᠃ ᠲᠡᠵᠢᠭᠡᠨ ᠦᠷᠡᠵᠢᠭᠦᠯᠬᠦ ᠡᠷᠦᠬᠡ ᠲᠡᠵᠢᠭᠡᠯ ᠪᠣᠷᠳᠤᠭ᠎ᠠ ᠡᠪᠡᠰᠦ ᠪᠣᠷᠳᠤᠭ᠎ᠠ ᠶᠢ ᠭᠦᠢᠴᠡᠳ ᠪᠡᠯᠡᠳᠬᠡᠵᠦ ᠂ ᠣᠨᠴᠠᠭᠠᠢ ᠠᠭᠤᠷ ᠠᠮᠢᠰᠬᠤᠯ ᠠᠴᠠ ᠪᠣᠯᠤᠭᠰᠠᠨ ᠲᠡᠵᠢᠭᠡᠯ ᠪᠣᠷᠳᠤᠭ᠎ᠠ ᠡᠪᠡᠰᠦ ᠪᠣᠷᠳᠤᠭ᠎ᠠ ᠶᠢᠨ ᠬᠠᠩᠭᠠᠯᠭ᠎ᠠ ᠳᠤᠲᠠᠭᠳᠠᠬᠤ ᠠᠴᠠ ᠰᠡᠷᠭᠡᠶᠢᠯᠡᠨ᠎ᠡ ᠃ ᠥᠷᠭᠡᠨ ᠤᠯᠠᠨ ᠵᠢᠭᠠᠰᠤᠨ ᠤ ᠠᠵᠤ ᠦᠢᠯᠡᠰ ᠤᠨ ᠲᠡᠵᠢᠭᠡᠨ ᠦᠷᠡᠵᠢᠭᠦᠯᠬᠦ ᠡᠷᠦᠬᠡ ᠨᠦᠭᠦᠳ ᠲᠡᠵᠢᠭᠡᠨ ᠦᠷᠡᠵᠢᠭᠦᠯᠬᠦ ᠲᠥᠬᠦᠭᠡᠷᠦᠮᠵᠢ ᠶᠢᠨ ᠰᠠᠯᠬᠢ ᠶᠢ ᠰᠡᠷᠭᠡᠶᠢᠯᠡᠬᠦ ᠪᠠ ᠬᠠᠮᠢᠶᠠᠷᠬᠤ ᠠᠵᠢᠯ ᠢ ᠰᠠᠶᠢᠲᠤᠷ ᠬᠢᠵᠦ ᠂ ᠵᠢᠭᠠᠰᠤᠨ ᠤ ᠠᠵᠤ ᠦᠢᠯᠡᠰ ᠤᠨ ᠣᠩᠭᠤᠴᠠ ᠰᠠᠯ  ᠢ ᠭᠠᠷᠠᠮ ᠳᠤ  ᠪᠤᠴᠠᠭᠠᠨ ᠰᠠᠯᠬᠢᠨ ᠠᠴᠠ ᠳᠠᠯᠳᠠᠯᠠᠵᠤ ᠂ ᠠᠮᠤᠷ ᠲᠦᠪᠰᠢᠨ ᠢ ᠦᠨᠡᠨ ᠬᠦ ᠪᠠᠲᠤᠯᠠᠬᠤ ᠬᠡᠷᠡᠭᠲᠡᠢ ᠃
图片1.png
 
图片2.png
图片3.png
      ᠵᠢᠷᠤᠭ 1    4 ᠰᠠᠷ᠎ᠠ ᠶᠢᠨ 12 ᠤᠨ ᠡᠳᠦᠷ ᠠᠴᠠ 14 ᠤ ᠡᠳᠦᠷ ᠪᠣᠯᠲᠠᠯ᠎ᠠ ᠥᠪᠥᠷ ᠮᠣᠩᠭᠤᠯ ᠤᠨ ᠲᠥᠬᠦᠭᠡᠷᠦᠮᠵᠢᠲᠦ ᠲᠠᠷᠢᠶᠠᠯᠠᠩ ᠤᠨ ᠶᠡᠭᠡ ᠰᠠᠯᠬᠢᠨ ᠤ ᠭᠠᠢ ᠭᠠᠮᠰᠢᠭ ᠤᠨ ᠠᠶᠤᠯ ᠲᠦᠭᠰᠢᠭᠦᠷᠢ ᠶᠢ ᠤᠷᠢᠳᠴᠢᠯᠠᠨ ᠰᠡᠷᠡᠮᠵᠢᠯᠡᠭᠦᠯᠬᠦ ᠣᠷᠣᠨ ᠪᠦᠰᠡ ᠶᠢᠨ ᠵᠢᠷᠤᠭ
图片4.png
 
图片5.png
图片6.png
      ᠵᠢᠷᠤᠭ 2   4 ᠰᠠᠷ᠎ᠠ ᠶᠢᠨ 12 ᠤᠨ ᠡᠳᠦᠷ ᠠᠴᠠ 14 ᠤ ᠡᠳᠦᠷ ᠪᠣᠯᠲᠠᠯ᠎ᠠ ᠥᠪᠥᠷ ᠮᠣᠩᠭᠤᠯ ᠣᠷᠣᠨ ᠤ ᠲᠥᠬᠦᠭᠡᠷᠦᠮᠵᠢᠲᠦ ᠲᠠᠷᠢᠶᠠᠯᠠᠩ ᠤᠨ ᠳᠣᠣᠷ᠎ᠠ ᠳᠤᠯᠠᠭᠠᠨ ᠤ ᠭᠠᠮᠰᠢᠭ ᠤᠨ  ᠠᠶᠤᠯ ᠲᠦᠭᠰᠢᠭᠦᠷᠢ ᠶᠢ ᠤᠷᠢᠳᠴᠢᠯᠠᠨ ᠰᠡᠷᠡᠮᠵᠢᠯᠡᠭᠦᠯᠬᠦ ᠣᠷᠣᠨ ᠪᠦᠰᠡ ᠶᠢᠨ ᠵᠢᠷᠤᠭ    
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号