ᠨᠢᠭᠡᠳᠦᠭᠡᠷ ᠲᠤ ᠂ ᠪᠤᠭᠤᠳᠠᠢ ᠶᠢ ᠬᠠᠳᠤᠵᠤ ᠪᠠᠷᠠᠭᠰᠠᠨ ᠤ ᠲᠠᠷᠠᠭ᠎ᠠ ᠂ ᠬᠡᠷᠪᠡ ᠲᠠᠷᠢᠶᠠᠨ ᠳᠤ ᠶᠡᠭᠡ ᠬᠡᠮᠵᠢᠶᠡᠨ ᠤ | ᠪᠤᠵᠠᠷ ᠡᠪᠡᠰᠦ ᠪᠠᠶᠢᠪᠠᠯ ᠂ ᠡᠷᠬᠡᠪᠰᠢ ᠮᠥᠬᠦᠯᠲᠡ ᠶᠢᠨ ᠴᠢᠨᠠᠷ ᠲᠠᠢ ᠡᠪᠡᠰᠦ ᠠᠷᠢᠯᠭᠠᠭᠴᠢ ᠡᠮ ᠬᠡᠷᠡᠭᠯᠡᠬᠦ ᠬᠡᠷᠡᠭᠲᠡᠢ ᠃ | ᠬᠤᠶᠠᠳᠤᠭᠠᠷ ᠲᠤ ᠂ ᠪᠤᠵᠠᠷ ᠡᠪᠡᠰᠦ ᠶᠢ ᠤᠷᠭᠤᠭᠤᠯᠬᠤ ᠦᠭᠡᠢ ᠪᠢᠳᠡᠭᠦᠮᠵᠢᠯᠡᠬᠦ ᠡᠪᠡᠰᠦ ᠠᠷᠢᠯᠭᠠᠭᠴᠢ ᠡᠮ ᠳᠤ | ᠢ ᠠ ᠨᠡᠶᠢᠯᠡᠮᠡᠯ ᠡᠮ ᠂ ᠢᠦᠢ ᠼᠤᠤ ᠵᠢᠩ ᠪᠣᠯᠣᠨ ᠳ᠋ᠦ᠋ ᠠ ᠨᠡᠶᠢᠯᠡᠮᠡᠯ ᠡᠮ ᠵᠡᠷᠭᠡ ᠪᠣᠢ ᠂ ᠶᠡᠷᠦ ᠳᠡᠭᠡᠨ ᠮᠦ | ᠪᠦᠷᠢ ᠳᠤ ᠨᠠᠶᠢᠷᠠᠯᠭ᠎ᠠ 200 ᠭᠷᠡᠮ ᠂ 45 ᠺᠢᠯᠣᠭ᠍ᠷᠠᠮ ᠤᠰᠤ ᠬᠤᠯᠢᠪᠠᠯ ᠰᠠᠶ᠋ᠢ ᠰᠡᠷᠭᠡᠶᠢᠯᠡᠬᠦ ᠦᠢᠯᠡᠳᠦᠯ ᠨᠢ ᠰᠠᠶᠢᠨ | ᠪᠠᠶᠢᠳᠠᠭ ᠃ | ᠭᠤᠷᠪᠠᠳᠤᠭᠠᠷ ᠲᠤ ᠂ ᠳᠡᠭᠡᠷᠡᠬᠢ ᠡᠪᠡᠰᠦ ᠠᠷᠢᠯᠭᠠᠭᠴᠢ ᠡᠮ ᠢ ᠰᠦᠷᠴᠢᠬᠦ ᠳᠡᠭᠡᠨ ᠡᠷᠬᠡᠪᠰᠢ ᠳᠣᠣᠷᠠᠬᠢ | ᠵᠠᠷᠴᠢᠮ ᠤᠳ ᠢ ᠵᠢᠷᠤᠮᠯᠠᠬᠤ ᠬᠡᠷᠡᠭᠲᠡᠢ ᠄ ᠠᠯᠢ ᠴᠢᠳᠠᠬᠤ ᠪᠠᠷ ᠰᠠᠯᠬᠢ ᠦᠭᠡᠢ ᠦᠶ᠎ᠡ ᠳᠤ ᠰᠦᠷᠴᠢᠵᠦ ᠂ ᠲᠠᠷᠢᠶᠠᠨ | ᠡᠮ ᠢ ᠰᠠᠯᠬᠢᠨ ᠤ ᠠᠶ᠎ᠠ ᠪᠠᠷ ᠢᠳᠡᠰᠢᠨ ᠨᠣᠭᠤᠭ᠎ᠠ ᠶᠢᠨ ᠲᠠᠷᠢᠮᠠᠯ ᠳᠡᠭᠡᠷ᠎ᠡ ᠬᠡᠶᠢᠰᠦᠨ ᠬᠦᠷᠬᠦ ᠶᠢ ᠴᠢᠩᠭ᠎ᠠ ᠰᠡᠷᠭᠡᠶᠢᠯᠡᠬᠦ | ᠬᠡᠷᠡᠭᠲᠡᠢ︔ ᠰᠦᠷᠴᠢᠭᠦᠷ ᠢ ᠳᠤᠭᠤᠭᠤᠷ ᠰᠢᠭ ᠪᠠᠷᠢᠨ ᠰᠦᠷᠴᠢᠵᠦ ᠂ ᠴᠢᠳᠠᠬᠤ ᠶᠢᠨ ᠬᠢᠷᠢ ᠪᠠᠷ ᠡᠮ ᠨᠠᠶᠢᠷᠠᠯᠭ᠎ᠠ ᠶᠢᠨ | ᠭᠡᠶᠢᠰᠬᠦ ᠶᠢ ᠪᠠᠭᠠᠰᠬᠠᠬᠤ ᠬᠡᠷᠡᠭᠲᠡᠢ︔ ᠰᠦᠷᠴᠢᠭᠦᠷ ᠤᠨ ᠡᠮᠦᠨ᠎ᠡ ᠬᠠᠮᠠᠭᠠᠯᠠᠬᠤ ᠪᠦᠷᠬᠦᠭᠦᠯ ᠵᠡᠭᠦᠵᠦ᠂ | ᠬᠠᠨᠳᠤᠯᠭ᠎ᠠ ᠲᠠᠢ ᠪᠠᠷ ᠮᠠᠨᠠᠩᠳᠤᠭᠤᠯᠤᠨ ᠰᠦᠷᠴᠢᠬᠦ ᠬᠡᠷᠡᠭᠲᠡᠢ ᠃ | ᠳᠥᠷᠪᠡᠳᠦᠭᠡᠷ ᠲᠤ ᠂ ᠲᠠᠷᠢᠶᠠᠴᠢᠳ ᠲᠤ ᠠᠩᠬᠠᠷᠤᠭᠤᠯᠬᠤ ᠶᠢ ᠰᠠᠨᠠᠭᠤᠯᠬᠤ ᠴᠢᠬᠤᠯᠠ ᠲᠠᠢ ᠨᠢ᠂ ᠰᠡᠷᠭᠡᠶᠢᠯᠡᠨ | ᠵᠠᠰᠠᠬᠤ ᠬᠠᠮᠤᠭ ᠤᠨ ᠰᠠᠶᠢᠨ ᠴᠠᠭ ᠦᠶ᠎ᠡ ᠪᠣᠯ ᠡᠷᠳᠡᠨᠢ ᠰᠢᠰᠢ ᠶᠢᠨ 4-5 ᠨᠠᠪᠴᠢ ᠂ ᠪᠤᠵᠠᠷ ᠡᠪᠡᠰᠦ ᠶᠢᠨ 3-4 | ᠨᠠᠪᠴᠢ ᠶᠢᠨ ᠦᠶ᠎ᠡ ᠳᠤ ᠪᠠᠶᠢᠳᠠᠭ ᠂ ᠬᠡᠷᠪᠡ ᠡᠷᠳᠡᠨᠢ ᠰᠢᠰᠢ ᠶᠢᠨ 7 ᠨᠠᠪᠴᠢ ᠶᠢᠨ ᠦᠶ᠎ᠡ ᠳᠤ ᠰᠡᠷᠭᠡᠶᠢᠯᠡᠨ ᠵᠠᠰᠠᠪᠠᠯ | ᠡᠮ ᠤᠨ ᠬᠥᠨᠥᠭᠡᠯ ᠭᠠᠷᠴᠤ ᠮᠡᠳᠡᠨ᠎ᠠ ᠃ | ᠲᠠᠪᠤᠳᠤᠭᠠᠷ ᠲᠤ ᠂ ᠡᠷᠳᠡᠨᠢ ᠰᠢᠰᠢ ᠶᠢᠨ ᠲᠠᠷᠢᠶᠠᠨ ᠳᠤ ᠬᠤᠷᠣᠬᠠᠢ ᠶᠢᠨ ᠬᠥᠨᠥᠭᠡᠯ ᠡᠭᠦᠰᠪᠡᠯ ᠬᠤᠷᠣᠬᠠᠢ | ᠠᠯᠠᠬᠤ ᠡᠮ ᠢ ᠡᠪᠡᠰᠦ ᠠᠷᠢᠯᠭᠠᠭᠴᠢ ᠡᠮ ᠲᠠᠢ ᠬᠤᠯᠢᠵᠤ ᠬᠡᠷᠡᠭᠯᠡᠬᠦ ᠬᠡᠷᠡᠭᠲᠡᠢ ᠂ ᠭᠡᠪᠡᠴᠦ ᠡᠪᠡᠰᠦ ᠠᠷᠢᠯᠭᠠᠭᠴᠢ ᠢᠦᠢ | ᠨᠦᠩ ᠯᠧ ᠪᠣᠯᠣᠨ ᠢᠦᠢ ᠾᠧᠩ ᠢ ᠬᠡᠷᠡᠭᠯᠡᠬᠦ ᠳᠡᠭᠡᠨ ᠣᠷᠭᠠᠨᠢᠭ ᠹᠣᠰᠹᠣᠷᠲᠤ ᠲᠠᠷᠢᠶᠠᠨ ᠡᠮ ᠲᠠᠢ ᠬᠤᠯᠢᠵᠤ ᠬᠡᠷᠡᠭᠯᠡᠵᠦ | ᠪᠣᠯᠬᠤ ᠦᠭᠡᠢ ᠂ ᠵᠥᠪᠬᠡᠨ ᠤᠳᠪᠠᠯᠠ ᠡᠰᠲ᠋ᠧᠷ ᠤᠨ ᠲᠦᠷᠦᠯ ᠤᠨ ᠲᠠᠷᠢᠶᠠᠨ ᠡᠮ ᠲᠠᠢ ᠬᠤᠯᠢᠵᠤ ᠬᠡᠷᠡᠭᠯᠡᠨ᠎ᠡ ᠂ | ᠬᠡᠷᠡᠭᠯᠡᠬᠦ ᠦᠶ᠎ᠡ ᠳᠡᠭᠡᠨ ᠲᠣᠳᠣᠷᠬᠠᠶᠢᠯᠠᠯᠲᠠ ᠶᠢᠨ ᠪᠢᠴᠢᠭ ᠢ ᠨᠢ ᠨᠠᠷᠢᠨ ᠦᠵᠡᠬᠦ ᠬᠡᠷᠡᠭᠲᠡᠢ ᠃ | |