ᠬᠥᠯᠥᠨ ᠪᠤᠶᠢᠷ ᠬᠤᠳᠠ ᠶᠢᠨ ᠨᠠᠮ ᠤᠨ ᠬᠤᠷᠢᠶ᠎ᠠ ᠂ ᠬᠥᠯᠥᠨ ᠪᠤᠶᠢᠷ ᠬᠤᠳᠠ ᠶᠢᠨ ᠵᠠᠰᠠᠭ ᠤᠨ ᠣᠷᠳᠣᠨ ᠤ | ᠠᠮᠤ ᠪᠤᠳᠠᠭᠠᠨ ᠤ ᠦᠢᠯᠡᠳᠪᠦᠷᠢᠯᠡᠯ ᠢ ᠲᠣᠭᠲᠠᠪᠤᠷᠢᠵᠢᠭᠤᠯᠬᠤ ᠲᠤᠬᠠᠢ ᠪᠠᠶᠢᠷᠢᠯᠠᠭᠤᠯᠤᠯᠲᠠ ᠶᠢᠨ ᠱᠠᠭᠠᠷᠳᠠᠯᠭ᠎ᠠ | ᠶᠣᠰᠣᠭᠠᠷ ᠂ ᠬᠥᠯᠥᠨ ᠪᠤᠶᠢᠷ ᠬᠤᠳᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠨᠢ ᠲᠠᠷᠢᠶᠠᠯᠠᠩ ᠮᠠᠯ | ᠠᠵᠤ ᠠᠬᠤᠢ ᠶᠢᠨ ᠬᠡᠮᠵᠢᠶ᠎ᠡ ᠶᠢ ᠨᠡᠮᠡᠭᠳᠡᠭᠦᠯᠵᠦ ᠴᠢᠨᠠᠷ ᠢ ᠨᠡᠮᠡᠭᠳᠡᠭᠦᠯᠦᠨ ᠬᠥᠭᠵᠢᠭᠦᠯᠬᠦ ᠪᠠᠷ ᠭᠠᠷᠳᠠᠴᠠ ᠪᠣᠯᠭᠠᠵᠤ ᠂ | ᠠᠮᠤ ᠪᠤᠳᠠᠭ᠎ᠠ ᠂ ᠰᠢᠷ᠎ᠠ ᠪᠤᠷᠴᠠᠭ ᠂ ᠰᠢᠯᠢᠮᠳᠡᠭ ᠤᠨ ᠳᠠᠷᠢᠬᠤ ᠲᠠᠯᠠᠪᠠᠢ ᠶᠢ ᠲᠣᠭᠲᠠᠪᠤᠷᠢᠵᠢᠭᠤᠯᠬᠤ ᠶᠢᠨ ᠬᠠᠮᠲᠤ ᠂ | ᠲᠠᠯᠠᠪᠠᠢ ᠨᠢᠭᠡᠴᠢ ᠶᠢᠨ ᠤᠨᠠᠯᠲᠠ ᠶᠢ ᠭᠤᠣᠯᠳᠠᠯᠭ᠎ᠠ ᠲᠠᠢ ᠠᠳᠬᠤᠵᠤ ᠂ ᠤᠨᠠᠯᠲᠠ ᠶᠢ ᠢᠯᠡᠭᠦᠬᠡᠨ ᠨᠡᠮᠡᠭᠳᠡᠭᠦᠯᠬᠦ ᠪᠠᠷ | ᠴᠢᠷᠮᠠᠶᠢᠵᠤ ᠪᠠᠶᠢᠨ᠎ᠠ᠃ ᠬᠠᠪᠤᠷ ᠤᠨ ᠲᠠᠷᠢᠶᠠᠯᠠᠭ᠎ᠠ ᠠᠴᠠ ᠨᠠᠭᠠᠰᠢ ᠭᠠᠩ ᠬᠠᠭᠤᠷᠠᠢ᠂ ᠬᠦᠢᠲᠡᠨ ᠠᠭᠤᠷ ᠠᠮᠢᠰᠬᠤᠯ | ᠵᠡᠷᠭᠡ ᠠᠰᠢᠭ ᠦᠭᠡᠢ ᠬᠦᠴᠦᠨ ᠵᠦᠢᠯ ᠳᠤ ᠴᠢᠭᠯᠡᠭᠦᠯᠦᠨ᠂ ᠬᠥᠯᠥᠨ ᠪᠤᠶᠢᠷ ᠬᠤᠲᠠ ᠶᠢᠨ ᠡᠯ᠎ᠡ ᠱᠠᠲᠤᠨ ᠤ | ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠥᠴᠢᠷ ᠤᠳ ᠢᠳᠡᠪᠬᠢᠲᠡᠢ ᠪᠠᠷ ᠠᠷᠭᠠᠴᠠᠭᠠᠵᠤ ᠂ ᠣᠳᠣᠬᠠᠨ ᠳᠤ | ᠲᠠᠷᠢᠶᠠᠯᠠᠩ ᠤᠨ ᠦᠢᠯᠡᠳᠪᠦᠷᠢᠯᠡᠯ ᠤᠨ ᠶᠡᠷᠦᠩᠬᠡᠢ ᠪᠠᠶᠢᠳᠠᠯ ᠲᠣᠭᠲᠠᠭᠤᠨ ᠪᠠᠶᠢᠵᠤ᠂ ᠲᠠᠷᠢᠶᠠᠯᠠᠩ ᠤᠨ ᠦᠢᠯᠡᠳᠪᠦᠷᠢᠯᠡᠯ | ᠰᠠᠶᠢᠨ ᠡᠬᠢᠯᠡᠯᠲᠡ ᠲᠠᠢ ᠪᠣᠯᠪᠠ᠃ | ᠪᠦᠬᠦ ᠬᠤᠳᠠ ᠶᠢᠨ ᠶᠡᠭᠡ ᠬᠡᠪᠴᠢᠶᠡᠨ ᠤ ᠬᠠᠪᠤᠷ ᠤᠨ ᠲᠠᠷᠢᠶᠠᠯᠠᠭ᠎ᠠ 4 ᠰᠠᠷ᠎ᠠ ᠶᠢᠨ ᠰᠡᠭᠦᠯᠴᠢ ᠠᠴᠠ ᠡᠬᠢᠯᠡᠵᠦ ᠂ | 6 ᠰᠠᠷ᠎ᠠ ᠶᠢᠨ ᠳᠤᠮᠳᠠᠴᠢ ᠪᠠᠷ ᠳᠠᠭᠤᠰᠤᠨ᠎ᠠ ᠃ ᠡᠨᠡ ᠵᠢᠯ ᠪᠥᠬᠦ ᠬᠤᠲᠠ ᠶᠢᠨ ᠲᠠᠷᠢᠮᠠᠯ ᠤᠨ ᠲᠠᠷᠢᠭᠰᠠᠨ ᠶᠡᠷᠦᠩᠬᠡᠢ | ᠲᠠᠯᠠᠪᠠᠶ ᠨᠢ 2829.21 ᠲᠦᠮᠡᠨ ᠮᠦ ᠪᠣᠯᠣᠨ᠎ᠠ᠃ ᠡᠭᠦᠨ ᠳᠤ᠄ ᠠᠮᠤ ᠪᠤᠳᠠᠭᠠᠨ ᠤ ᠲᠠᠷᠢᠮᠠᠯ ᠤᠨ ᠲᠠᠷᠢᠭᠰᠠᠨ | ᠲᠠᠯᠠᠪᠠᠶ ᠨᠢ 2475.24 ᠲᠦᠮᠡᠨ ᠮᠦ᠂ ᠠᠵᠤ ᠠᠬᠤᠢ ᠶᠢᠨ ᠲᠠᠷᠢᠮᠠᠯ ᠤᠨ ᠲᠠᠷᠢᠭᠰᠠᠨ ᠲᠠᠯᠠᠪᠠᠶ ᠨᠢ 353.97 | ᠲᠦᠮᠡᠨ ᠮᠦ ᠪᠠᠶᠢᠨ᠎ᠠ᠃ ᠲᠠᠷᠢᠮᠠᠯ ᠢ ᠬᠤᠪᠢᠶᠠᠵᠤ ᠦᠵᠡᠪᠡᠯ᠂ 1347.69 ᠲᠦᠮᠡᠨ ᠮᠦ ᠰᠢᠷ᠎ᠠ ᠪᠤᠷᠴᠠᠭ ᠲᠠᠷᠢᠪᠠ ︔ | 725.82 ᠲᠦᠮᠡᠨ ᠮᠦ ᠡᠷᠳᠡᠨᠢ ᠰᠢᠰᠢ ᠲᠠᠷᠢᠪᠠ ︔ 301.31 ᠲᠦᠮᠡᠨ ᠮᠦ ᠪᠤᠭᠤᠳᠠᠢ ᠲᠠᠷᠢᠪᠠ︔ 17.13 | ᠲᠦᠮᠡᠨ ᠮᠦ ᠤᠰᠤᠨ ᠲᠤᠲᠤᠷᠭ᠎ᠠ ᠶᠢᠨ ᠴᠢᠬᠢ ᠰᠠᠭᠤᠯᠭᠠᠪᠠ︔ 47.63 ᠲᠦᠮᠡᠨ ᠮᠦ ᠲᠥᠮᠥᠰᠥ ᠲᠠᠷᠢᠪᠠ ︔ | 35.66 ᠲᠦᠮᠡᠨ ᠮᠦ ᠬᠤᠯᠢᠰᠢᠨ ᠠᠮᠤ ᠬᠤᠯᠢᠰᠢᠨ ᠪᠤᠷᠴᠠᠭ ᠳᠠᠷᠢᠵᠤ᠂ 258.30 ᠲᠦᠮᠡᠨ ᠮᠦ ᠰᠢᠯᠢᠮᠳᠡᠭ | ᠲᠠᠷᠢᠪᠠ ︔ 24.05 ᠲᠦᠮᠡᠨ ᠮᠦ ᠰᠢᠬᠢᠷ ᠯᠤᠤᠪᠠᠩ ᠲᠠᠷᠢᠪᠠ ︔ 11.62 ᠲᠦᠮᠡᠨ ᠮᠦ ᠢᠳᠡᠰᠢᠨ ᠨᠣᠭᠤᠭ᠎ᠠ | ᠳᠠᠷᠢᠵᠤ᠂ 60 ᠲᠦᠮᠡᠨ ᠮᠦ ᠪᠤᠰᠤᠳ ᠲᠠᠷᠢᠮᠠᠯ ᠲᠠᠷᠢᠪᠠ ᠃ ᠥᠪᠡᠷᠲᠡᠭᠡᠨ ᠵᠠᠰᠠᠬᠤ ᠣᠷᠣᠨ ᠠᠴᠠ ᠪᠠᠭᠤᠯᠭᠠᠭᠰᠠᠨ | ᠠᠮᠤ ᠪᠤᠳᠠᠭᠠᠨ ᠤ ᠠᠮᠤᠷ ᠲᠦᠪᠰᠢᠨ ᠤ ᠬᠢᠨᠠᠨ ᠰᠢᠯᠭᠠᠯᠲᠠ ᠳᠤ ᠬᠤᠯᠪᠣᠭᠳᠠᠭᠰᠠᠨ ᠠᠮᠤ ᠪᠤᠳᠠᠭ᠎ᠠ ᠶᠢ | ᠲᠣᠭᠲᠠᠪᠤᠷᠢᠵᠢᠭᠤᠯᠬᠤ᠂ ᠰᠢᠷ᠎ᠠ ᠪᠤᠷᠴᠠᠭ ᠢ ᠲᠣᠭᠲᠠᠪᠤᠷᠢᠵᠢᠭᠤᠯᠬᠤ᠂ ᠰᠢᠯᠢᠮᠳᠡᠭ ᠢ ᠲᠣᠭᠲᠠᠪᠤᠷᠢᠵᠢᠭᠤᠯᠬᠤ ᠵᠡᠷᠭᠡ | ᠭᠤᠣᠯᠳᠠᠯᠭ᠎ᠠ ᠲᠠᠢ ᠠᠵᠢᠯ ᠤᠨ ᠡᠭᠦᠷᠭᠡ ᠶᠢ ᠪᠦᠬᠦᠨ ᠢ ᠳᠠᠪᠠᠭᠤᠯᠤᠨ ᠪᠡᠶᠡᠯᠡᠭᠦᠯᠪᠡ᠃ | ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠠᠵᠢᠯ ᠠᠴᠠ ᠨᠠᠭᠠᠰᠢ᠂ ᠬᠥᠯᠥᠨ ᠪᠤᠶᠢᠷ ᠬᠤᠳᠠ ᠶᠢᠨ ᠲᠠᠷᠢᠶᠠᠯᠠᠩ | ᠮᠠᠯ ᠠᠵᠤ ᠠᠬᠤᠢ ᠶᠢᠨ ᠲᠣᠪᠴᠢᠶ᠎ᠠ ᠲᠠᠷᠢᠶᠠᠯᠠᠩ ᠤᠨ ᠪᠠᠶᠢᠳᠠᠯ ᠳᠤ ᠤᠯᠠᠨ ᠤᠳᠠᠭ᠎ᠠ ᠳᠤᠬᠢᠷᠠᠭᠤᠯᠤᠯᠳᠠ ᠬᠢᠵᠦ᠂ | ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠪᠡᠯᠡᠳᠬᠡᠯ ᠂ ᠲᠠᠷᠢᠶᠠᠯᠠᠩ ᠤᠨ ᠦᠢᠯᠡᠳᠪᠦᠷᠢᠯᠡᠯ ᠤᠨ | ᠬᠡᠷᠡᠭᠰᠡᠯ ᠤᠨ ᠦᠨ᠎ᠡ ᠬᠠᠩᠰᠢ ᠪᠣᠯᠣᠨ ᠬᠠᠪᠤᠷ ᠤᠨ ᠲᠠᠷᠢᠶᠠᠯᠠᠭ᠎ᠠ ᠶᠢᠨ ᠠᠬᠢᠴᠠ ᠶᠢ ᠴᠠᠭ ᠲᠤᠬᠠᠢ ᠳᠤᠨᠢ ᠡᠵᠡᠮᠳᠡᠪᠡ ᠃ | ᠤᠯᠤᠰ ᠪᠠ ᠥᠪᠡᠷᠲᠡᠭᠡᠨ ᠵᠠᠰᠠᠬᠤ ᠣᠷᠣᠨ ᠤ ᠲᠥᠷᠥ ᠶᠢᠨ ᠪᠣᠳᠣᠯᠭ᠎ᠠ ᠶᠢᠨ ᠳᠡᠮᠵᠢᠯᠭᠡ ᠶᠢ ᠣᠯᠬᠤ ᠪᠠᠷ ᠢᠳᠡᠪᠬᠢᠲᠡᠢ | ᠴᠢᠷᠮᠠᠶᠢᠵᠤ᠂ ᠨᠠᠢᠮᠠᠨ ᠵᠤᠷᠪᠤᠰ ᠲᠥᠷᠥ ᠶᠢᠨ ᠪᠣᠳᠣᠯᠭ᠎ᠠ ᠶᠢ ᠡᠮᠬᠢᠯᠡᠨ ᠨᠡᠶᠢᠯᠡᠭᠦᠯᠵᠦ ᠰᠢᠷ᠎ᠠ ᠪᠤᠷᠴᠠᠭ ᠤᠨ | ᠦᠢᠯᠡᠳᠪᠦᠷᠢᠯᠡᠯ ᠢ ᠳᠡᠮᠵᠢᠵᠦ᠂ ᠰᠢᠷ᠎ᠠ ᠪᠤᠷᠴᠠᠭ ᠳᠠᠷᠢᠬᠤ ᠲᠠᠯᠠᠪᠠᠶ ᠶᠢ ᠲᠣᠭᠲᠠᠪᠤᠷᠢᠵᠢᠭᠤᠯᠪᠠ᠃ ᠡᠭᠦᠨ ᠤ ᠬᠠᠮᠲᠤ᠂ | ᠪᠣᠬᠢᠷᠲᠤᠯ ᠦᠭᠡᠢ ᠥᠨᠳᠥᠷ ᠤᠨᠠᠯᠲᠠ ᠲᠠᠢ ᠥᠨᠳᠥᠷ ᠦᠷ᠎ᠡ ᠠᠰᠢᠭ ᠲᠠᠢ᠂ ᠴᠢᠨᠠᠷ ᠰᠠᠶᠢᠲᠠᠢ ᠥᠨᠳᠥᠷ ᠦᠷ᠎ᠡ | ᠠᠰᠢᠭ ᠲᠠᠢ ᠠᠮᠤ ᠪᠤᠳᠠᠭ᠎ᠠ ᠶᠢ ᠨᠡᠮᠡᠭᠳᠡᠭᠦᠯᠬᠦ᠂ ᠲᠠᠷᠢᠶᠠᠨ ᠭᠠᠵᠠᠷ ᠤᠨ ᠰᠢᠮ᠎ᠡ ᠶᠢᠨ ᠬᠠᠮᠠᠭᠠᠯᠠᠯᠲᠠ ᠶᠢᠨ ᠨᠥᠬᠦᠪᠦᠷᠢ | ᠵᠡᠷᠭᠡ ᠲᠥᠷᠥᠯ ᠵᠦᠢᠯ ᠳᠤ ᠲᠦᠰᠢᠭᠯᠡᠨ᠂ 1.2 ᠳ᠋ᠦᠩᠰᠢᠭᠤᠷ ᠰᠢᠬᠠᠮ ᠲᠥᠷᠥᠯ ᠵᠦᠢᠯ ᠤᠨ ᠪᠡᠯᠡ ᠮᠥᠩᠭᠦ ᠶᠢ | ᠡᠮᠬᠢᠯᠡᠨ ᠨᠡᠶᠢᠯᠡᠭᠦᠯᠵᠦ᠂ ᠭᠤᠣᠯ ᠪᠣᠯᠬᠤ ᠠᠮᠤ ᠪᠤᠳᠠᠭᠠᠨ ᠤ ᠲᠠᠷᠢᠮᠠᠯ ᠤᠨ ᠲᠠᠯᠠᠪᠠᠶ ᠨᠢᠭᠡᠴᠢ ᠶᠢᠨ ᠤᠨᠠᠯᠲᠠ ᠶᠢ | ᠳᠡᠭᠡᠭᠰᠢᠯᠡᠭᠦᠯᠬᠦ ᠵᠢᠱᠢᠶ᠎ᠡ ᠦᠵᠡᠭᠦᠯᠬᠦ ᠣᠷᠣᠨ ᠢ 117 ᠲᠦᠮᠡᠨ ᠮᠦ ᠪᠦᠲᠦᠭᠡᠨ ᠪᠠᠶᠢᠭᠤᠯᠵᠤ᠂ ᠡᠷᠬᠢᠨ ᠲᠣᠭᠤᠷᠢᠨ ᠤ | ᠭᠠᠵᠠᠷ ᠤᠷᠤᠨ ᠤ ᠲᠡᠩᠴᠡᠭᠦᠷᠢᠲᠡᠢ ᠤᠨᠠᠯᠲᠠ ᠤᠯᠬᠤ ᠢᠳᠡᠪᠬᠢᠵᠢᠯ ᠢ ᠳᠠᠶᠢᠴᠢᠯᠠᠪᠠ ᠃ | | | | |