ᠨᠢᠭᠡ᠂ ᠠᠭᠠᠷ ᠱᠦᠭᠦᠷᠦᠭᠦᠯᠦᠭᠴᠢ ᠶᠢ ᠲᠣᠷᠭ᠎ᠠ ᠪᠥᠰ ᠢᠶᠠᠷ ᠪᠦᠲᠡᠭᠡᠬᠦ᠃ ᠵᠠᠷᠢᠮ ᠮᠠᠰᠢᠨᠴᠢ ᠵᠢᠵᠢᠭ | ᠴᠢᠷᠭᠡᠦᠯ ᠤᠨ ᠱᠦᠭᠦᠬᠦ ᠦᠢᠯᠡᠳᠦᠯ ᠢ ᠨᠡᠮᠡᠭᠳᠡᠭᠦᠯᠬᠦ ᠶᠢᠨ ᠲᠥᠯᠥᠭᠡ᠂ ᠠᠭᠠᠷ ᠱᠦᠭᠦᠷᠦᠭᠦᠯᠦᠭᠴᠢ ᠳᠡᠭᠡᠷ᠎ᠡ ᠨᠢ ᠨᠢᠭᠡ | ᠳᠠᠪᠬᠤᠷ ᠲᠣᠷᠭ᠎ᠠ ᠪᠥᠰ ᠪᠦᠷᠬᠦᠪᠡᠯ᠂ ᠠᠭᠠᠷ ᠢ ᠨᠡᠩ ᠴᠡᠪᠡᠷ ᠪᠣᠯᠭᠠᠵᠤ ᠴᠢᠳᠠᠨ᠎ᠠ ᠭᠡᠵᠦ ᠦᠵᠡᠳᠡᠭ᠃ ᠭᠡᠳᠡᠯ᠎ᠡ ᠲᠣᠷᠭ᠎ᠠ | ᠪᠥᠰ ᠨᠢ ᠠᠭᠠᠷ ᠬᠡᠢ ᠶᠢᠨ ᠭᠠᠩ ᠳᠤ ᠤᠷᠤᠭᠰᠢᠲᠠᠢ ᠪᠠᠷ ᠣᠷᠣᠬᠤ ᠶᠢ ᠬᠠᠷᠰᠢᠯᠠᠵᠤ᠂ ᠬᠡᠢ ᠶᠢᠨ ᠭᠠᠩ ᠳᠤ ᠬᠡᠢ | ᠬᠦᠷᠦᠯᠴᠡᠬᠦ ᠦᠭᠡᠢ ᠠᠴᠠ ᠰᠢᠲᠠᠯᠲᠠ ᠶᠢ ᠪᠦᠷᠢᠨ ᠪᠤᠰᠤ ᠪᠣᠯᠭᠠᠵᠤ᠂ ᠵᠢᠵᠢᠭ ᠴᠢᠷᠭᠡᠦᠯ ᠬᠠᠷ᠎ᠠ ᠤᠲᠤᠭ᠎ᠠ ᠪᠠᠭᠠᠭᠢᠬᠤ | ᠪᠠ ᠴᠢᠳᠠᠯ ᠢ ᠪᠠᠭᠤᠷᠠᠭᠤᠯᠬᠤ ᠳᠤ ᠬᠦᠷᠦᠭᠦᠯᠳᠡᠭ ᠭᠡᠰᠡᠨ ᠢ ᠮᠡᠳᠡᠬᠦ ᠦᠭᠡᠢ ᠪᠠᠶᠢᠨ᠎ᠠ᠃ | ᠬᠤᠶᠠᠷ᠂ ᠬᠥᠳᠡᠯᠦᠩᠭᠦᠢ ᠬᠥᠰᠢᠭᠴᠢ ᠪᠠᠷ ᠴᠢᠭᠠᠩ ᠤᠨ ᠲᠠᠭᠯᠠᠭ᠎ᠠ ᠶᠢᠨ ᠱᠤᠷᠠᠭ ᠢ ᠴᠢᠩᠭᠠᠯᠠᠬᠤ᠃ ᠡᠯ᠎ᠡ | ᠬᠡᠯᠪᠡᠷᠢ ᠶᠢᠨ ᠬᠥᠳᠡᠯᠭᠡᠭᠦᠷ ᠤᠨ ᠴᠢᠭᠠᠩ ᠤᠨ ᠲᠠᠭᠯᠠᠭ᠎ᠠ ᠶᠢᠨ ᠡᠷᠭᠢ ᠱᠤᠷᠠᠭ ᠤᠨ ᠴᠢᠩᠭᠠᠯᠠᠬᠤ ᠬᠦᠴᠦ ᠶᠢ | ᠲᠡᠩᠴᠡᠭᠦᠷᠢᠲᠡᠢ ᠪᠠᠶᠢᠯᠭᠠᠬᠤ ᠬᠡᠷᠡᠭᠲᠡᠢ᠃ ᠲᠤᠰᠬᠠᠢ ᠤᠭᠯᠠᠭᠤᠷᠭ᠎ᠠ ᠪᠠ ᠮᠤᠰᠬᠢᠬᠤ ᠬᠦᠴᠦᠨ ᠤ ᠬᠥᠰᠢᠭᠦᠷ ᠢ ᠬᠡᠷᠡᠭᠯᠡᠵᠦ᠂ | ᠳᠤᠮᠳᠠ ᠠᠴᠠ ᠨᠢ ᠢᠷᠮᠡᠭ ᠤᠨ ᠲᠠᠰᠢᠭᠤᠪᠴᠢ ᠱᠤᠭᠤᠮ ᠬᠦᠷᠲᠡᠯ᠎ᠡ ᠤᠳᠠᠭ᠎ᠠ ᠬᠤᠪᠢᠶᠠᠨ ᠵᠢᠭᠳᠡ ᠮᠤᠰᠬᠢᠨ᠎ᠠ᠃ ᠵᠠᠷᠢᠮ | ᠮᠠᠰᠢᠨᠴᠢ ᠨᠢ ᠬᠥᠳᠡᠯᠭᠡᠭᠡᠨᠲᠦ ᠬᠥᠰᠢᠭᠦᠷ ᠢᠶᠠᠷ ᠣᠷᠣᠯᠠᠭᠤᠯᠳᠠᠭ᠂ ᠢᠩᠭᠢᠪᠡᠯ ᠬᠦᠴᠦᠨ ᠠᠬᠠᠳᠠᠵᠤ᠂ ᠡᠷᠭᠢ ᠱᠤᠷᠠᠭ ᠢ | ᠡᠷᠭᠢᠭᠦᠯᠵᠦ ᠡᠪᠳᠡᠯᠡᠳᠡᠭ︔ ᠡᠭᠦᠨ ᠤ ᠬᠠᠮᠲᠤ ᠱᠤᠷᠠᠭ ᠢ ᠴᠢᠩᠭᠠᠯᠠᠵᠤ ᠮᠤᠰᠬᠢᠬᠤ ᠬᠦᠴᠦ ᠶᠢ ᠵᠢᠭᠳᠡ ᠪᠤᠰᠤ ᠪᠣᠯᠭᠠᠵᠤ᠂ | ᠴᠢᠭᠠᠩ ᠤᠨ ᠬᠠᠪᠬᠠᠭᠠᠰᠤ ᠶᠢᠨ ᠬᠠᠪᠲᠠᠭᠠᠢ ᠶᠢᠨ ᠳᠦᠷᠰᠦ ᠬᠤᠪᠢᠷᠠᠯᠲᠠ ᠶᠢ ᠠᠮᠠᠷᠬᠠᠨ ᠪᠤᠢ ᠪᠣᠯᠭᠠᠳᠠᠭ᠃ | ᠭᠤᠷᠪᠠ᠂ ᠬᠥᠪᠥᠩ ᠰᠡᠮᠡᠳᠡᠰᠦ ᠪᠠᠷ ᠮᠠᠰᠢᠨ ᠲᠤᠨᠤᠭ ᠢ ᠵᠦᠯᠭᠦᠬᠦ᠃ ᠴᠠᠶᠢᠶ᠋ᠢᠦᠵᠢ ᠮᠠᠰᠢᠨ ᠢ ᠶᠡᠭᠡ ᠪᠠᠷ | ᠵᠠᠰᠠᠬᠤ ᠳᠤ᠂ ᠵᠠᠷᠢᠮ ᠮᠠᠰᠢᠨᠴᠢ ᠬᠥᠪᠥᠩ ᠰᠡᠮᠡᠳᠡᠰᠦ ᠪᠣᠯᠣᠨ ᠴᠠᠶᠢᠶ᠋ᠢᠦᠵᠢ ᠲᠣᠰᠣ ᠪᠠᠷ ᠲᠤᠨᠤᠬ ᠪᠣᠯᠣᠨ ᠮᠤᠷᠤᠢ | ᠲᠡᠩᠭᠡᠯᠢᠭ ᠤᠨ ᠲᠡᠰᠤᠬ ᠤᠨ ᠳᠣᠲᠣᠷᠠᠬᠢ ᠶᠢ ᠲᠡᠬᠢᠠ ᠳᠠᠪᠲᠠᠨ ᠠᠷᠴᠢᠳᠠᠭ᠂ ᠢᠩᠭᠢᠭᠡᠳ ᠲᠤᠰᠦᠠ ᠤ ᠭᠬᠢᠷ ᠨᠢ | ᠠᠷᠢᠯᠤᠭᠰᠠᠨ ᠪᠣᠯᠪᠠᠴᠤ ᠳᠡᠮᠡᠢ ᠤᠷᠳᠦ ᠬᠤᠭᠤᠴᠠᠭ᠎ᠠ ᠭᠡᠷᠡᠭᠯᠡᠬᠦ ᠦᠭᠡᠢ ᠪᠠᠷ ᠸᠠᠭᠠᠷ ᠢ ᠰᠢᠲᠠᠭᠠᠳᠠᠭ᠃ ᠡᠭᠦᠨ ᠤ | ᠰᠢᠯᠳᠠᠭᠠᠨ ᠨᠢ ᠲᠤᠰᠦᠠ ᠤ ᠢᠷᠤᠭᠠᠷ ᠤᠨ ᠬᠠᠯᠢᠰᠤᠨ ᠳᠣᠲᠣᠷᠠᠬᠢ ᠮᠠᠰᠢᠨ ᠤ ᠲᠤᠰᠦᠠ ᠤ ᠬᠤᠷᠠᠮᠠᠯ ᠱᠦᠭᠦᠭᠦᠷ | ᠳᠡᠭᠡᠷ᠎ᠡ ᠨᠢᠭᠡ ᠳᠠᠪᠬᠤᠷ ᠬᠥᠪᠥᠩ ᠰᠡᠮᠡᠳᠡᠰᠦ ᠶᠢᠨ ᠰᠢᠷᠬᠡᠭ ᠨᠠᠭᠠᠯᠳᠤᠵᠤ᠂ ᠮᠠᠰᠢᠨ ᠤ ᠳᠤᠰᠤ ᠲᠤᠰᠦᠠ ᠵᠡᠮ ᠳᠤ | ᠣᠷᠣᠬᠤ ᠶᠢ ᠬᠠᠷᠰᠢᠯᠠᠭᠰᠠᠨ ᠠᠴᠠ ᠪᠤᠯᠤᠭᠰᠠᠨ ᠶᠤᠮ᠃ ᠡᠶᠢᠮᠦ ᠠᠴᠠ ᠰᠡᠯᠪᠢᠭ ᠲᠣᠨᠤᠭ ᠢ ᠤᠬᠢᠶᠠᠵᠤ ᠴᠡᠪᠡᠷᠯᠡᠬᠦ ᠳᠤ | ᠬᠢᠯᠭᠠᠰᠤᠨ ᠱᠤᠸᠠᠰᠠ ᠬᠡᠷᠡᠭᠯᠡᠬᠦ ᠬᠡᠷᠡᠭᠲᠡᠢ᠃ | |