︽ᠲᠡᠮᠦᠷ ᠬᠡᠤᠬᠡᠨᠴᠤᠳ︾ ᠬᠤᠨᠢ ᠬᠠᠶᠢᠴᠢᠯᠠᠨ᠎ᠠ
ᠨᠡᠶᠢᠲᠡᠯᠡᠭᠰᠡᠨ ᠴᠠᠭ᠄
2023/7/10
      ᠲᠦᠷᠦᠬᠦᠬᠡᠨ᠂ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠤᠯ ᠪᠠᠯᠭᠠᠰᠤᠨ ᠤ ᠬᠦᠭᠵᠢᠯᠲᠦ ᠭᠠᠴᠠᠭᠠᠨ ᠤ ᠰᠣᠳᠣᠬᠡᠦᠬᠡᠨ ᠤ ᠬᠢᠨ 300 ᠰᠢᠬᠠᠮ ᠬᠤᠷᠠᠭ᠎ᠠ ᠪᠠᠨ ᠬᠠᠶᠢᠴᠢᠯᠠᠯ᠎ᠠ᠃ ᠡᠭᠦᠨ ᠳᠤ ᠭᠠᠴᠠᠭᠠᠨ ᠤ ᠵᠢᠷᠠ ᠲᠠᠯᠠᠭᠠᠳ ᠣᠨ ᠳᠤ ᠬᠠᠮᠲᠦ ᠨᠡᠶᠢᠲᠡ ᠶᠢᠨ ᠠᠵᠢᠯ ᠳᠤ ᠭᠠᠪᠰᠢᠭᠠᠶᠢᠯᠠᠵᠤ ᠶᠠᠪᠤᠭᠰᠠᠨ ︽ᠲᠡᠮᠦᠷ ᠬᠡᠤᠬᠡᠨᠴᠤᠳ︾᠂ ᠤᠳᠤ ᠴᠠᠭ ᠤᠨ ︽ᠨᠢᠩᠵᠢᠨ ᠬᠠᠶᠢᠷ᠎ᠠ︾ ᠨᠡᠶᠢᠭᠡᠮᠯᠢᠭ ᠤᠨ ᠰᠠᠶᠢᠨ ᠲᠤᠷᠠᠴᠤᠳ ᠵᠡᠷᠭᠡ ᠬᠦᠷᠦᠯᠴᠡᠨ ᠢᠷᠡᠵᠦ ᠬᠠᠪᠰᠤᠷᠴᠠᠭᠠᠵᠠᠢ᠃ ᠣᠨᠴᠠᠭᠠᠶᠢᠯᠠᠨ ᠳᠤᠷᠠᠳᠤᠭᠤᠰᠢᠲᠠᠢ ᠨᠢ ᠲᠡᠮᠦᠷ ᠬᠡᠦᠬᠡᠨᠴᠦᠳ ᠤᠨ ᠠᠬᠠᠯᠠᠭᠴᠢ ᠪᠠᠷ ᠲᠦᠷᠦᠭᠦᠯᠦᠭᠰᠡᠨ ᠰᠤᠪᠤᠳ᠂ ᠷᠠᠩᠵᠢᠳᠮ᠎ᠠ ᠵᠡᠷᠭᠡ ᠬᠠᠮᠤᠭ ᠤᠨ ᠦᠨᠳᠦᠷ ᠨᠠᠰᠤ ᠲᠠᠢ ᠨᠢ 71 ᠬᠦᠷᠦᠭᠰᠡᠨ᠂ ᠬᠠᠮᠤᠭ ᠤᠨ ᠵᠠᠯᠠᠭᠤ ᠨᠢ ᠴᠦ ᠭᠡᠰᠡᠨ ᠵᠢᠷᠠᠨ ᠨᠠᠰᠤ ᠶᠢ ᠳᠠᠪᠠᠭᠰᠠᠨ 9 ᠨᠡᠰᠤᠳᠠᠨ ᠬᠦᠷᠦᠯᠴᠡᠨ ᠢᠷᠡᠭᠡᠳ ᠬᠤᠨᠢ ᠴᠢᠷᠴᠦ ᠬᠤᠨᠢ ᠵᠤᠯᠭᠠᠭᠠᠭᠰᠠᠨ ᠮᠦᠷᠳᠡᠭᠡᠨ ᠬᠤᠷᠠᠭ᠎ᠠ ᠬᠢᠷᠭᠠᠵᠦ ᠤᠡᠭ᠌ᠭᠠᠰᠦ ᠤᠭᠤᠳᠠᠯᠠᠵᠦ᠂ ᠬᠠᠳᠠᠭᠤ ᠪᠤᠷᠤ ᠠᠵᠢᠯ ᠳᠤ ᠱᠠᠯᠠᠮᠠᠭᠠᠶᠢᠯᠠᠵᠤ ᠢᠷᠡᠭᠰᠡᠨ ᠲᠤᠷᠰᠢᠯᠭ᠎ᠠ ᠪᠠᠷ ᠢᠶᠠᠨ ᠬᠡᠨ ᠨᠢ ᠴᠦ ᠭᠡᠳ ᠵᠠᠯᠠᠭᠤ ᠢᠳᠡᠷᠴᠦᠳ ᠲᠠᠢ ᠡᠭᠡᠭᠡ ᠠᠳᠠᠯᠢ ᠠᠵᠢᠯᠯᠠᠵᠦ ᠬᠠᠷᠠᠭᠰᠠᠨ ᠪᠦᠬᠦᠨ ᠢ ᠪᠢᠰᠢᠷᠡᠭᠦᠯᠵᠦ᠂ ᠠᠬᠠᠮᠠᠳ ᠨᠢᠭᠡ ᠦᠶ᠎ᠡ ᠶᠢᠨ ᠠᠵᠢᠯᠯᠠᠵᠦ ᠠᠮᠢᠳᠤᠷᠠᠵᠦ ᠢᠷᠡᠭᠰᠡᠨ ᠰᠠᠶᠢᠬᠠᠨ‌ᠦᠯᠢᠭᠡᠷ ᠲᠠᠭᠤᠷᠢᠶᠠᠯ ᠢ ᠪᠤᠳᠠᠳᠤ ᠠᠵᠢᠯᠯᠠᠭ᠎ᠠ ᠪᠠᠷ ᠢᠶᠠᠨ ᠦᠵᠡᠭᠦᠯᠦᠭᠰᠡᠨ ᠪᠠᠶᠢᠨ᠎ᠠ᠃ ᠵᠢᠷᠤᠭ ᠪᠤᠯ ᠲᠡᠮᠦᠷ ᠬᠡᠦᠬᠡᠨᠴᠤᠳ ᠬᠤᠨᠢ ᠬᠠᠶᠢᠴᠢᠯᠠᠵᠤ ᠪᠠᠶᠢᠭ᠎ᠠ ᠨᠢ᠃
113.png
           ᠰᠤ · ᠪᠢᠯᠢᠭ᠌ᠲᠦ ᠰᠡᠬᠦᠳᠡᠷᠯᠡᠪᠡ 
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号