ᠲᠥᠮᠥᠰᠥ ᠬᠤᠷᠢᠶᠠᠬᠤ ᠤᠯᠠᠷᠢᠯ ᠳᠤ ᠲᠤᠬᠢᠶᠠᠯᠳᠤᠭᠤᠯᠤᠨ᠂ ᠨᠠᠢᠮᠠᠨ ᠬᠤᠰᠢᠭᠤᠨ ᠤ ᠰᠢᠨᠵᠧᠨ ᠪᠠᠯᠭᠠᠰᠤᠨ ᠤ | ᠰᠢᠨᠵᠧᠨ ᠲᠤᠰᠬᠤᠨ ᠳᠤ ᠤᠴᠢᠬᠤ ᠳᠤ᠂ ᠲᠠᠷᠢᠮᠠᠯ ᠤᠨ ᠡᠷᠦᠬᠡ ᠰᠢᠦ ᠬᠠᠢ ᠹᠧᠩ ᠶᠠᠬ ᠲᠦᠮᠦᠰᠦᠨ ᠤ | ᠲᠠᠷᠢᠶᠠᠨ ᠳᠠᠭᠠᠨ ᠶᠠᠭᠠᠷᠠᠯᠲᠠᠢ ᠠᠵᠢᠯᠯᠠᠵᠤ ᠪᠠᠶᠢᠯ᠎ᠠ ᠃ ᠲᠥᠮᠥᠰᠥ ᠬᠤᠷᠢᠶᠠᠬᠤ ᠮᠠᠰᠢᠨ ᠬᠥᠷᠴᠢᠭᠢᠨᠡᠨ ᠦᠩᠭᠡᠷᠡᠬᠦ ᠳᠤ | ᠬᠥᠷᠥᠰᠥᠨ ᠳᠤᠤᠷᠠᠬᠢ ᠲᠥᠮᠥᠰᠥ ᠰᠠᠴᠤᠬᠳᠠᠬᠰᠠᠨ ᠰᠤᠪᠤᠳ ᠰᠢᠤᠬᠠᠨ ᠨᠣᠶᠢᠲᠠᠨ ᠬᠥᠷᠥᠰᠥᠨ ᠳᠡᠭᠡᠷ᠎ᠡ | ᠴᠣᠬᠤᠶᠢᠯᠵᠠᠨ ᠥᠷᠥᠭᠳᠡᠵᠤ᠂ ᠲᠤᠰᠬᠤᠨ ᠤ ᠠᠷᠠᠳ ᠶᠡᠭᠡ ᠪᠠᠭ᠎ᠠ ᠪᠠᠷ ᠨᠢ ᠪᠤᠰᠢᠭᠤ ᠱᠠᠯᠠᠮᠠᠭᠠᠢ ᠢᠯᠭᠠᠵᠤ ᠰᠠᠯᠭᠠᠨ᠂ | ᠤᠭᠤᠲᠠᠨ ᠳᠤ ᠰᠠᠪᠠᠯᠠᠵᠤ ᠪᠠᠶᠢᠯ᠎ᠠ ᠃ | ︽80 ᠮᠦ ᠲᠥᠮᠥᠰᠥ ᠲᠠᠷᠢᠵᠠᠢ᠂ ᠨᠢᠭᠡ ᠮᠦ ᠠᠴᠠ ᠪᠠᠷᠤᠭ 7000 ᠵᠢᠩ ᠬᠤᠷᠢᠶᠠᠨ᠎ᠠ᠂ ᠵᠢᠩ ᠪᠥᠷᠢ ᠶᠢ | 1 ᠲᠦᠭᠦᠷᠢᠭ ᠢᠶᠠᠷ ᠬᠤᠳᠠᠯᠳᠤᠬᠤ ᠳᠤ᠂ ᠮᠦ ᠪᠦᠷᠢ ᠶᠢᠨ ᠴᠡᠪᠡᠷ ᠣᠷᠣᠯᠭ᠎ᠠ 3500 ᠲᠦᠭᠦᠷᠢᠭ ᠲᠤ ᠬᠦᠷᠥᠨ᠎ᠡ︾ | ᠭᠡᠵᠦ ᠰᠢᠦ ᠬᠠᠢ ᠹᠧᠩ ᠬᠡᠯᠡᠨ᠎ᠡ᠃ | | | | | ᠭᠠᠳᠠᠨᠠᠬᠢ ᠬᠤᠳᠠᠯᠳᠤᠭᠠᠴᠢᠳ ᠲᠥᠮᠥᠰᠥ ᠶᠢ ᠲᠠᠷᠢᠶᠠᠨ ᠲᠠᠷᠢᠶᠠᠨ ᠵᠠᠬ᠎ᠠ ᠠᠴᠠ ᠳᠡᠭᠡᠭᠡᠪᠥᠷᠢᠯᠡᠨᠠ | ᠰᠢᠨᠵᠧᠨ ᠪᠠᠯᠭᠠᠰᠤᠨ ᠤ ᠭᠦᠶᠦᠬᠡᠨ ᠠᠭᠤᠯᠠ ᠳᠣᠪᠣᠷᠬᠠᠭ ᠭᠠᠵᠠᠷ ᠨᠢ ᠲᠥᠮᠥᠰᠥ ᠤᠷᠭᠤᠬᠤ ᠳᠤ ᠮᠠᠰᠢ | ᠲᠣᠬᠢᠷᠠᠮᠵᠢᠲᠠᠢ ᠪᠠᠶᠢᠵᠤ ᠂ ᠲᠠᠷᠢᠬᠰᠠᠨ ᠲᠦᠮᠦᠰᠦ ᠶᠢᠨ ᠬᠡᠯᠪᠡᠷᠢ ᠳᠦᠷᠰᠦ ᠨᠢ ᠵᠢᠭᠳᠡ᠂ ᠠᠮᠲᠠ ᠰᠠᠶᠢᠲᠠᠢ ᠪᠠᠶᠢᠳᠠᠭ ᠃ | ᠲᠥᠮᠥᠰᠥ ᠬᠤᠷᠢᠶᠠᠬᠤ ᠤᠯᠠᠷᠢᠯ ᠪᠣᠯᠣᠮᠠᠭᠴᠠ ᠭᠠᠳᠠᠨ᠎ᠠ ᠠᠴᠠ ᠢᠷᠡᠭᠰᠡᠨ ᠬᠤᠳᠠᠯᠳᠤᠭᠠᠴᠢᠨ ᠠᠯᠢ ᠡᠷᠲᠡ ᠲᠠᠷᠢᠶᠠᠨ | ᠵᠠᠬ᠎ᠠ ᠳᠤ ᠬᠦᠯᠢᠶᠡᠵᠦ᠂ ᠲᠥᠮᠥᠰᠥ ᠪᠠᠨ ᠲᠠᠷᠢᠶᠠᠨ ᠭᠠᠵᠠᠷ ᠲᠠᠭᠠᠨ ᠬᠤᠳᠠᠯᠳᠤᠴᠢᠬᠠᠳᠠᠭ ᠪᠠᠶᠢᠪᠠ ᠃ ᠰᠢᠨᠵᠧᠨ | ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠪᠠᠰᠠ ᠬᠤᠳᠠᠯᠳᠤᠭᠠᠴᠢᠳ ᠲᠠᠢ ᠢᠳᠡᠪᠬᠢᠲᠡᠢ ᠵᠣᠯᠭᠠᠭᠤᠯᠬᠤ᠂ | ︽ᠵᠠᠬᠢᠶᠠᠯᠠᠭ᠎ᠠ ᠶᠢᠨ ᠲᠠᠷᠢᠶᠠᠯᠠᠩ︾ ᠢ ᠬᠥᠭᠵᠢᠭᠦᠯᠥᠨ᠂ ᠲᠠᠷᠢᠬᠤ ᠠᠴᠠ ᠡᠮᠥᠨ᠎ᠡ ᠬᠤᠳᠠᠯᠳᠤᠨ ᠠᠪᠬᠤ ᠵᠥᠪᠯᠡᠯᠴᠡᠭᠡᠷ | ᠲᠣᠭᠲᠠᠵᠤ᠂ ᠲᠠᠷᠢᠮᠠᠯ ᠤᠨ ᠡᠷᠦᠬᠡ ᠲᠦᠮᠦᠰᠦ ᠶᠢᠨ ᠪᠣᠷᠣᠯᠠᠭᠤᠯᠭ᠎ᠠ ᠶᠢᠨ ᠲᠥᠯᠥᠭᠡ ᠥᠴᠥᠬᠡᠨ ᠴᠦ ᠵᠣᠪᠠᠭ᠋ᠤ ᠦᠭᠡᠢ | ᠪᠣᠯᠵᠠᠢ᠃ ︽ᠪᠢ ᠬᠤᠶᠠᠳᠤᠭᠠᠷ ᠵᠢᠯ ᠰᠢᠨᠵᠧᠨ ᠪᠠᠯᠭᠠᠰᠤᠨ ᠳᠤ ᠢᠷᠡᠭᠡᠳ ᠲᠥᠮᠥᠰᠥ ᠬᠤᠷᠢᠶᠠᠵᠤ ᠪᠠᠶᠢᠨ᠎ᠠ ᠂ ᠠᠳᠡᠬᠢ | ᠲᠦᠮᠦᠰᠦ ᠶᠢᠨ ᠴᠢᠨᠠᠷ ᠮᠠᠰᠢ ᠰᠠᠶᠢᠨ ᠂ ᠪᠢ ᠡᠳᠦᠷ ᠲᠤ ᠠᠳᠠᠭ ᠲᠠᠭᠠᠨ ᠨᠢᠭᠡ ᠲᠡᠷᠭᠡ ᠳᠡᠭᠡᠭᠡᠪᠥᠷᠢᠯᠡᠨ᠂ 20 ᠠᠴᠠ | 30 ᠲᠣᠨ ᠣᠷᠴᠢᠮ ᠬᠤᠳᠠᠯᠳᠤᠨ ᠠᠪᠴᠥ ᠪᠠᠶᠢᠨ᠎ᠠ ︾ ᠭᠡᠵᠦ ᠬᠤᠷᠴᠢᠨ ᠲᠤᠭᠤᠷᠢᠬ ᠠᠴᠠ ᠢᠷᠡᠭᠰᠡᠨ | ᠬᠤᠳᠠᠯᠳᠤᠭᠠᠴᠢᠨ ᠵᠧᠦ ᠰᠢᠶᠣᠣ ᠬᠡᠯᠡᠵᠤ ᠪᠠᠶᠢᠯ᠎ᠠ᠃ | ᠡᠨᠡ ᠵᠢᠯ᠂ ᠰᠢᠨᠵᠧᠨ ᠪᠠᠯᠭᠠᠰᠤ 2000 ᠮᠦ ᠲᠥᠮᠥᠰᠥ ᠳᠠᠷᠢᠵᠤ᠂ ᠠᠳᠡᠬᠢ ᠣᠯᠠᠨ ᠲᠦᠮᠡᠨ ᠳᠤ ᠶᠡᠭᠡ | ᠬᠡᠮᠵᠢᠶᠡᠨ ᠤ ᠠᠵᠢᠯ ᠬᠥᠳᠡᠯᠮᠦᠷᠢ ᠬᠢᠬᠦ ᠵᠠᠪᠰᠢᠶᠠᠨ ᠣᠯᠭᠤᠵᠠᠢ᠃ ᠰᠢᠨᠵᠧᠨ ᠪᠠᠯᠭᠠᠰᠤᠨ ᠤ ᠫᠤᠤᠽᠢ ᠲᠤᠰᠬᠤᠨ ᠤ | ᠠᠷᠠᠳ ᠰᠦᠨ ᠭᠦᠸᠧ ᠶᠤᠸᠠᠨ ᠮᠠᠯᠲᠠᠵᠤ ᠭᠠᠷᠭᠠᠭᠰᠠᠨ ᠲᠥᠮᠥᠰᠥ ᠶᠢ ᠤᠭᠤᠲᠠᠯᠠᠬᠤ ᠠᠵᠢᠯ ᠢ ᠬᠠᠷᠢᠭᠤᠴᠠᠵᠤ | ᠪᠠᠶᠢᠪᠠ ᠃ ᠲᠡᠷᠡ᠄ ︽ᠪᠢ ᠡᠳᠦᠷ ᠲᠤ 180 ᠲᠥᠭᠦᠷᠢᠭ ᠣᠯᠣᠨ᠎ᠠ᠂ ᠣᠶᠢᠷ᠎ᠠ ᠬᠠᠪᠢ ᠳᠠᠭᠠᠨ ᠠᠵᠢᠯ ᠬᠢᠬᠦ | ᠵᠠᠪᠰᠢᠶᠠᠨ ᠤᠯᠵᠤ᠂ ᠣᠷᠣᠯᠭ᠎ᠠ ᠪᠠᠨ ᠨᠡᠮᠡᠭᠳᠡᠭᠦᠯᠵᠤ ᠪᠠᠶᠢᠭ᠎ᠠ ᠳᠠᠭᠠᠨ ᠴᠤᠬᠤᠮ ᠬᠦ ᠪᠠᠶᠠᠷᠯᠠᠳᠠᠬ︾ ᠭᠡᠵᠦ ᠬᠡᠯᠡᠨ᠎ᠡ᠃ | ᠰᠢᠦ ᠬᠠᠢ ᠹᠧᠩ ᠳᠠᠷᠢᠶᠠᠨ ᠳᠠᠬᠢ ᠲᠥᠮᠥᠰᠥ ᠪᠠᠨ ᠮᠠᠯᠲᠠᠬᠤ ᠶᠢᠨ ᠳᠠᠭᠠᠤ ᠳᠠᠷᠠᠭᠠᠴᠢ ᠶᠢᠨ ᠠᠯᠬᠤᠮ ᠤᠨ | ᠲᠦᠯᠦᠪᠯᠡᠭᠡ ᠪᠠᠨ ᠲᠤᠬᠳᠠᠴᠢᠬᠠᠬᠰᠠᠨ ᠪᠠᠶᠢᠪᠠ ᠃ ︽ᠲᠥᠮᠥᠰᠥ ᠲᠠᠷᠢᠬᠤ ᠨᠢ ᠰᠠᠶᠢᠨ ᠲᠠᠯ᠎ᠠ ᠲᠠᠢ᠂ ᠳᠠᠷᠤᠢ ᠵᠢᠯ ᠳᠤ | ᠬᠤᠶᠠᠷ ᠤᠳᠠᠭ᠎ᠠ ᠲᠠᠷᠢᠵᠦ ᠪᠣᠯᠣᠨ᠎ᠠ᠂ ᠵᠠᠯᠭᠠᠭᠠᠳ ᠪᠢ ᠡᠨᠡ ᠲᠠᠷᠢᠶᠠᠨ ᠳᠠᠭᠠᠨ ᠭᠠᠶᠢᠮᠦ ᠲᠠᠷᠢᠨ᠎ᠡ︾ ᠭᠡᠵᠦ ᠬᠡᠯᠡᠵᠤ | ᠪᠠᠶᠢᠯ᠎ᠠ ᠃ ᠰᠢᠦ ᠬᠠᠢ ᠹᠧᠩ ᠵᠡᠷᠭᠡ ᠲᠠᠷᠢᠮᠠᠯ ᠤᠨ ᠡᠷᠦᠬᠡ ᠵᠢᠵᠢᠭ ᠲᠥᠮᠥᠰᠥ ᠠᠴᠠ ᠪᠠᠶᠠᠵᠢᠯ ᠤᠨ ᠵᠠᠮ ᠢᠶᠠᠨ | ᠡᠯᠭᠦᠵᠡᠭᠡᠭᠰᠡᠨ ᠪᠠᠶᠢᠯ᠎ᠠ ᠃ | ᠣᠶᠢᠷ᠎ᠠ ᠶᠢᠨ ᠵᠢᠯ ᠳᠤ᠂ ᠰᠢᠨᠵᠧᠨ ᠪᠠᠯᠭᠠᠰᠤ ᠣᠨᠴᠠᠯᠢᠭᠲᠤ ᠠᠵᠤ ᠠᠬᠤᠢ ᠶᠢᠨ ᠲᠠᠷᠢᠮᠠᠯ ᠤᠨ ᠠᠵᠤ | ᠦᠢᠯᠡᠰ ᠤᠨ ᠬᠦᠭᠵᠢᠯᠲᠡ ᠶᠢ ᠠᠬᠢᠭᠤᠯᠥᠨ᠂ ᠲᠦᠮᠦᠰᠦ ᠶᠢ ᠪᠠᠭᠲᠠᠭᠠᠭᠰᠠᠨ ᠪᠥᠭᠡᠷᠡᠩᠬᠡᠢ ᠰᠣᠩᠭᠢᠨ᠎ᠠ᠂ ᠨᠠᠷᠢᠮᠤ ᠵᠡᠷᠭᠡ | ᠲᠠᠷᠢᠮᠠᠯ ᠢ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠳᠡᠯᠭᠡᠷᠡᠭᠦᠯᠵᠦ᠂ ᠲᠠᠷᠢᠬᠤ ᠲᠠᠯᠠᠪᠠᠢ ᠨᠢ ᠨᠢᠭᠡᠨᠲᠡ 3 | ᠲᠦᠮᠡᠨ ᠮᠦ ᠳᠤ ᠬᠦᠷᠴᠦ᠂ ᠤᠯᠠᠨ ᠲᠦᠮᠡᠨ ᠤ ᠣᠷᠣᠯᠭ᠎ᠠ ᠶᠢ ᠨᠡᠮᠡᠭᠳᠡᠭᠦᠯᠦᠨ ᠪᠠᠶᠠᠵᠢᠭᠤᠯᠬᠤ ᠠᠷᠭ᠎ᠠ ᠵᠠᠮ ᠢ | ᠪᠦᠲᠦᠮᠵᠢᠲᠡᠢ ᠥᠷᠭᠡᠳᠬᠡᠵᠤ ᠪᠠᠶᠢᠨ᠎ᠠ ᠃ | | |