︽ ᠭᠤᠷᠪᠠ ᠶᠢ ᠠᠮᠢᠳᠤᠯᠢᠭ ᠢᠶᠠᠷ ᠬᠥᠭᠵᠢᠭᠦᠯᠬᠦ ︾ ᠪᠠᠷ ︽ ᠭᠤᠷᠪᠠ ᠶᠢ ᠬᠤᠪᠢᠷᠠᠭᠤᠯᠬᠤ ︾ ᠶᠢ ᠠᠬᠢᠭᠤᠯᠵᠤ | ᠬᠠᠮᠲᠤᠪᠠᠷ ᠪᠠᠶᠠᠵᠢᠪᠠ ︱ ᠦᠦᠰᠢᠨ ᠬᠤᠰᠢᠭᠤᠨ ᠤ ᠪᠠᠭ᠎ᠠ ᠨᠠᠭᠤᠷ ᠲᠣᠰᠬᠤᠨ | ᠪᠠᠭ᠎ᠠ ᠨᠠᠭᠤᠷ ᠲᠣᠰᠬᠤᠨ ᠦᠦᠰᠢᠨᠵᠤᠤ ᠪᠠᠯᠭᠠᠰᠤ ᠶᠢᠨ ᠵᠡᠭᠦᠨ ᠬᠤᠶᠢᠲᠤ ᠬᠡᠰᠡᠭ ᠲᠤ ᠪᠠᠶᠢᠷᠢᠯᠠᠵᠤ ᠂ ᠪᠦᠬᠦ | ᠲᠣᠰᠬᠤᠨ ᠤ ᠡᠷᠦᠬᠡ ᠠᠮᠠ ᠶᠢᠨ ᠲᠠᠩᠰᠠ ᠲᠠᠢ ᠬᠥᠮᠥᠨ ᠠᠮᠠ 669 ᠡᠷᠦᠬᠡ 1666 ᠬᠥᠮᠥᠨ ᠪᠠᠶᠢᠵᠤ ᠂ | ᠪᠠᠶᠢᠩᠭᠤ ᠰᠠᠭᠤᠭ᠎ᠠ ᠡᠷᠦᠬᠡ 212 ᠡᠷᠦᠬᠡ 430 ᠬᠥᠮᠥᠨ ᠪᠤᠢ ᠃ 2021 ᠣᠨ ᠳᠤ᠂ ᠪᠠᠭ᠎ᠠ ᠨᠠᠭᠤᠷ ᠲᠣᠰᠬᠤᠨ | ᠬᠤᠪᠢ ᠣᠷᠣᠭᠤᠯᠤᠭᠰᠠᠨ ᠠᠵᠤ ᠠᠬᠤᠢ ᠶᠢᠨ ᠬᠤᠷᠰᠢᠶᠠᠵᠢᠯ ᠤᠨ ︽ ᠨᠢᠭᠡ ᠬᠤᠷᠰᠢᠶ᠎ᠠ︾ ᠳᠤ ᠲᠦᠰᠢᠭᠯᠡᠨ᠂ | ᠢᠲᠡᠭᠡᠮᠵᠢ ᠶᠢᠨ ᠬᠠᠮᠲᠤᠷᠠᠯᠴᠠᠭᠠᠨ ᠤ ᠭᠡᠯᠳᠡᠰ ᠢᠶᠠᠷ ︽ᠰᠢᠪᠲᠤᠯᠤᠯᠲᠠ ᠶᠢᠨ ᠴᠡᠭ︾ ᠪᠣᠯᠭᠠᠵᠤ᠂ ᠤᠷᠢᠳ ᠬᠤᠵᠢᠳ | ᠬᠤᠳᠠᠯᠳᠤᠨ ᠠᠪᠬᠤ ᠪᠠ ᠪᠣᠷᠣᠯᠠᠭᠤᠯᠬᠤ ᠬᠠᠮᠲᠤᠷᠠᠯᠴᠠᠭᠠᠨ ᠤ ᠭᠡᠯᠳᠡᠰ᠂ ᠲᠠᠷᠢᠶᠠᠨ ᠭᠠᠵᠠᠷ ᠲᠤ ᠬᠤᠪᠢ ᠣᠷᠣᠭᠤᠯᠬᠤ | ᠬᠠᠮᠲᠤᠷᠠᠯᠴᠠᠭᠠᠨ ᠤ ᠭᠡᠯᠳᠡᠰ ᠂ ᠲᠠᠷᠢᠶᠠᠯᠠᠩ ᠤᠨ ᠮᠠᠰᠢᠨ ᠤ ᠬᠠᠮᠲᠤᠷᠠᠯᠴᠠᠭᠠᠨ ᠤ ᠭᠡᠯᠳᠡᠰ ᠂ ᠬᠤᠨᠢᠨ ᠤ ᠠᠵᠤ | ᠦᠢᠯᠡᠰ ᠤᠨ ᠬᠠᠮᠲᠤᠷᠠᠯᠴᠠᠭᠠᠨ ᠤ ᠭᠡᠯᠳᠡᠰ ᠂ ᠨᠤᠲᠤᠭ ᠪᠡᠯᠴᠢᠭᠡᠷ ᠲᠤ ᠬᠤᠪᠢ ᠣᠷᠣᠭᠤᠯᠬᠤ ᠬᠠᠮᠲᠤᠷᠠᠯᠴᠠᠭᠠᠨ ᠤ | ᠭᠡᠯᠳᠡᠰ ᠂ ᠨᠠᠭᠤᠷ ᠤᠨ ᠣᠷᠣᠨ ᠤ ᠠᠵᠤ ᠦᠢᠯᠡᠰ ᠤᠨ ᠬᠠᠮᠲᠤᠷᠠᠯᠴᠠᠭᠠᠨ ᠤ ᠭᠡᠯᠳᠡᠰ ᠵᠡᠷᠭᠡ ︽N︾ ᠣᠯᠠᠨ | ᠦᠢᠯᠡᠴᠢᠯᠡᠭᠡᠨ ᠤ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠢ ᠪᠠᠶᠢᠭᠤᠯᠪᠠ᠃ ᠡᠳ᠋ ᠬᠥᠷᠥᠩᠭᠡ ᠪᠠᠷ ᠬᠤᠯᠪᠣᠭᠠᠰᠤ | ᠪᠣᠯᠭᠠᠭᠰᠠᠨ᠂ ᠪᠦᠷᠢᠯᠳᠦᠭᠦᠨ ᠤ ᠡᠷᠬᠡ ᠶᠢᠨ ᠳᠦᠷᠢᠮ ᠪᠦᠬᠦᠢ ︽ᠨᠢᠭᠡ ᠬᠤᠷᠰᠢᠶᠠᠨ ᠤ N ᠭᠡᠯᠳᠡᠰ ︾ ᠤᠨ | ᠶᠡᠷᠦᠩᠬᠡᠶᠢᠯᠡᠭᠰᠡᠨ ᠴᠢᠨᠠᠷᠲᠠᠢ ᠬᠠᠮᠲᠤ ᠶᠢᠨ ᠬᠤᠪᠢ ᠣᠷᠣᠭᠤᠯᠤᠭᠰᠠᠨ ᠠᠵᠤ ᠠᠬᠤᠢ ᠶᠢᠨ ᠬᠤᠷᠰᠢᠶ᠎ᠠ ᠶᠢ | ᠪᠦᠷᠢᠯᠳᠦᠭᠦᠯᠵᠦ᠂ ︽ᠭᠤᠷᠪᠠ ᠶᠢ ᠠᠮᠢᠳᠤᠯᠢᠭ ᠪᠣᠯᠭᠠᠬᠤ︾ ︵ᠮᠠᠯᠴᠢᠨ ᠲᠠᠷᠢᠶᠠᠴᠢᠨ ᠤ ᠵᠣᠬᠢᠶᠠᠨ ᠪᠠᠶᠢᠭᠤᠯᠤᠯᠲᠠ ᠶᠢ | ᠠᠮᠢᠳᠤᠯᠢᠭ ᠪᠣᠯᠭᠠᠬᠤ᠂ ᠡᠬᠢ ᠪᠠᠶᠠᠯᠢᠭ ᠡᠳ᠋ ᠬᠥᠷᠥᠩᠭᠡ ᠪᠡᠯᠡ ᠮᠥᠩᠭᠦ ᠶᠢ ᠡᠷᠴᠢᠮᠵᠢᠭᠦᠯᠦᠨ ᠡᠵᠡᠩᠨᠡᠬᠦ ᠶᠢ | ᠠᠮᠢᠳᠤᠯᠢᠭ ᠪᠣᠯᠭᠠᠬᠤ᠂ ᠥᠮᠴᠢᠯᠡᠬᠦ ᠡᠷᠬᠡ ᠶᠢᠨ ᠠᠷᠠᠯᠵᠢᠶ᠎ᠠ ᠶᠢ ᠠᠮᠢᠳᠤᠯᠢᠭ ᠪᠣᠯᠭᠠᠬᠤ︶ ᠪᠠᠷ ︽ᠭᠤᠷᠪᠠ ᠶᠢ | ᠬᠤᠪᠢᠷᠠᠭᠤᠯᠬᠤ︾ ︵ᠡᠬᠢ ᠪᠠᠶᠠᠯᠢᠭ ᠢ ᠡᠳ᠋ ᠬᠥᠷᠥᠩᠭᠡ ᠪᠣᠯᠭᠠᠬᠤ᠂ ᠪᠡᠯᠡ ᠮᠥᠩᠭᠦ ᠶᠢ ᠬᠤᠪᠢ ᠤᠷᠤᠭᠤᠯᠤᠭᠰᠠᠨ | ᠮᠥᠩᠭᠦ ᠪᠣᠯᠭᠠᠬᠤ᠂ ᠲᠠᠷᠢᠶᠠᠴᠢᠨ ᠢ ᠬᠤᠪᠢ ᠣᠷᠣᠭᠤᠯᠤᠭᠴᠢ ᠪᠣᠯᠭᠠᠬᠤ︶ ᠶᠢ ᠠᠬᠢᠭᠤᠯᠵᠤ᠂ ᠥᠮᠴᠢᠯᠡᠬᠦ ᠡᠷᠬᠡ ᠶᠢᠨ | ᠳᠦᠷᠢᠮ ᠤᠨ ᠥᠭᠡᠷᠡᠴᠢᠯᠡᠯᠲᠡ ᠶᠢᠨ ︽ᠰᠡᠭᠦᠯᠴᠢ ᠶᠢᠨ ᠬᠠᠭᠠᠰ ᠵᠣᠬᠢᠶᠠᠯ︾ ᠢ ᠰᠠᠶᠢᠲᠤᠷ ᠪᠢᠴᠢᠵᠦ ᠂ ᠲᠣᠰᠬᠤᠨ ᠤ | ᠬᠠᠮᠲᠤ ᠶᠢᠨ ᠠᠵᠤ ᠠᠬᠤᠢ ᠶᠢᠨ ᠲᠠᠰᠤᠷᠠᠯᠲᠠ ᠦᠭᠡᠢ ᠬᠥᠭᠵᠢᠨ ᠪᠤᠵᠠᠭᠠᠶᠢᠷᠠᠬᠤ ᠶᠢ ᠠᠬᠢᠭᠤᠯᠤᠨ᠂ ᠡᠴᠦᠰ ᠲᠡᠭᠡᠨ | ᠬᠠᠮᠲᠤ ᠪᠠᠷ ᠪᠠᠶᠠᠵᠢᠬᠤ ᠶᠢ ᠪᠡᠶᠡᠯᠡᠭᠦᠯᠪᠡ ᠃ | | | | | | ᠨᠣᠶᠢᠷᠰᠤᠭᠰᠠᠨᠡᠬᠢ ᠪᠠᠶᠠᠯᠢᠭ ᠢ ᠠᠮᠢᠯᠠᠭᠤᠯᠵᠤ᠂ ᠡᠬᠢ ᠪᠠᠶᠠᠯᠢᠭ ᠢ ᠡᠳ᠋ ᠬᠥᠷᠥᠩᠭᠡ ᠪᠣᠯᠭᠠᠨ | ᠬᠤᠪᠢᠷᠠᠭᠤᠯᠬᠤ ᠶᠢ ᠪᠡᠶᠡᠯᠡᠭᠦᠯᠪᠡ᠃ ᠪᠠᠭ᠎ᠠ ᠨᠠᠭᠤᠷ ᠲᠣᠰᠬᠤᠨ ᠨᠠᠭᠤᠷ ᠤᠨ ᠨᠡᠷ᠎ᠡ ᠪᠠᠷ ᠨᠡᠷᠡᠯᠡᠭᠳᠡᠵᠦ ᠂ ᠬᠢᠯᠢ ᠶᠢᠨ | ᠳᠣᠲᠣᠷᠠᠬᠢ ᠪᠠᠶᠢᠭᠠᠯᠢ ᠶᠢᠨ ᠬᠤᠵᠢᠷᠯᠢᠭ ᠨᠠᠭᠤᠷ ᠤᠨ ᠠᠮᠢ ᠠᠬᠤᠢ ᠶᠢᠨ ᠡᠬᠢ ᠪᠠᠶᠠᠯᠢᠭ ᠤᠨ ᠡᠬᠢ ᠪᠠᠶᠠᠯᠢᠭ ᠲᠤ | ᠰᠠᠭᠤᠷᠢᠯᠠᠵᠤ ᠂ ᠪᠠᠭ᠎ᠠ ᠨᠠᠭᠤᠷ ᠤᠨ ᠤᠰᠤᠨ ᠤ ᠠᠮᠢ ᠠᠬᠤᠢ ᠶᠢᠨ ᠵᠠᠰᠠᠯᠲᠠ ᠶᠢᠨ ᠢᠨᠵᠧᠨᠧᠷᠢᠩ ᠤᠨ ᠲᠦᠷᠦᠯ | ᠵᠦᠢᠯ ᠢ ᠴᠢᠷᠮᠠᠶᠢᠨ ᠣᠯᠵᠤ ᠂ ᠠᠭᠤᠷᠬᠠᠢ ᠶᠢᠨ ᠬᠤᠳᠳᠤᠭ ᠤᠨ ᠰᠡᠶᠢᠷᠡᠭ ᠬᠠᠭᠤᠷᠠᠢ ᠤᠰᠤ ᠪᠠᠷ ᠤᠰᠤᠨ ᠤ ᠡᠬᠢ | ᠰᠤᠷᠪᠤᠯᠵᠢ ᠪᠣᠯᠭᠠᠨ ᠨᠠᠭᠤᠷ ᠤᠨ ᠣᠷᠣᠨ ᠳᠤ ᠠᠮᠢ ᠠᠬᠤᠢ ᠶᠢᠨ ᠤᠰᠤ ᠨᠥᠬᠦᠪᠦᠷᠢᠯᠡᠬᠦ ᠂ ᠮᠠᠯᠲᠠᠵᠤ ᠲᠡᠭᠰᠢᠯᠡᠬᠦ ᠂ | ᠬᠤᠭᠤᠯᠠᠢ ᠳᠡᠪᠢᠰᠬᠦ ᠂ ᠬᠦᠷᠢᠶ᠎ᠡ ᠬᠠᠰᠢᠶ᠎ᠠ ᠶᠢ ᠨᠤᠷᠠᠭᠠᠬᠤ ᠂ ᠬᠤᠭ ᠨᠣᠪᠰᠢ ᠶᠢ ᠴᠡᠪᠡᠷᠯᠡᠬᠦ ᠵᠡᠷᠭᠡ ᠶᠢ ᠬᠢᠵᠦ ᠂ 3.2 | ᠲᠦᠮᠡᠨ ᠮᠦ ᠨᠠᠭᠤᠷ ᠤᠨ ᠣᠷᠣᠨ ᠢ ᠰᠡᠯᠪᠢᠨ ᠵᠠᠰᠠᠪᠠ ᠃ ᠠᠮᠢ ᠠᠬᠤᠢ ᠶᠢᠨ ᠠᠰᠢᠭ ᠲᠤᠰᠠ ᠶᠢ ᠪᠦᠬᠦ ᠲᠣᠰᠬᠤᠨ ᠳᠤ | ᠪᠦᠷᠬᠦᠭᠦᠯᠬᠦ ᠶᠢᠨ ᠲᠥᠯᠥᠭᠡ᠂ ︽ᠠᠮᠢ ᠠᠬᠤᠢ ᠶᠢᠨ ᠤᠰᠤ︾ ᠶᠢ ︽ᠠᠷᠠᠳ ᠢ ᠪᠠᠶᠠᠵᠢᠭᠤᠯᠬᠤ ᠨᠠᠭᠤᠷ︾ ᠪᠣᠯᠭᠠᠨ | ᠬᠤᠪᠢᠷᠠᠭᠤᠯᠵᠤ᠂ ᠪᠠᠭ᠎ᠠ ᠨᠠᠭᠤᠷ ᠲᠣᠰᠬᠤᠨ ᠤ ᠬᠤᠪᠢ ᠣᠷᠣᠭᠤᠯᠤᠭᠰᠠᠨ ᠠᠵᠤ ᠠᠬᠤᠢ ᠶᠢᠨ ᠬᠤᠷᠰᠢᠶᠠᠵᠢᠯ ᠤᠨ | ᠳᠣᠣᠷ᠎ᠠ ᠲᠠᠯ᠎ᠠ ᠨᠤᠲᠤᠭ ᠤᠨ ᠬᠤᠪᠢ ᠣᠷᠣᠭᠤᠯᠬᠤ ᠬᠤᠷᠰᠢᠶᠠᠵᠢᠯ ᠤᠨ ᠬᠡᠯᠲᠡᠰ ᠪᠠᠶᠢᠭᠤᠯᠵᠤ᠂ ᠪᠥᠬᠦ ᠲᠣᠰᠬᠤᠨ ᠤ | 2100 ᠨᠡᠷᠡᠰ ᠭᠠᠴᠠᠭᠠᠨ ᠤ ᠠᠷᠠᠳ ᠤᠨ ᠭᠠᠵᠠᠷ ᠰᠢᠷᠣᠢ ᠪᠠᠷ ᠬᠤᠪᠢ ᠣᠷᠣᠭᠤᠯᠵᠤ ᠬᠠᠮᠲᠤ ᠶᠢᠨ ᠡᠵᠡᠩᠨᠡᠯᠲᠡ ᠶᠢᠨ | ᠵᠠᠭᠪᠤᠷ ᠢᠶᠠᠷ᠂ ᠭᠡᠰᠢᠭᠦᠨ ᠨᠢᠭᠡᠪᠦᠷᠢ ᠳᠤ ᠰᠠᠭᠤᠷᠢ ᠲᠤᠭ᠎ᠠ ᠶᠢ ᠪᠠᠲᠤᠯᠠᠨ ᠠᠰᠢᠭ ᠬᠤᠪᠢᠶᠠᠬᠤ ᠪᠥᠭᠡᠳ ᠨᠠᠭᠤᠷ ᠤᠨ | ᠣᠷᠣᠨ ᠤ 26683.9 ᠮᠦ ᠤᠰᠤᠨ ᠣᠷᠣᠨ ᠤ ᠪᠦᠷᠬᠦᠴᠡ ᠶᠢᠨ ᠪᠠᠶᠢᠳᠠᠯ ᠢ ᠦᠨᠳᠦᠰᠦᠯᠡᠨ ᠭᠡᠰᠢᠭᠦᠳ ᠲᠤ | ᠬᠤᠶᠠᠳᠠᠭᠢ ᠤᠳᠠᠭ᠎ᠠ ᠠᠰᠢᠭ ᠬᠤᠪᠢᠶᠠᠷᠢᠯᠠᠵᠤ᠂ ᠳᠠᠬᠢᠨ ᠭᠠᠴᠠᠭᠠᠨ ᠤ ᠬᠠᠮᠲᠤ ᠠᠴᠠ ᠳᠠᠭᠠᠳᠬᠠᠯ ᠲᠤᠰᠢᠶᠠᠪᠠ ᠂ | ᠬᠡᠷᠪᠡ ᠤᠰᠤᠨ ᠤ ᠪᠦᠷᠬᠦᠴᠡ ᠶᠢᠨ ᠬᠡᠪᠴᠢᠶᠡᠨ ᠳᠣᠲᠣᠷᠠᠬᠢ ᠬᠡᠪ ᠤᠨ ᠦᠢᠯᠡᠳᠪᠦᠷᠢᠯᠡᠯ ᠡᠵᠡᠩᠨᠡᠯᠲᠡ ᠶᠢ | ᠨᠥᠯᠥᠭᠡᠯᠡᠪᠡᠯ ᠮᠠᠭᠠᠳᠯᠠᠨ ᠲᠣᠭᠲᠠᠭᠠᠵᠤ᠂ ᠲᠥᠯᠥᠵᠦ ᠥᠭᠭᠦᠨ᠎ᠡ᠂ ᠡᠨᠡ ᠨᠢ ᠭᠤᠷᠪᠠᠳᠠᠭᠢ ᠤᠳᠠᠭ᠎ᠠ ᠠᠰᠢᠭ | ᠬᠤᠪᠢᠶᠠᠷᠢᠯᠠᠭᠰᠠᠨ ᠳᠤ ᠲᠣᠭᠠᠴᠠᠭᠳᠠᠨ᠎ᠠ᠃ | ᠬᠥᠳᠡᠯᠭᠡᠬᠦ ᠬᠦᠴᠦᠨ ᠤ ᠡᠬᠢ ᠰᠤᠷᠪᠤᠯᠵᠢ ᠶᠢ ᠬᠥᠭᠵᠢᠭᠡᠵᠦ ᠂ ᠪᠡᠯᠡ ᠮᠥᠩᠭᠦ ᠶᠢ ᠬᠤᠪᠢ ᠣᠷᠣᠭᠤᠯᠤᠭᠰᠠᠨ | ᠮᠥᠩᠭᠦ ᠪᠣᠯᠭᠠᠨ ᠬᠤᠪᠢᠷᠠᠭᠤᠯᠬᠤ ᠶᠢ ᠠᠬᠢᠭᠤᠯᠪᠠ᠃ ᠬᠠᠮᠲᠤᠷᠠᠯ ᠤᠨ ᠬᠦᠴᠦᠨ ᠢ ᠨᠢᠭᠲᠠᠷᠠᠭᠤᠯᠵᠤ ᠬᠠᠮᠲᠤ ᠶᠢᠨ ᠠᠵᠤ | ᠠᠬᠤᠢ ᠶᠢᠨ ᠬᠥᠭᠵᠢᠯᠲᠡ ᠶᠢᠨ ︽ ᠦᠷᠡᠵᠢᠭᠦᠯᠬᠦ ᠲᠣᠭᠠᠨ ᠤ ᠦᠢᠯᠡᠳᠦᠯ ︾ ᠢ ᠬᠥᠭᠵᠢᠭᠡᠬᠦ ᠶᠢᠨ ᠲᠥᠯᠥᠭᠡ᠂ ᠪᠠᠭ᠎ᠠ | ᠨᠠᠭᠤᠷ ᠲᠣᠰᠬᠤᠨ ᠤ ᠬᠢᠨ ᠲᠣᠰᠬᠤᠨ ᠤ ᠪᠠᠨ ᠬᠠᠮᠲᠤ ᠶᠢᠨ ᠳᠣᠲᠣᠭᠠᠳᠤ ᠳᠠᠭᠠᠨ ᠲᠣᠬᠢᠷᠠᠭᠤᠯᠤᠭᠰᠠᠨ ᠮᠥᠩᠭᠦᠨ | ᠭᠦᠢᠯᠭᠡᠭᠡᠨ ᠤ ᠪᠠᠶᠢᠭᠤᠯᠤᠮᠵᠢ ︱ ᠢᠲᠡᠭᠡᠮᠵᠢ ᠶᠢᠨ ᠬᠠᠮᠲᠤᠷᠠᠯᠴᠠᠭᠠᠨ ᠤ ᠭᠡᠯᠳᠡᠰ ᠢ ᠵᠣᠬᠢᠰᠲᠠᠢ ᠲᠣᠬᠢᠷᠠᠭᠤᠯᠵᠠᠢ ᠃ | ᠬᠤᠰᠢᠭᠤᠨ ᠤ ᠵᠠᠰᠠᠭ ᠤᠨ ᠣᠷᠳᠣᠨ ᠠᠴᠠ 100 ᠲᠦᠮᠡᠨ ᠲᠥᠭᠦᠷᠢᠭ ᠤᠨ ᠭᠤᠤᠯᠯᠠᠭᠴᠢ ᠪᠡᠯᠡ ᠮᠥᠩᠭᠦ | ᠣᠷᠣᠭᠤᠯᠵᠤ᠂ ᠳᠤᠮᠳᠠᠳᠤ ᠤᠯᠤᠰ ᠤᠨ ᠰᠢᠶᠠᠩ ᠤᠨ ᠪᠦᠲᠦᠭᠡᠨ ᠪᠠᠶᠢᠭᠤᠯᠤᠯᠲᠠ ᠶᠢᠨ ᠬᠦᠷᠢᠶᠡᠯᠡᠩ ᠤᠨ ᠪᠡᠯᠡ ᠮᠥᠩᠭᠦ | 20 ᠲᠦᠮᠡᠨ ᠲᠥᠭᠦᠷᠢᠭ᠂ ᠲᠣᠰᠬᠤᠨ ᠤ ᠬᠠᠮᠲᠤ ᠠᠴᠠ 50 ᠲᠦᠮᠡᠨ ᠲᠥᠭᠦᠷᠢᠭ ᠤᠨ ᠪᠡᠯᠡ ᠮᠥᠩᠭᠦ | ᠲᠣᠬᠢᠷᠠᠭᠤᠯᠵᠤ᠂ ᠠᠩᠬᠠᠨ ᠤ ᠪᠦᠯᠦᠭ ᠤᠨ ᠬᠤᠷᠰᠢᠶᠠᠨ ᠳᠤ ᠣᠷᠣᠭᠰᠠᠨ ᠭᠡᠰᠢᠭᠦᠨ 242 ᠬᠥᠮᠥᠨ ᠪᠣᠯᠵᠤ᠂ ᠬᠤᠪᠢ | ᠣᠷᠣᠭᠤᠯᠤᠭᠰᠠᠨ ᠵᠣᠭᠤᠰ ᠤᠨ ᠲᠤᠭ᠎ᠠ ᠨᠢ 292.4 ᠲᠦᠮᠡᠨ ᠲᠥᠭᠦᠷᠢᠭ ︵ᠡᠭᠦᠨ ᠤ ᠳᠣᠲᠣᠷ᠎ᠠ ᠨᠤᠲᠤᠭ ᠤᠨ | ᠮᠡᠷᠭᠡᠳ ᠤᠨ ᠭᠡᠰᠢᠭᠦᠳ ᠦᠨ᠎ᠡ ᠲᠥᠯᠥᠪᠦᠷᠢ ᠦᠭᠡᠢ ᠪᠠᠷ ᠬᠤᠪᠢ ᠣᠷᠣᠭᠰᠠᠨ᠂ 60 ᠨᠠᠰᠤᠨ ᠠᠴᠠ ᠳᠡᠭᠡᠭᠰᠢᠬᠢ | ᠠᠬᠠᠮᠠᠳ ᠭᠡᠰᠢᠭᠦᠳ ᠦᠨ᠎ᠡ ᠲᠥᠯᠥᠪᠦᠷᠢ ᠲᠠᠢ ᠪᠠᠷ ᠬᠤᠪᠢ ᠣᠷᠣᠭᠰᠠᠨ᠂ ᠨᠡᠶᠢᠭᠡᠮ ᠤᠨ ᠭᠡᠰᠢᠭᠦᠳ ᠰᠠᠶᠢᠨ | ᠳᠤᠷ᠎ᠠ ᠠᠴᠠ ᠪᠠᠨ ᠪᠡᠯᠡ ᠭᠠᠷᠭᠠᠵᠤ ᠬᠤᠪᠢ ᠣᠷᠣᠭᠰᠠᠨ ᠵᠡᠷᠭᠡ ᠪᠠᠶᠢᠨ᠎ᠠ︶᠂ ᠡᠯ᠎ᠡ ᠱᠠᠲᠤᠨ ᠤ ᠡᠳ᠋ ᠤᠨ ᠵᠠᠰᠠᠭ ᠠᠴᠠ | ᠬᠥᠳᠡᠭᠡ ᠲᠣᠰᠬᠤᠨ ᠳᠤ ᠣᠷᠣᠭᠤᠯᠤᠭᠰᠠᠨ ᠬᠥᠭᠵᠢᠭᠦᠯᠦᠯᠲᠡ ᠶᠢᠨ ᠲᠦᠷᠦᠯ ᠂ ᠲᠡᠳᠬᠦᠨ ᠳᠡᠮᠵᠢᠬᠦ ᠲᠦᠷᠦᠯ ᠤᠨ | ᠪᠡᠯᠡ ᠮᠥᠩᠭᠦ ᠶᠢ ︽ ᠪᠡᠯᠡ ᠤᠷᠤᠭᠤᠯᠤᠯᠳᠠ ᠶᠢ ᠬᠤᠪᠢ ᠤᠷᠤᠭᠤᠯᠤᠯᠳᠠ ᠪᠤᠯᠭᠠᠬᠤ ︾ ᠪᠠ ᠬᠤᠪᠢ ᠬᠥᠮᠥᠨ ᠤ ᠪᠡᠯᠡ | ᠮᠥᠩᠭᠦ ᠶᠢ ᠭᠠᠴᠠᠭᠠᠨ ᠤ ᠬᠠᠮᠲᠤ ᠨᠡᠶᠢᠲᠡ ᠶᠢᠨ ᠡᠵᠡᠮᠰᠢᠵᠦ ᠪᠠᠶᠢᠭ᠎ᠠ ᠬᠤᠪᠢ ᠣᠷᠣᠭᠤᠯᠤᠭᠰᠠᠨ ᠮᠥᠩᠭᠦ ᠪᠣᠯᠭᠠᠨ | ᠬᠡᠮᠵᠢᠶᠡᠯᠡᠵᠦ ᠂ ᠡᠬᠢ ᠪᠠᠶᠠᠯᠢᠭ ᠢ ᠲᠣᠬᠢᠷᠠᠭᠤᠯᠬᠤ ᠂ ᠠᠶᠤᠯ ᠲᠦᠭᠰᠢᠭᠦᠷᠢ ᠶᠢ ᠬᠠᠮᠢᠶᠠᠷᠬᠤ ᠪᠠᠷ ᠭᠠᠷᠳᠠᠴᠠ ᠪᠣᠯᠭᠠᠵᠤ ᠂ | ᠠᠵᠤ ᠦᠢᠯᠡᠰ ᠤᠨ ᠬᠥᠭᠵᠢᠯᠲᠡ ᠶᠢᠨ ︽ ᠡᠬᠢᠯᠡᠬᠦ ᠳᠤ ᠬᠦᠴᠢᠷᠲᠡᠢ ︾ ᠪᠠᠶᠢᠬᠤ ᠠᠰᠠᠭᠤᠳᠠᠯ ᠢ ᠦᠨᠡᠨ ᠬᠦ | ᠰᠢᠢᠳᠪᠦᠷᠢᠯᠡᠵᠦ ᠂ ᠠᠵᠤ ᠦᠢᠯᠡᠰ ᠤᠨ ᠬᠥᠭᠵᠢᠯᠲᠡ ᠶᠢ ︽ ᠤᠯᠠᠨ ᠲᠠᠯ᠎ᠠ ᠳᠤ ᠴᠡᠴᠡᠭᠯᠡᠭᠦᠯᠬᠦ ︾ ᠶᠢ ᠪᠡᠶᠡᠯᠡᠭᠦᠯᠪᠡ ᠃ | ᠳᠣᠲᠣᠭᠠᠳᠤ ᠶᠢᠨ ᠬᠥᠳᠡᠯᠭᠡᠬᠦ ᠬᠦᠴᠦᠨ ᠢ ᠰᠡᠷᠭᠦᠭᠡᠵᠦ ᠂ ᠲᠠᠷᠢᠶᠠᠴᠢᠳ ᠤᠨ ᠬᠤᠪᠢ ᠣᠷᠣᠭᠤᠯᠤᠭᠴᠢ | ᠪᠣᠯᠬᠤ ᠳᠤ ᠬᠦᠴᠦᠨ ᠨᠡᠮᠡᠷᠢᠯᠡᠪᠡ᠃ ᠪᠠᠭ᠎ᠠ ᠨᠠᠭᠤᠷ ᠲᠣᠰᠬᠤᠨ ᠲᠠᠷᠢᠶᠠᠴᠢᠨ ᠤ ᠭᠤᠣᠯ ᠴᠣᠭᠴᠠ ᠶᠢ ᠳᠣᠪᠤᠶᠢᠯᠭᠠᠵᠤ᠂ | ︽ᠨᠢᠭᠡ ᠬᠤᠷᠰᠢᠶ᠎ᠠ ᠶᠢᠨ N ᠭᠡᠯᠳᠡᠰ ︾ ᠤᠨ ᠶᠡᠷᠦᠩᠬᠡᠶᠢᠯᠡᠭᠰᠡᠨ ᠰᠢᠰᠲ᠋ᠧᠮ ᠤᠨ ᠪᠠᠶᠢᠭᠤᠯᠤᠯᠲᠠ ᠳᠤ᠂ ᠬᠤᠪᠢ | ᠬᠥᠮᠥᠨ ᠭᠠᠵᠠᠷ ᠰᠢᠷᠣᠢ᠂ ᠣᠶᠢᠲᠤ ᠭᠠᠵᠠᠷ᠂ ᠤᠰᠤᠨ ᠣᠷᠣᠨ ᠵᠡᠷᠭᠡ ᠡᠬᠢ ᠪᠠᠶᠠᠯᠢᠭ ᠤᠨ ᠡᠯᠧᠮᠧᠨ᠋ᠲ ᠪᠠ ᠰᠤᠯᠠ | ᠪᠠᠶᠢᠬᠤ ᠭᠡᠷ ᠪᠠᠶᠢᠰᠢᠩ᠂ ᠪᠡᠯᠡ ᠮᠥᠩᠭᠦ ᠵᠡᠷᠭᠡ ᠶᠢ ᠲᠠᠷᠢᠶᠠᠨ ᠭᠠᠵᠠᠷ ᠲᠤ ᠬᠤᠪᠢ ᠣᠷᠣᠭᠤᠯᠬᠤ ᠬᠠᠮᠲᠤᠷᠠᠯᠴᠠᠭᠠᠨ ᠤ | ᠭᠡᠯᠳᠡᠰ ᠂ ᠢᠲᠡᠭᠡᠮᠵᠢ ᠶᠢᠨ ᠬᠠᠮᠲᠤᠷᠠᠯᠴᠠᠭᠠᠨ ᠤ ᠭᠡᠯᠳᠡᠰ ᠂ ᠬᠤᠨᠢᠨ ᠤ ᠠᠵᠤ ᠦᠢᠯᠡᠰ ᠤᠨ ᠬᠠᠮᠲᠤᠷᠠᠯᠴᠠᠭᠠᠨ ᠤ | ᠭᠡᠯᠳᠡᠰ ᠵᠡᠷᠭᠡ ᠣᠯᠠᠨ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠲᠤ ᠬᠤᠪᠢ ᠣᠷᠣᠭᠤᠯᠵᠤ᠂ ᠬᠤᠪᠢ | ᠣᠷᠣᠭᠤᠯᠤᠭᠴᠢ ᠪᠣᠯᠭᠠᠵᠤ᠂ ᠳᠣᠣᠷ᠎ᠠ ᠠᠴᠠ ᠳᠡᠭᠡᠭᠰᠢ ᠲᠣᠰᠬᠤᠨ ᠤ ᠠᠷᠠᠳ ᠢ ᠲᠣᠰ ᠲᠣᠰᠬᠤᠨ ᠤ ᠡᠳ᠋ | ᠬᠥᠷᠥᠩᠭᠡ ᠶᠢᠨ ᠠᠵᠢᠯᠯᠠᠭᠠᠨ ᠳᠤ ᠨᠠᠩ ᠣᠯᠠᠨ ᠣᠷᠣᠯᠴᠠᠭᠤᠯᠵᠤ᠂ ᠭᠠᠵᠠᠷ ᠰᠢᠷᠣᠢ ᠶᠢ ᠡᠷᠭᠢᠯᠲᠡ ᠳᠤ | ᠣᠷᠣᠭᠤᠯᠬᠤ ᠳᠤ ᠲᠦᠷᠢᠶᠡᠰᠦᠨ ᠮᠥᠩᠭᠦ ᠤᠯᠭᠤᠪᠠ ︔ ᠠᠵᠤ ᠦᠢᠯᠡᠰ ᠢ ᠬᠦᠭᠵᠢᠭᠦᠯᠪᠡᠯ ᠪᠡᠯᠡᠨ ᠵᠣᠭᠤᠰ ᠣᠯᠣᠨ᠎ᠠ︔ | ᠠᠵᠢᠯ ᠣᠯᠵᠤ ᠬᠥᠯᠥᠰᠦᠨ ᠠᠵᠢᠯ ᠬᠢᠪᠡᠯ ᠴᠠᠯᠢᠩ ᠣᠯᠣᠨ᠎ᠠ︔ ᠳᠠᠷᠢᠵᠤ ᠤᠷᠭᠤᠭᠤᠯᠬᠤ ᠪᠠᠨ ᠦᠷᠭᠡᠳᠬᠡᠪᠡᠯ | ᠭᠠᠶᠢᠯᠢ ᠶᠢᠨ ᠮᠥᠩᠭᠦ ᠶᠢ ᠣᠯᠵᠤ ᠂ ︽ ᠲᠦᠷᠪᠡᠨ ᠮᠥᠩᠭᠦ ︾ ᠶᠢ ᠳᠠᠪᠬᠤᠴᠠᠭᠤᠯᠵᠤ ᠂ ᠤᠷᠳᠤ ᠬᠤᠭᠤᠴᠠᠭᠠᠨ ᠤ ᠡᠳ᠋ | ᠬᠥᠷᠥᠩᠭᠡ ᠶᠢᠨ ᠴᠢᠨᠠᠷᠲᠠᠢ ᠣᠷᠣᠯᠭ᠎ᠠ ᠣᠯᠪᠠ ᠃ ᠬᠠᠪᠤᠷ ᠤᠨ ᠲᠠᠷᠢᠶᠠᠯᠠᠭ᠎ᠠ ᠶᠢᠨ ᠪᠡᠯᠡᠳᠬᠡᠯ ᠬᠤᠭᠤᠴᠠᠭᠠᠨ ᠳᠤ ᠂ | ᠪᠠᠭ᠎ᠠ ᠨᠠᠭᠤᠷ ᠲᠣᠰᠬᠤᠨ ᠤ ᠬᠢᠨ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢ ᠨᠢᠭᠡᠳᠦᠯᠲᠡᠢ ᠬᠤᠳᠠᠯᠳᠤᠨ | ᠠᠪᠴᠤ ᠨᠢᠭᠡᠳᠦᠯᠲᠡᠢ ᠪᠣᠷᠣᠯᠠᠭᠤᠯᠬᠤ ᠶᠢ ᠢᠳᠡᠪᠬᠢᠲᠡᠢ ᠳᠡᠯᠭᠡᠷᠡᠭᠦᠯᠵᠦ ᠂ ᠤᠯᠠᠨ ᠢᠶᠠᠷ ᠢᠶᠠᠨ ᠬᠤᠳᠠᠯᠳᠤᠨ ᠠᠪᠬᠤ ᠪᠠ | ᠪᠣᠷᠣᠯᠠᠭᠤᠯᠬᠤ ᠬᠠᠮᠲᠤᠷᠠᠯᠴᠠᠭᠠᠨ ᠤ ᠭᠡᠯᠳᠡᠰ ᠲᠤ ᠬᠤᠪᠢ ᠣᠷᠣᠬᠤ ᠶᠢ ᠵᠣᠷᠢᠭᠵᠢᠭᠤᠯᠵᠤ ᠂ ᠬᠤᠳᠠᠯᠳᠤᠨ ᠠᠪᠬᠤ | ᠥᠪᠡᠷ ᠤᠨ ᠦᠷᠳᠡᠭ ᠢᠶᠠᠨ ᠪᠠᠭᠤᠷᠠᠭᠤᠯᠵᠤ ᠂ ᠣᠷᠣᠯᠭ᠎ᠠ ᠪᠠᠨ ᠨᠡᠮᠡᠭᠳᠡᠭᠦᠯᠬᠦ ᠠᠷᠭ᠎ᠠ ᠵᠠᠮ ᠢᠶᠠᠨ ᠥᠷᠭᠡᠳᠬᠡᠵᠦ ᠂ | ᠬᠤᠪᠢ ᠣᠷᠣᠭᠤᠯᠤᠭᠰᠠᠨ ᠮᠠᠯᠴᠢᠨ ᠲᠠᠷᠢᠶᠠᠴᠢᠨ ᠨᠡᠶᠢᠳᠡ 300 ᠲᠣᠨ ᠪᠣᠷᠳᠣᠭᠤᠷ ᠨᠢᠭᠡᠳᠦᠯᠲᠡᠢ ᠬᠤᠳᠠᠯᠳᠤᠨ | ᠠᠪᠴᠤ ᠂ 25 ᠲᠣᠨ ᠬᠤᠨᠢᠨ ᠪᠣᠷᠳᠤᠭ᠎ᠠ ᠨᠢᠭᠡᠳᠦᠯᠲᠡᠢ ᠬᠤᠳᠠᠯᠳᠤᠨ ᠠᠪᠴᠤ ᠂ 9 ᠲᠦᠮᠡᠨ ᠲᠥᠭᠦᠷᠢᠭ ᠤᠨ | ᠵᠢᠯ ᠤᠨ ᠪᠠᠷᠠᠭ᠎ᠠ ᠶᠢ ᠨᠢᠭᠡᠳᠦᠯᠲᠡᠢ ᠬᠤᠳᠠᠯᠳᠤᠨ ᠠᠪᠴᠤ ᠂ 20 ᠭᠠᠷᠤᠢ ᠲᠦᠮᠡᠨ ᠲᠥᠭᠦᠷᠢᠭ ᠤᠨ ᠥᠪᠡᠷ ᠤᠨ | ᠦᠷᠳᠡᠭ ᠢ ᠠᠷᠪᠢᠯᠠᠵᠤ ᠂ ᠥᠪᠡᠷ ᠤᠨ ᠪᠣᠳᠠᠲᠤ ᠪᠠᠶᠢᠳᠠᠯ ᠳᠠᠭᠠᠨ ᠲᠣᠬᠢᠷᠠᠭᠰᠠᠨ ᠬᠠᠮᠲᠤ ᠪᠠᠷ ᠴᠢᠨᠡᠭᠡᠯᠢᠭᠵᠢᠬᠦ ᠵᠠᠮ ᠢ | ᠨᠡᠭᠡᠭᠡᠵᠡᠢ ᠃ | |