ᠲᠥᠮᠥᠰᠥᠨ ᠤ ᠳᠤᠮᠳᠠ ᠪᠠ ᠰᠡᠭᠦᠯᠴᠢ ᠶᠢᠨ ᠬᠤᠭᠤᠴᠠᠭᠠᠨ ᠤ ᠲᠠᠷᠢᠶᠠᠨ ᠭᠠᠵᠠᠷ ᠤᠨ ᠬᠠᠮᠢᠶᠠᠷᠤᠯᠲᠠ ᠶᠢᠨ ᠮᠡᠷᠭᠡᠵᠢᠯ ᠤᠨ ᠭᠤᠣᠯᠳᠠᠯᠭ᠎ᠠ︱ᠲᠠᠷᠢᠶ᠎ᠠ ᠲᠠᠩᠨᠠᠵᠤ ᠰᠢᠷᠣᠢ ᠨᠠᠮᠡᠬᠦ ᠵᠢᠴᠢ ᠡᠪᠡᠰᠦ ᠠᠷᠢᠯᠭᠠᠬᠤ
ᠨᠡᠶᠢᠲᠡᠯᠡᠭᠰᠡᠨ ᠴᠠᠭ᠄
2023/8/22
      ᠮᠠᠰᠢᠨᠴᠢᠯᠠᠯᠲᠠ ᠪᠠᠷ ᠤᠰᠤᠯᠠᠵᠤ ᠪᠣᠯᠬᠤ ᠲᠠᠷᠢᠶᠠᠨ ᠭᠠᠵᠠᠷ ᠲᠤ  ᠰᠣᠶᠣᠭᠠᠯᠠᠵᠤ ᠪᠠᠶᠢᠭ᠎ᠠ ᠬᠤᠭᠤᠴᠠᠭᠠᠨ ᠳᠤ ᠠᠩᠬᠠᠳᠤᠭᠠᠷ ᠤᠳᠠᠭ᠎ᠠ ᠲᠠᠷᠢᠶ᠎ᠠ ᠲᠡᠩᠨᠡᠵᠦ ᠰᠢᠷᠣᠢ ᠨᠡᠮᠡᠬᠦ ᠦᠶ᠎ᠡ ᠳᠤ ᠶᠡᠷᠦ ᠶᠢᠨ ᠪᠠᠶᠢᠳᠠᠯ ᠳᠤ ᠳᠤᠰᠤᠯᠭᠠᠨ ᠤᠰᠤᠯᠠᠬᠤ ᠪᠦᠰᠡ ᠶᠢ ᠳᠡᠪᠢᠰᠴᠦ ᠂ ᠰᠢᠷᠣᠢ ᠨᠡᠮᠡᠬᠦ ᠵᠤᠵᠠᠭᠠᠨ ᠤ ᠬᠡᠮᠵᠢᠶ᠎ᠡ  ᠨᠢ 3~5 ᠰᠠᠨᠲ᠋ᠢᠮᠧᠲᠷ ᠪᠣᠯᠭᠠᠨ᠎ᠠ ︔ ᠨᠠᠬᠢᠶᠠᠯᠠᠭᠰᠠᠨ ᠤ ᠳᠠᠷᠠᠭ᠎ᠠ ᠰᠠᠭᠤᠷᠢ ᠶᠢᠨ ᠥᠨᠳᠥᠷ ᠨᠢ 15~20 ᠰᠠᠨᠲ᠋ᠢᠮᠧᠲᠷ ᠳᠠᠯᠠᠩ ᠢ ᠪᠢᠲᠡᠭᠦᠮᠵᠢᠯᠡᠬᠦ ᠠᠴᠠ ᠡᠮᠦᠨ᠎ᠡ ᠂ ᠴᠠᠭ ᠲᠤᠬᠠᠢ ᠳᠤᠨᠢ ᠬᠤᠶᠠᠳᠤᠭᠠᠷ ᠤᠳᠠᠭᠠᠨ ᠤ ᠲᠠᠷᠢᠶ᠎ᠠ ᠲᠠᠩᠨᠠᠵᠤ ᠰᠢᠷᠣᠢ ᠨᠡᠮᠡᠨ᠎ᠡ ᠂ ᠰᠢᠷᠣᠢ ᠨᠡᠮᠡᠬᠦ ᠵᠤᠵᠠᠭᠠᠨ ᠤ ᠬᠡᠮᠵᠢᠶ᠎ᠡ  ᠨᠢ 5~8 ᠰᠠᠨᠲ᠋ᠢᠮᠧᠲᠷ ᠪᠣᠯᠭᠠᠵᠤ᠂ ᠨᠢᠭᠡᠨ ᠱᠠᠲᠤᠯᠵᠢᠨ ᠳᠠᠯᠠᠩ ᠤᠨ ᠲᠠᠯᠪᠢᠭᠤᠷ ᠢ ᠪᠣᠢ ᠪᠣᠯᠭᠠᠵᠤ ᠂ ᠤᠷᠭᠤᠮᠠᠯ ᠤᠨ ᠳᠠᠯᠠᠩ ᠢ ᠪᠢᠲᠡᠭᠦᠮᠵᠢᠯᠡᠬᠦ ᠠᠴᠠ ᠡᠮᠦᠨ᠎ᠡ ᠰᠢᠷᠣᠢ ᠨᠡᠮᠡᠬᠦ ᠠᠵᠢᠯ ᠢ ᠬᠢᠵᠦ ᠳᠠᠭᠤᠰᠬᠠᠨ᠎ᠠ ᠃      ᠤᠰᠤᠯᠠᠯᠲᠠ ᠶᠢᠨ ᠨᠥᠬᠦᠴᠡᠯ ᠦᠭᠡᠢ ᠬᠠᠭᠤᠷᠠᠢ ᠭᠠᠵᠠᠷ ᠲᠤ ᠠᠮᠢᠳᠤ ᠪᠣᠳᠠᠰ ᠤᠨ ᠵᠠᠳᠠᠷᠠᠯᠲᠠ ᠶᠢᠨ ᠪᠦᠷᠬᠦᠪᠴᠢ ᠪᠠᠷ ᠪᠦᠷᠬᠦᠵᠦ ᠴᠢᠬᠢᠭ ᠢ ᠵᠠᠪᠳᠤᠨ ᠲᠠᠷᠢᠬᠤ ᠳᠤ ᠰᠠᠨᠠᠭᠤᠯᠵᠤ ᠂ ᠵᠢᠵᠢᠭ ᠥᠨᠳᠥᠷ ᠳᠠᠯᠠᠩ ᠤᠨ ᠮᠠᠰᠢᠨ ᠢᠶᠠᠷ ᠳᠠᠷᠢᠵᠤ᠂ ᠠᠩᠬᠠᠳᠤᠭᠠᠷ ᠤᠳᠠᠭ᠎ᠠ ᠲᠠᠷᠢᠶ᠎ᠠ ᠲᠡᠩᠨᠡᠵᠦ ᠰᠢᠷᠣᠢ ᠨᠡᠮᠡᠬᠦ  ᠨᠢ ᠨᠢᠯᠬ᠎ᠠ ᠴᠢᠬᠢ ᠶᠢᠨ ᠣᠷᠣᠢ ᠳᠡᠭᠡᠷᠡᠬᠢ ᠰᠢᠷᠣᠢ ᠶᠢ 20%~30% ᠶᠢᠨ ᠦᠶ᠎ᠡ ᠳᠤ ᠬᠢᠵᠦ ᠂ ᠰᠢᠷᠣᠢ ᠨᠡᠮᠡᠬᠦ ᠵᠤᠵᠠᠭᠠᠨ ᠤ ᠬᠡᠮᠵᠢᠶ᠎ᠡ  ᠨᠢ 3~5 ᠰᠠᠨᠲ᠋ᠢᠮᠧᠲᠷ ᠪᠣᠯᠭᠠᠨ᠎ᠠ ︔ ᠬᠤᠶᠠᠳᠤᠭᠠᠷ ᠤᠳᠠᠭ᠎ᠠ ᠨᠢ ᠴᠣᠮᠤᠷᠯᠢᠭ ᠭᠠᠷᠬᠤ   ᠠᠴᠠ ᠡᠮᠦᠨ᠎ᠡ ᠶᠠᠪᠤᠭᠳᠠᠭᠤᠯᠵᠤ᠂ ᠰᠢᠷᠣᠢ ᠨᠡᠮᠡᠬᠦ ᠵᠤᠵᠠᠭᠠᠨ ᠤ ᠬᠡᠮᠵᠢᠶ᠎ᠡ  ᠨᠢ 6 ~ 8 ᠰᠠᠨᠲ᠋ᠢᠮᠧᠲᠷ ᠲᠣᠬᠢᠷᠠᠮᠵᠢᠲᠠᠢ ᠂ ᠬᠤᠶᠠᠷ ᠤᠳᠠᠭᠠᠨ ᠤ ᠲᠠᠷᠢᠶ᠎ᠠ ᠲᠠᠩᠨᠠᠵᠦ ᠠᠮᠢᠳᠤ ᠪᠣᠳᠠᠰ ᠤᠨ ᠣᠷᠭᠠᠨᠢᠭ ᠪᠣᠷᠳᠣᠭᠤᠷ᠂ ᠠᠯᠭᠤᠷ ᠵᠠᠳᠠᠷᠠᠬᠤ ᠪᠣᠷᠳᠣᠭᠤᠷ ᠣᠷᠣᠭᠤᠯᠵᠤ᠂ ᠥᠰᠦᠯᠲᠡ ᠶᠢᠨ ᠳᠤᠮᠳᠠ ᠰᠡᠭᠦᠯᠴᠢ ᠶᠢᠨ ᠬᠤᠭᠤᠴᠠᠭᠠᠨ ᠳᠤ ᠨᠠᠪᠴᠢᠨ ᠤ ᠪᠢᠴᠢᠯ ᠪᠣᠷᠳᠣᠭᠤᠷ ᠪᠠ ᠹᠣᠰᠹᠣᠷ ᠬᠦᠴᠢᠯ ᠤᠨ ᠬᠤᠶᠠᠷ ᠤᠰᠤᠲᠥ᠋ᠷᠥᠭᠴᠢᠲᠤ ᠺᠠᠯᠢ ᠶᠢ ᠰᠦᠷᠴᠢᠨ ᠣᠷᠣᠭᠤᠯᠵᠤ᠂ ᠪᠣᠷᠳᠣᠭᠤᠷ ᠠᠯᠳᠠᠭᠤᠯᠬᠤ ᠠᠴᠠ ᠰᠡᠷᠭᠡᠶᠢᠯᠡᠨ᠎ᠡ᠃      ᠲᠠᠷᠢᠶ᠎ᠠ ᠲᠠᠩᠨᠠᠬᠤ  ᠨᠢ ᠲᠠᠷᠢᠶᠠᠨ ᠭᠠᠵᠠᠷ ᠤᠨ ᠬᠤᠭ ᠡᠪᠡᠰᠦ ᠶᠢ ᠡᠷᠲᠡ ᠭᠠᠷᠬᠤ ᠶᠢ ᠪᠦᠲᠦᠮᠵᠢᠲᠡᠶ ᠰᠡᠷᠭᠡᠶᠢᠯᠡᠵᠦ ᠴᠢᠳᠠᠨ᠎ᠠ ᠂ ᠭᠡᠪᠡᠴᠦ ᠲᠠᠷᠢᠶᠠᠨ ᠭᠠᠵᠠᠷ ᠤᠨ ᠬᠤᠭ ᠡᠪᠡᠰᠦ  ᠨᠢ ᠬᠦᠨᠳᠦ ᠨᠣᠴᠢᠲᠠᠢ ᠪᠤᠯᠪᠡᠯ ᠶᠡᠷᠦᠩᠬᠡᠢ ᠠᠰᠢᠭᠲᠤ ᠪᠦᠷᠢᠯᠳᠦᠭᠦᠨ ᠤ ᠠᠭᠤᠯᠤᠭᠳᠠᠴᠠ ᠶᠢᠨ 26% ᠶᠢᠨ ᠰᠦᠯᠹᠣᠨ . ᠺᠤᠶᠢᠨᠣᠯᠢᠨ . ᠠᠽᠢᠨ ᠡᠪᠡᠰᠦᠨ ᠺᠧᠲ᠋ᠣᠨ ︵ ᠰᠢᠰᠤᠨ 6 ᠳ᠋ᠤᠭᠠᠷ ᠨᠣᠮᠧᠷᠲᠤ ᠂ ᠠᠲᠯᠠᠨᠲ ᠳᠠᠯᠠᠢ ᠂ ᠮᠠᠶᠢᠺᠧᠨ ᠤ ᠡᠭᠦᠯᠳᠡᠷ ᠲᠤ ᠬᠡᠷᠡᠭᠯᠡᠬᠦ ︽ ᠡᠪᠡᠰᠦ ᠠᠷᠢᠯᠭᠠᠬᠤ ᠦᠷᠢᠯ + ᠥᠨᠳᠥᠷ ᠠᠰᠢᠭᠲᠤ ᠡᠪᠡᠰᠦ ᠳᠠᠷᠤᠬᠤ ᠡᠨᠧᠷᠭᠢ ︾ ︶ ᠢ ᠬᠡᠷᠡᠭᠯᠡᠵᠦ ᠪᠣᠯᠣᠨ᠎ᠠ ᠂ ᠡᠷᠬᠡᠪᠰᠢ ᠲᠠᠷᠢᠶᠠᠨ ᠭᠠᠵᠠᠷ ᠤᠨ ᠲᠠᠯᠠᠪᠠᠢ ᠪᠣᠯᠣᠨ ᠡᠮ ᠤᠨ ᠬᠡᠮᠵᠢᠶ᠎ᠡ ᠶᠢ ᠪᠣᠳᠣᠬᠤ ᠳᠤ ︽ ᠬᠤᠶᠠᠷ ᠣᠨᠣᠪᠴᠢᠲᠠᠶ ︾ ᠪᠠᠶᠢᠵᠤ ᠂ ᠡᠮ ᠤᠨ ᠥᠳᠬᠡᠴᠡ ᠶᠢᠨ ᠬᠡᠮᠵᠢᠶ᠎ᠡ ᠬᠡᠳᠦ ᠥᠨᠳᠥᠷ ᠪᠤᠶᠤ ᠬᠡᠳᠦ ᠳᠣᠣᠷ᠎ᠠ ᠪᠣᠯᠬᠤ ᠶᠢ ᠰᠡᠷᠭᠡᠶᠢᠯᠡᠬᠦ ᠬᠡᠷᠡᠭᠲᠡᠢ ᠃
图片1.png
 
ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号