ᠤᠯᠤᠰ ᠤᠨ ᠦᠷ᠎ᠡ ᠶᠢᠨ ᠦᠢᠯᠡᠰ ᠢ ᠬᠥᠭᠵᠢᠭᠦᠯᠬᠦ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ | ᠰᠠᠶᠢᠲᠤᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ ᠂ ᠢᠳᠡᠰᠢᠨ ᠨᠣᠭᠤᠭ᠎ᠠ ᠶᠢᠨ ᠰᠢᠯᠢᠳᠡᠭ ᠰᠢᠨ᠎ᠡ ᠡᠭᠦᠯᠳᠡᠷ ᠢ | ᠳᠡᠯᠭᠡᠷᠡᠭᠦᠯᠦᠨ ᠬᠡᠷᠡᠭᠯᠡᠬᠦ ᠶᠢ ᠦᠨᠡᠨᠬᠦ ᠠᠬᠢᠭᠤᠯᠬᠤ ᠶᠢᠨ ᠲᠥᠯᠥᠭᠡ᠂ 9 ᠰᠠᠷ᠎ᠠ ᠶᠢᠨ 14 ᠤ ᠡᠳᠦᠷ ᠤᠨ | ᠦᠳᠡ ᠶᠢᠨ ᠡᠮᠦᠨ᠎ᠡ᠂ ᠬᠥᠬᠡᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ | ᠪᠣᠯᠣᠨ ᠰᠠᠶᠢᠬᠠᠨ ᠲᠣᠭᠤᠷᠢᠭ ᠤᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠬᠠᠮᠲᠤᠷᠠᠨ | ᠰᠠᠶᠢᠬᠠᠨ ᠲᠣᠭᠤᠷᠢᠭ ᠤᠨ ᠪᠠᠶᠠᠨ ᠪᠠᠯᠭᠠᠰᠤᠨ ᠤ ᠭᠧ ᠯᠣᠣ ᠪᠠᠨ ᠲᠣᠰᠬᠤᠨ ᠤ ᠶᠤᠸᠠᠨ ᠢᠦᠢ ᠲᠠᠷᠢᠶᠠᠯᠠᠩ ᠤᠨ | ᠺᠣᠮᠫᠠᠨᠢ ᠶᠢᠨ ᠦᠷ᠎ᠡ ᠶᠢᠨ ᠴᠢᠬᠢᠨ ᠤ ᠰᠠᠭᠤᠷᠢᠨ ᠭᠠᠵᠠᠷ ᠲᠤ 2023 ᠣᠨ ᠤ ᠲᠦᠭᠦᠭᠡᠷᠦᠮᠵᠢᠲᠦ ᠢᠳᠡᠰᠢᠨ | ᠨᠣᠭᠤᠭ᠎ᠠ ᠶᠢᠨ ︽ᠲᠠᠷᠢᠶ᠎ᠠ ᠦᠵᠡᠵᠦ ᠦᠷ᠎ᠡ ᠰᠣᠩᠭᠤᠬᠤ︾ ᠲᠠᠪᠴᠠᠩ ᠤᠨ ᠪᠦᠲᠦᠭᠡᠨ ᠪᠠᠶᠢᠭᠤᠯᠤᠯᠲᠠ ᠶᠢᠨ | ᠲᠤᠬᠠᠢ ᠶᠢᠨ ᠲᠠᠯᠠᠪᠤᠷ ᠤᠨ ᠦᠵᠡᠭᠦᠯᠭᠡ ᠶᠢᠨ ᠬᠤᠷᠠᠯ ᠢ ᠵᠣᠬᠢᠶᠠᠨ ᠪᠠᠶᠢᠭᠤᠯᠤᠨ ᠬᠤᠷᠠᠯᠳᠤᠭᠤᠯᠪᠠ᠂ ᠬᠤᠲᠠ ᠶᠢᠨ | ᠲᠣᠭᠤᠷᠢᠭ ᠤᠨ ᠲᠤᠬᠠᠶᠢᠯᠠᠭᠰᠠᠨ ᠠᠵᠢᠯ ᠤᠨ ᠰᠠᠯᠠᠭ᠎ᠠ ᠮᠥᠴᠢᠷ ᠤᠨ ᠮᠡᠷᠭᠡᠵᠢᠯᠲᠡᠨ᠂ ᠲᠠᠷᠢᠮᠠᠯ ᠤᠨ ᠲᠣᠮᠣ ᠡᠷᠦᠬᠡ | 40 ᠭᠠᠷᠤᠢ ᠬᠥᠮᠥᠨ ᠦᠵᠡᠭᠦᠯᠭᠡ ᠳᠤ ᠣᠷᠣᠯᠴᠠᠵᠠᠢ᠃ | | | | | ᠬᠠᠪᠤᠷ ᠤᠨ ᠭᠤᠤᠷᠰᠤᠨ ᠳᠤ ᠳᠡᠯᠭᠡᠨ ᠦᠵᠡᠭᠦᠯᠦᠭᠰᠡᠨ 10 ᠲᠥᠪᠡᠳ ᠬᠠᠰᠢ ᠶᠢᠨ ᠡᠭᠦᠯᠳᠡᠷ ᠤᠨ ᠴᠢᠬᠢ | ᠰᠠᠭᠤᠯᠭᠠᠭᠰᠠᠨ ᠤ ᠳᠠᠷᠠᠭ᠎ᠠ᠂ ᠬᠥᠬᠡᠬᠤᠲᠠ ᠶᠢᠨ ︽ᠲᠠᠷᠢᠶ᠎ᠠ ᠦᠵᠡᠵᠦ ᠦᠷ᠎ᠡ ᠰᠣᠩᠭᠤᠬᠤ︾ ᠲᠠᠪᠴᠠᠩ ᠠᠴᠠ ᠬᠤᠩ | ᠭᠤᠸᠠᠨ ᠂ ᠸᠠᠨ ᠵᠢᠩ ᠴᠢᠩ ᠂ ᠴᠠᠩ ᠴᠢᠩ 8 ᠳ᠋ᠤᠭᠠᠷ ᠨᠣᠮᠧᠷ᠂ ᠯᠢᠦᠢ ᠣᠣ 701 ᠳ᠋ᠤᠭᠠᠷ ᠨᠣᠮᠧᠷ᠂ ᠬᠤᠩ | ᠱᠤᠸᠠᠢ ᠵᠡᠷᠭᠡ 5 ᠨᠠᠮᠤᠷ ᠤᠨ ᠭᠤᠤᠷᠰᠤᠲᠤ ᠪᠤᠷᠴᠠᠭ ᠵᠢᠴᠢ 5 ᠥᠷᠭᠡᠰᠦᠲᠦ ᠨᠣᠭᠤᠭ᠎ᠠ ᠶᠢᠨ ᠡᠭᠦᠯᠳᠡᠷ ᠢ | ᠵᠠᠯᠭᠠᠭ᠎ᠠ ᠪᠠᠷ ᠲᠣᠭᠲᠠᠭᠠᠨ ᠳᠠᠷᠢᠪᠠ᠃ ᠦᠵᠡᠭᠦᠯᠭᠡ ᠶᠢᠨ ᠴᠤᠭᠯᠠᠭᠠᠨ ᠤ ᠲᠤᠬᠠᠢ ᠶᠢᠨ ᠲᠠᠯᠠᠪᠤᠷ ᠲᠤ᠂ ᠮᠡᠷᠭᠡᠵᠢᠯᠲᠡᠨ | ᠯᠢᠦ ᠸᠧᠢ ᠪᠢᠨ ᠲᠥᠬᠦᠭᠡᠷᠦᠮᠵᠢᠲᠦ ᠢᠳᠡᠰᠢᠨ ᠨᠣᠭᠤᠭ᠎ᠠ ᠶᠢᠨ ︽ ᠲᠠᠷᠢᠶ᠎ᠠ ᠦᠵᠡᠵᠦ ᠦᠷ᠎ᠡ ᠰᠣᠩᠭᠤᠬᠤ ︾ | ᠲᠠᠪᠴᠠᠩ ᠤᠨ ᠲᠦᠷᠦᠯ ᠵᠦᠢᠯ ᠤᠨ ᠦᠵᠡᠭᠦᠯᠭᠡ ᠶᠢᠨ ᠲᠥᠯᠥᠪᠯᠡᠭᠡ ᠂ ᠲᠥᠬᠦᠭᠡᠷᠦᠮᠵᠢᠲᠦ ᠪᠤᠷᠴᠠᠭ ᠲᠠᠷᠢᠬᠤ ᠴᠠᠭ | ᠬᠤᠭᠤᠴᠠᠭ᠎ᠠ ᠂ ᠪᠣᠷᠳᠣᠭᠤᠷ ᠤᠰᠤᠨ ᠤ ᠬᠡᠷᠡᠭᠯᠡᠯᠲᠡ ᠶᠢᠨ ᠪᠠᠶᠢᠳᠠᠯ ᠂ ᠪᠤᠷᠴᠠᠭ ᠤᠨ ᠦᠵᠦᠭᠦᠷ ᠢ ᠴᠢᠮᠬᠢᠬᠦ ᠂ ᠰᠢᠷ᠎ᠠ | ᠬᠠᠪᠲᠠᠰᠤ ᠪᠣᠯᠣᠨ ᠥᠭᠡᠰᠢᠨ ᠤ ᠪᠠᠭᠠᠵᠢ ᠶᠢ ᠡᠯᠭᠦᠬᠦ ᠣᠷᠣᠨ ᠪᠠᠶᠢᠷᠢ ᠵᠡᠷᠭᠡ ᠲᠠᠷᠢᠮᠠᠯ ᠤᠨ ᠠᠩᠬᠠᠷᠬᠤ ᠵᠦᠢᠯᠡᠰ ᠢᠶᠠᠷ | ᠤᠯᠠᠨ ᠳᠤ ᠨᠠᠷᠢᠨ ᠲᠠᠶᠢᠯᠪᠤᠷᠢᠯᠠᠵᠤ ᠵᠢᠱᠢᠶ᠎ᠡ ᠦᠵᠡᠭᠦᠯᠪᠡ ᠃ | | | | | | |