ᠬᠤᠷᠠᠭ᠎ᠠ ᠢᠰᠢᠭᠡᠨ ᠤ ᠰᠠ ᠡᠪᠡᠳᠴᠢᠨ ᠤ ᠰᠢᠯᠲᠠᠭᠠᠨ
ᠨᠡᠶᠢᠲᠡᠯᠡᠭᠰᠡᠨ ᠴᠠᠭ᠄
2023/9/7
      ᠬᠤᠷᠠᠭ᠎ᠠ ᠢᠰᠢᠭᠡ ᠪᠣᠰᠴᠤ ᠳᠡᠶᠢᠯᠬᠦ ᠦᠭᠡᠢ᠂ ᠲᠠᠮᠪᠠᠷᠠᠬᠤ᠂ ᠬᠦᠴᠦ ᠦᠭᠡᠢ ᠪᠣᠯᠬᠤ᠂ ᠦᠬᠦᠬᠦ ᠪᠠᠷ ᠭᠤᠣᠯ ᠰᠢᠨᠵᠢ ᠲᠡᠮᠳᠡᠭ ᠪᠣᠯᠭᠠᠳᠠᠭ ᠨᠢ ᠳᠣᠣᠷᠠᠬᠢ ᠮᠡᠲᠦ ᠬᠡᠳᠦᠨ ᠲᠠᠯ᠎ᠠ ᠶᠢᠨ ᠰᠢᠯᠲᠠᠭᠠᠨ ᠲᠠᠢ ᠪᠠᠶᠢᠵᠤ ᠮᠡᠳᠡᠨ᠎ᠡ᠄      ᠨᠢᠭᠡ᠂ ᠲᠡᠮᠦᠷ ᠲᠤᠳᠠᠭᠳᠠᠭᠰᠠᠨ ᠠᠴᠠ ᠪᠤᠯᠤᠭᠰᠠᠨ ᠴᠢᠰᠤ ᠳᠤᠲᠠᠬᠤ ᠭᠡᠮ᠄      ᠲᠡᠮᠦᠷ ᠲᠤᠳᠠᠭᠳᠠᠭᠰᠠᠨ ᠠᠴᠠ ᠪᠤᠯᠵᠦ ᠴᠢᠰᠤ ᠳᠤᠲᠠᠬᠤ ᠭᠡᠮ ᠲᠤᠰᠤᠭᠰᠠᠨ ᠬᠤᠷᠠᠭ᠎ᠠ ᠢᠰᠢᠭᠡᠨ ᠤ ᠣᠯᠠᠩᠬᠢ  ᠨᠢ ᠵᠣᠭᠰᠣᠵᠤ ᠳᠡᠶᠢᠯᠬᠦ ᠦᠭᠡᠢ ᠪᠤᠶᠤ ᠬᠥᠬᠦᠵᠦ ᠳᠡᠶᠢᠯᠬᠦ ᠦᠭᠡᠢ᠂ ᠣᠯᠠᠩᠬᠢ ᠳᠠᠭᠠᠨ ᠬᠠᠷᠠᠭᠠᠨ ᠤ ᠰᠠᠯᠢᠰᠤᠲᠤ ᠪᠦᠷᠬᠦᠪᠴᠢ ᠬᠤᠵᠢᠢᠬᠤ᠂ ᠪᠡᠶ᠎ᠡ ᠨᠢ ᠡᠴᠡᠩᠬᠡᠢ ᠪᠣᠯᠬᠤ᠂ ᠴᠢᠰᠤ ᠰᠢᠩᠭᠡᠨ ᠪᠣᠯᠬᠤ᠂ ᠪᠦᠬᠦ ᠪᠡᠶ᠎ᠡ ᠨᠢ ᠬᠠᠪᠤᠩᠨᠠᠬᠤ ᠵᠡᠷᠭᠡ ᠡᠪᠡᠳᠴᠢᠨ ᠤ ᠢᠯᠡᠷᠡᠯ ᠳᠠᠭᠠᠯᠳᠤᠳᠠᠭ᠃      ᠬᠤᠶᠠᠷ᠂ ᠺᠠᠯᠼ ᠹᠣᠰᠹᠣᠷ ᠳᠤᠲᠠᠬᠤ ᠭᠡᠮ᠄      ᠺᠠᠯᠼ ᠤᠨ ᠦᠢᠯᠡᠳᠦᠯ ᠨᠢ ᠪᠤᠯᠴᠢᠩ ᠤᠨ ᠴᠢᠩᠭᠠᠷᠠᠯᠲᠠ ᠶᠢ ᠪᠠᠲᠤᠯᠠᠳᠠᠭ ᠤᠴᠢᠷ ᠠᠴᠠ ᠴᠢᠰᠤᠨ ᠤ ᠺᠠᠯᠼ ᠳᠣᠣᠷ᠎ᠠ ᠪᠠᠶᠢᠳᠠᠯ ᠳᠤ ᠡᠪᠡᠳᠴᠢᠨ ᠲᠠᠢ ᠬᠤᠷᠠᠭ᠎ᠠ ᠢᠰᠢᠭᠡᠨ ᠤ ᠶᠡᠷᠦᠩᠬᠡᠢ ᠢᠯᠡᠷᠡᠯ ᠨᠢ ᠲᠠᠮᠢᠷ ᠲᠡᠩᠬᠡᠭᠡ ᠮᠠᠭᠤᠳᠠᠬᠤ ᠳᠤ ᠣᠷᠣᠰᠢᠨ᠎ᠠ᠃ ᠡᠪᠡᠳᠴᠢᠨ ᠤ ᠡᠬᠢᠨ ᠤ ᠦᠶ᠎ᠡ ᠳᠤ ᠪᠦᠬᠦ ᠪᠡᠶ᠎ᠡ ᠪᠤᠬᠢᠨᠢᠳᠤᠵᠤ᠂  ᠢᠳᠡᠭᠡᠨ ᠤ ᠳᠤᠷᠠᠰᠢᠯ ᠪᠠᠭᠠᠰᠴᠤ᠂ ᠬᠡᠪᠢᠬᠦ ᠪᠠᠨ ᠵᠣᠭᠰᠣᠵᠤ᠂ ᠬᠤᠶᠢᠲᠤ ᠮᠥᠴᠢ ᠨᠢ ᠰᠤᠯᠠ ᠳᠤᠷᠤᠢ᠂ ᠠᠯᠬᠤᠮ ᠨᠢ ᠲᠣᠭᠲᠠᠪᠤᠷᠢ ᠦᠭᠡᠢ᠂ ᠴᠢᠨᠠᠭᠰᠢᠯᠠᠪᠠᠯ ᠨᠠᠶᠢᠭᠤᠨ᠎ᠠ᠃ ᠵᠠᠷᠢᠮ ᠬᠤᠷᠠᠭ᠎ᠠ ᠢᠰᠢᠭᠡ ᠨᠢ ᠨᠢᠷᠤᠭᠤ ᠪᠥᠬᠦᠶᠢᠨ ᠲᠣᠯᠣᠭᠠᠢ ᠪᠥᠬᠦᠶᠢᠵᠦ᠂ ᠲᠡᠨᠲᠦᠷ ᠮᠥᠨᠳᠥᠷ ᠠᠯᠬᠤᠯᠠᠵᠤ᠂ ᠠᠮᠢᠰᠬᠤᠯ ᠨᠢ ᠲᠦᠷᠭᠡᠰᠳᠡᠭ᠃      ᠭᠤᠷᠪᠠ᠂ ᠰᠧᠯᠧᠨ ᠳᠤᠲᠠᠬᠤ ᠭᠡᠮ᠄      ᠬᠤᠷᠠᠭ᠎ᠠ ᠢᠰᠢᠭᠡᠨ ᠤ ᠴᠠᠭᠠᠨ ᠪᠤᠯᠴᠢᠩ ᠤᠨ ᠡᠪᠡᠳᠴᠢᠨ ᠠᠴᠠ ᠪᠤᠯᠴᠢᠩ ᠤᠨ ᠬᠦᠴᠦ ᠲᠠᠮᠢᠷᠳᠠᠬᠤ ᠦᠵᠡᠭᠳᠡᠯ ᠭᠠᠷᠴᠤ᠂ ᠵᠠᠷᠢᠮ ᠦᠶ᠎ᠡ ᠳᠤ ᠣᠨᠴᠠ ᠵᠠᠷᠢᠮ ᠨᠢ ᠴᠢᠴᠠᠭ᠎ᠠ ᠠᠯᠳᠠᠳᠠᠭ ᠃      ᠳᠥᠷᠪᠡ᠂ ᠵᠡᠰ ᠳᠤᠲᠠᠬᠤ ᠭᠡᠮ᠄      ᠬᠤᠷᠠᠭ᠎ᠠ ᠢᠰᠢᠭᠡᠨ ᠤ ᠵᠡᠰ ᠳᠤᠲᠠᠬᠤ ᠭᠡᠮ ᠤᠨ ᠬᠠᠮᠤᠭ ᠨᠡᠶᠢᠲᠡᠯᠢᠭ ᠣᠨᠴᠠᠯᠢᠭ ᠪᠣᠯ ᠬᠥᠳᠡᠯᠭᠡᠭᠡᠨ ᠲᠡᠩᠴᠡᠭᠦᠷᠢ ᠪᠠᠨ ᠠᠯᠳᠠᠬᠤ ᠪᠠ ᠴᠢᠮᠦᠭᠡᠨ ᠳᠤᠭᠲᠤᠢ ᠤᠨᠠᠬᠤ ᠦᠵᠡᠭᠳᠡᠯ ᠪᠣᠯᠣᠨ᠎ᠠ᠂ ᠡᠭᠦᠨ ᠢ ᠪᠠᠰᠠ ︽ᠨᠢᠷᠤᠭᠤ ᠰᠠᠵᠢᠯᠠᠬᠤ ᠡᠪᠡᠳᠴᠢᠨ︾ ᠭᠡᠳᠡᠭ᠃ ᠵᠡᠰ ᠪᠣᠯ ᠡᠰ ᠤᠨ ᠥᠩᠭᠡᠲᠦ ᠡᠳ᠋ ᠤᠨ ᠢᠰᠦᠯᠳᠦᠭᠦᠯᠬᠦ ᠢᠰᠬᠡᠭᠦᠷ ᠤᠨ ᠳᠠᠭᠠᠯᠲᠠ ᠰᠠᠭᠤᠷᠢ ᠮᠥᠨ᠂ ᠵᠡᠰ ᠳᠤᠲᠠᠭᠳᠠᠪᠠᠯ ᠹᠣᠰᠹᠣᠷᠲᠤ ᠥᠭᠡᠬᠦ ᠶᠢᠨ ᠨᠡᠶᠢᠯᠡᠯᠭᠡ ᠶᠢ ᠬᠠᠷᠰᠢᠯᠠᠵᠤ᠂ ᠨᠤᠭᠤᠰᠤᠨ ᠹᠣᠰᠹᠣᠷᠲᠤ ᠥᠭᠡᠬᠦ ᠶᠢᠨ ᠨᠡᠶᠢᠯᠡᠯᠭᠡ ᠶᠢ ᠴᠦ ᠬᠤᠷᠢᠭᠯᠠᠵᠤ᠂ ᠮᠡᠳᠡᠷᠡᠯ ᠤᠨ ᠰᠢᠰᠲ᠋ᠧᠮ ᠤᠨ ᠴᠢᠮᠦᠭᠡ ᠦᠭᠡᠶᠢᠳᠡᠭᠦᠯᠬᠦ ᠳᠤᠭᠲᠤᠢ ᠪᠠ ᠲᠠᠷᠢᠬᠢᠨ ᠡᠰ ᠤᠨ ᠰᠣᠯᠢᠯᠴᠠᠭ᠎ᠠ ᠶᠢ ᠬᠠᠷᠰᠢᠯᠠᠨ᠎ᠠ᠃      ᠲᠠᠪᠤ᠂ ᠬᠤᠷᠠᠭ᠎ᠠ ᠢᠰᠢᠭᠡᠨ ᠤ ᠰᠦ ᠬᠤᠷᠠᠬᠤ ᠭᠡᠮ᠄      ᠨᠢᠯᠬ᠎ᠠ ᠬᠤᠷᠠᠭ᠎ᠠ ᠢᠰᠢᠭᠡᠨ ᠤ ᠰᠦᠨ ᠤ ᠬᠤᠷᠠᠭ᠎ᠠ ᠶᠢ ᠪᠠᠰᠠ ᠵᠢᠩᠬᠢᠨᠢ ᠬᠤᠳᠣᠭᠤᠳᠤᠨ ᠤ  ᠢᠳᠡᠰᠢ ᠬᠤᠳᠠᠮᠳᠤᠬᠤ ᠰᠦᠨ ᠬᠤᠷᠠᠬᠤ ᠭᠡᠮ ᠭᠡᠳᠡᠭ᠃ ᠡᠨᠡ ᠪᠣᠯ ᠨᠢᠭᠡ ᠵᠦᠢᠯ ᠤᠨ ᠬᠠᠪᠤᠷ ᠤᠨ ᠬᠤᠷᠠᠭ᠎ᠠ ᠢᠰᠢᠭᠡᠨ ᠤ ᠨᠢᠭᠡ ᠵᠦᠢᠯ ᠤᠨ ᠦᠷᠭᠦᠯᠵᠢ ᠲᠣᠬᠢᠶᠠᠯᠳᠤᠳᠠᠭ ᠡᠪᠡᠳᠴᠢᠨ ᠪᠥᠭᠡᠳ ᠦᠬᠦᠬᠦ ᠨᠤᠷᠮ᠎ᠠ ᠨᠢ ᠥᠨᠳᠥᠷ ᠪᠠᠶᠢᠳᠠᠭ᠃ ᠶᠡᠷᠦ ᠳᠡᠭᠡᠨ ᠲᠦᠷᠦᠭᠰᠡᠨ ᠤ ᠬᠤᠶᠠᠷ ᠡᠳᠦᠷ ᠤᠨ ᠣᠷᠴᠢᠮ ᠢᠶᠠᠷ ᠰᠦ ᠬᠤᠷᠠᠬᠤ ᠭᠡᠮ ᠭᠠᠷᠳᠠᠭ᠃ ᠡᠭᠦᠨ ᠤ ᠭᠤᠣᠯ ᠣᠨᠴᠠᠯᠢᠭ ᠨᠢ᠄ ᠡᠪᠡᠳᠴᠢᠨ ᠲᠠᠢ ᠬᠤᠷᠠᠭ᠎ᠠ ᠢᠰᠢᠭᠡᠨ ᠤ ᠵᠢᠩᠬᠢᠨᠢ ᠬᠤᠳᠣᠭᠤᠳᠤᠨ ᠳᠤ ᠨᠡᠯᠢᠶᠡᠳ ᠶᠡᠭᠡ ᠮᠥᠷᠲᠡᠭᠡᠨ ᠬᠠᠲᠠᠭᠤ ᠡᠭᠡᠳᠡᠭᠰᠡᠨ ᠰᠦᠨ ᠤ ᠪᠥᠭᠡᠮᠨᠡᠷᠡᠯ ᠲᠠᠢ ᠪᠠᠶᠢᠳᠠᠭ᠃      ᠵᠢᠷᠭᠤᠭ᠎ᠠ᠂ ᠬᠤᠷᠠᠭ᠎ᠠ ᠢᠰᠢᠭᠡᠨ ᠤ ᠬᠤᠣᠷᠳᠠᠯᠭ᠎ᠠ ᠶᠢᠨ ᠴᠢᠨᠠᠷᠲᠠᠢ ᠰᠢᠩᠭᠡᠭᠡᠯᠲᠡ ᠮᠠᠭᠤ᠄      ᠲᠤᠰ ᠡᠪᠡᠳᠴᠢᠨ ᠪᠣᠯ ᠰᠠᠶ᠋ᠢ ᠲᠥᠷᠥᠭᠰᠡᠨ ᠬᠤᠷᠠᠭ᠎ᠠ ᠶᠢᠨ ᠬᠥᠬᠦᠭᠦᠯᠵᠦ ᠪᠠᠶᠢᠭ᠎ᠠ ᠬᠤᠭᠤᠴᠠᠭᠠᠨ ᠳᠠᠬᠢ ᠦᠷᠭᠦᠯᠵᠢ ᠡᠭᠦᠰᠳᠡᠭ ᠡᠪᠡᠳᠴᠢᠨ ᠮᠥᠨ᠂ ᠬᠤᠷᠠᠭ᠎ᠠ ᠶᠢᠨ ᠰᠢᠩᠭᠡᠭᠡᠯᠲᠡ ᠶᠢᠨ ᠡᠷᠬᠡᠲᠡᠨ ᠨᠢ ᠭᠦᠢᠴᠡᠳ ᠪᠣᠶᠢᠵᠢᠵᠤ ᠳᠡᠶᠢᠯᠦᠭᠡ ᠦᠭᠡᠢ ᠤᠴᠢᠷ ᠠᠴᠠ ᠬᠠᠮᠤᠭ ᠤᠨ ᠠᠮᠠᠷᠬᠠᠨ ᠡᠪᠡᠳᠴᠢᠯᠡᠳᠡᠭ᠃ ᠬᠤᠷᠠᠭ᠎ᠠ ᠢᠰᠢᠭᠡᠨ ᠤ ᠬᠤᠣᠷᠳᠠᠯᠭ᠎ᠠ ᠶᠢᠨ ᠴᠢᠨᠠᠷᠲᠠᠢ ᠰᠢᠩᠭᠡᠭᠡᠯᠲᠡ ᠮᠠᠭᠤᠳᠠᠭᠰᠠᠨ ᠤ ᠣᠯᠠᠩᠬᠢ ᠨᠢ ᠥᠷᠥᠭᠡᠰᠦᠯ ᠴᠢᠨᠠᠷᠲᠠᠢ ᠰᠢᠩᠭᠡᠭᠡᠯᠲᠡ ᠮᠠᠭᠤ᠂ ᠴᠠᠭ ᠲᠤᠬᠠᠢ ᠳᠤ ᠨᠢ ᠡᠮᠨᠡᠨ ᠵᠠᠰᠠᠭᠰᠠᠨ ᠦᠭᠡᠢ ᠠᠴᠠ ᠪᠣᠯᠤᠭᠰᠠᠨ ᠶᠤᠮ᠂ ᠬᠤᠳᠣᠭᠤᠳᠤ ᠭᠡᠳᠡᠰᠦᠨ ᠤ ᠳᠣᠲᠣᠷᠠᠬᠢ ᠪᠣᠳᠠᠰ ᠤᠨ ᠢᠰᠬᠡᠯᠲᠡ ᠪᠠ ᠢᠯᠵᠢᠷᠡᠯ ᠵᠠᠳᠠᠷᠠᠯ ᠤᠨ ᠪᠦᠲᠦᠭᠡᠭᠳᠡᠬᠦᠨ ᠨᠢ ᠰᠢᠩᠭᠡᠭᠡᠭᠳᠡᠵᠦ᠂ ᠲᠦᠷᠭᠡᠨ ᠴᠢᠨᠠᠷᠲᠠᠢ ᠪᠤᠶᠤ ᠤᠳᠠᠭᠠᠨ ᠴᠢᠨᠠᠷᠲᠠᠢ ᠬᠤᠣᠷᠳᠠᠯᠭ᠎ᠠ ᠡᠭᠦᠰᠬᠡᠳᠡᠭ᠃     
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号