ᠪᠤᠳᠠᠭᠠᠨ ᠭᠠᠭ᠋ᠠᠢ ᠪᠣᠯ ᠮᠠᠨ ᠤ ᠤᠯᠤᠰ ᠤᠨ ᠣᠷᠣᠨ ᠨᠤᠲᠤᠭ ᠤᠨ ᠰᠢᠯᠢᠳᠡᠭ ᠡᠭᠦᠯᠳᠡᠷ ᠲᠠᠢ ᠬᠤ᠋ ᠨᠠᠭᠤᠷ ᠤᠨ | ᠭᠠᠭ᠋ᠠᠢ ᠶᠢᠨ ᠰᠢᠰᠲ᠋ᠧᠮ ᠤᠨ ᠨᠢᠭᠡ ᠡᠭᠦᠯᠳᠡᠷ ᠪᠣᠯᠣᠨ᠎ᠠ᠂ ᠭᠤᠣᠯᠳᠠᠭᠤ ᠵᠢᠶᠠᠩᠰᠤ ᠮᠤᠵᠢ ᠶᠢᠨ ᠵᠢᠨᠲ᠋ᠠᠨ᠂ ᠶᠠᠩᠵᠦ᠋ᠡᠭ | ᠬᠤᠶᠠᠷ ᠰᠢᠶᠠᠨ ᠳᠤ ᠲᠠᠷᠬᠠᠵᠤ᠂ ᠲᠡᠭᠦᠨ ᠲᠠᠢ ᠬᠥᠷᠰᠢᠯᠡᠵᠦ ᠪᠠᠶᠢᠭ᠎ᠠ ᠯᠢ ᠶᠠᠩ᠂ ᠳ᠋ᠠᠨᠳᠦ᠋᠂ ᠳ᠋ᠠᠨᠶᠠᠩ᠂ ᠡᠦ ᠶᠢᠨ | ᠣᠷᠣᠨ ᠤ ᠬᠡᠰᠡᠭ ᠭᠠᠵᠠᠷ ᠣᠷᠣᠨ ᠳᠤ ᠪᠠᠰᠠ ᠲᠡᠵᠢᠭᠡᠵᠦ ᠪᠠᠶᠢᠨ᠎ᠠ᠃ ᠭᠠᠷᠤᠯᠲᠠ ᠶᠢᠨ ᠣᠷᠣᠨ ᠨᠢ ᠳᠡᠳ᠋ ᠬᠠᠯᠠᠭᠤᠨ | ᠪᠦᠰᠡᠨ ᠤ ᠣᠷᠣᠨ ᠳᠤ ᠣᠷᠣᠰᠢᠵᠤ᠂ ᠠᠭᠤᠷ ᠠᠮᠢᠰᠬᠤᠯ ᠳᠤᠯᠠᠭᠠᠨ᠂ ᠬᠤᠷ᠎ᠠ ᠲᠤᠨᠳᠠᠰᠤ ᠡᠯᠪᠡᠭ᠂ ᠲᠠᠷᠢᠮᠠᠯ ᠤᠨ | ᠤᠨᠠᠯᠲᠠ ᠥᠨᠳᠥᠷ᠂ ᠮᠠᠨ ᠤ ᠤᠯᠤᠰ ᠤᠨ ᠨᠠᠷᠠᠲᠠᠢ ᠲᠠᠷᠢᠶᠠᠯᠠᠩ ᠤᠨ ᠥᠨᠳᠥᠷ ᠲᠣᠭᠲᠠᠭᠤᠨ ᠬᠤᠷᠢᠶᠠᠯᠲᠠ ᠲᠠᠢ | ᠣᠷᠣᠨ ᠤ ᠨᠢᠭᠡ ᠪᠣᠯᠣᠨ᠎ᠠ᠃ | ᠪᠡᠶ᠎ᠡ ᠲᠥᠷᠬᠦ ᠶᠢᠨ ᠲᠣᠶᠢᠮᠣ | ᠪᠤᠳᠠᠭᠠᠨ ᠭᠠᠭ᠋ᠠᠢ ᠶᠢᠨ ᠠᠷᠤᠭ ᠶᠠᠰᠤ ᠨᠢ ᠨᠠᠷᠢᠬᠠᠨ᠂ ᠲᠣᠯᠣᠭᠠᠢ ᠨᠢ ᠶᠡᠭᠡ ᠮᠠᠩᠨᠠᠢ ᠨᠢ ᠥᠷᠭᠡᠨ᠂ ᠮᠠᠩᠨᠠᠢ | ᠶᠢᠨ ᠬᠡᠰᠡᠭ ᠤᠨ ᠠᠲᠤᠷᠢᠶ᠎ᠠ ᠨᠢ ᠠᠷᠪᠢᠨ᠂ ᠭᠦᠨ᠂ ᠴᠢᠬᠢ ᠨᠢ ᠣᠨᠴᠠ ᠶᠡᠭᠡ᠂ ᠵᠥᠭᠡᠯᠡᠨ ᠪᠥᠭᠡᠳ ᠳᠣᠷᠣᠭᠰᠢ | ᠤᠨᠵᠢᠢᠵᠤ᠂ ᠴᠢᠬᠢᠨ ᠤ ᠦᠵᠦᠭᠦᠷ ᠨᠢ ᠲᠡᠭᠰᠢᠬᠡᠨ ᠪᠤᠶᠤ ᠵᠠᠪᠠᠵᠢ ᠠᠴᠠ ᠪᠠᠨ ᠳᠠᠪᠠᠵᠤ᠂ ᠲᠣᠮᠣ ᠵᠡᠭᠡᠰᠦᠨ ᠳᠡᠪᠢᠭᠦᠷ | ᠰᠢᠭ ᠪᠠᠶᠢᠳᠠᠭ᠃ ᠪᠦᠬᠦ ᠪᠡᠶ᠎ᠡ ᠶᠢᠨ ᠬᠢᠨᠢ ᠦᠰᠦ ᠨᠢ ᠬᠠᠷ᠎ᠠ ᠪᠤᠶᠤ ᠴᠠᠶᠢᠪᠤᠷ ᠥᠩᠭᠡ ᠲᠠᠢ᠂ ᠦᠰᠦ ᠨᠢ ᠰᠡᠶᠢᠷᠡᠭ | ᠪᠤᠶᠤ ᠢᠭᠴᠤ ᠰᠠᠬᠤᠯᠢᠭ᠂ ᠦᠰᠦᠨ ᠤ ᠬᠤᠭᠤᠷᠣᠨᠳᠣᠬᠢ ᠵᠠᠢ ᠨᠢ ᠶᠡᠭᠡ᠂ ᠬᠡᠪᠡᠯᠢ ᠶᠢᠨ ᠬᠡᠰᠡᠭ ᠤᠨ ᠠᠷᠠᠰᠤ ᠨᠢ | ᠣᠯᠠᠩᠬᠢ ᠳᠠᠭᠠᠨ ᠬᠦᠷᠡᠩ ᠤᠯᠠᠭᠠᠨ ᠥᠩᠭᠡ ᠲᠠᠢ᠂ ᠪᠠᠰᠠ ᠬᠠᠮᠠᠷ ᠬᠤᠰᠢᠭᠤ ᠨᠢ ᠴᠠᠭᠠᠨ ᠪᠤᠶᠤ ᠰᠡᠭᠦᠯ ᠤᠨ | ᠦᠵᠦᠭᠦᠷ ᠨᠢ ᠴᠠᠭᠠᠨ ᠥᠩᠭᠡ ᠲᠠᠢ ᠪᠠᠶᠢᠳᠠᠭ᠃ ᠬᠥᠬᠦᠨ ᠲᠣᠪᠴᠢ ᠶᠢᠨ ᠲᠤᠭ᠎ᠠ ᠨᠢ ᠣᠯᠠᠩᠬᠢ ᠳᠠᠭᠠᠨ 16-18 | ᠪᠠᠶᠢᠳᠠᠭ᠃ | ᠡᠭᠦᠯᠳᠡᠷ ᠤᠨ ᠪᠡᠶ᠎ᠡ ᠶᠢᠨ ᠢᠯᠡᠷᠡᠯ | ᠨᠠᠰᠤᠨ ᠳᠤ ᠬᠦᠷᠦᠭᠰᠡᠨ ᠠᠵᠢᠷᠭᠠᠨ ᠭᠠᠭ᠋ᠠᠢ ᠶᠢᠨ ᠪᠡᠶ᠎ᠡ ᠶᠢᠨ ᠬᠦᠨᠳᠦ ᠨᠢ ᠪᠠᠷᠤᠭ 128.28 ᠵᠢᠩ᠂ | ᠪᠡᠶ᠎ᠡ ᠶᠢᠨ ᠣᠷᠳᠣ ᠨᠢ ᠪᠠᠷᠤᠭ 139.80 ᠰᠠᠨᠲ᠋ᠢᠮᠧᠲᠷ᠂ ᠴᠡᠭᠡᠵᠢᠨ ᠤ ᠥᠷᠭᠡᠨ ᠨᠢ 118.10 ᠰᠠᠨᠲ᠋ᠢᠮᠧᠲᠷ᠂ | ᠪᠡᠶ᠎ᠡ ᠶᠢᠨ ᠦᠨᠳᠦᠷ ᠨᠢ 77.08 ᠰᠠᠨᠲ᠋ᠢᠮᠧᠲᠷ ᠪᠠᠶᠢᠳᠠᠭ᠃ ᠨᠠᠰᠤᠨ ᠳᠤ ᠬᠦᠷᠦᠭᠰᠡᠨ ᠮᠡᠭᠡᠵᠢ ᠶᠢᠨ ᠪᠡᠶ᠎ᠡ ᠶᠢᠨ | ᠬᠦᠨᠳᠦ ᠨᠢ ᠪᠠᠷᠤᠭ 102.9 ᠺᠢᠯᠣᠭ᠍ᠷᠠᠮ᠂ ᠪᠡᠶ᠎ᠡ ᠶᠢᠨ ᠣᠷᠳᠣ ᠨᠢ ᠪᠠᠷᠤᠭ 125.3 ᠰᠠᠨᠲ᠋ᠢᠮᠧᠲᠷ᠂ ᠴᠡᠭᠡᠵᠢᠨ ᠤ | ᠥᠷᠭᠡᠨ ᠨᠢ ᠪᠠᠷᠤᠭ 116.16 ᠰᠠᠨᠲ᠋ᠢᠮᠧᠲᠷ᠂ ᠪᠡᠶ᠎ᠡ ᠶᠢᠨ ᠦᠨᠳᠦᠷ ᠨᠢ ᠪᠠᠷᠤᠭ 69.41 ᠰᠠᠨᠲ᠋ᠢᠮᠧᠲᠷ ᠪᠠᠶᠢᠳᠠᠭ᠃ | |