ᠠᠭᠤᠷ ᠠᠮᠢᠰᠬᠤᠯ ᠬᠤᠪᠢᠷᠠᠯᠲᠠ ᠶᠡᠬᠡᠳᠡᠢ ᠦᠶ᠎ᠡ ᠳᠤ ᠦᠬᠡᠷ ᠤᠨ ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ ᠢ ᠰᠡᠷᠭᠡᠶᠢᠯᠡᠬᠦ ᠵᠠᠰᠠᠬᠤ ᠲᠤᠬᠠᠢ
ᠨᠡᠶᠢᠲᠡᠯᠡᠭᠰᠡᠨ ᠴᠠᠭ᠄
2024/10/7
      ᠦᠬᠡᠷ ᠤᠨ ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ  ᠢ ᠮᠥᠭᠡᠷᠰᠦᠨ ᠬᠤᠭᠤᠯᠠᠢ᠂ ᠰᠠᠯᠪᠤᠷᠢ ᠮᠥᠭᠡᠷᠰᠦᠨ ᠬᠤᠭᠤᠯᠠᠢ ᠶᠢᠨ ᠰᠠᠯᠢᠰᠤᠲᠤ ᠪᠦᠷᠬᠦᠪᠴᠢ ᠶᠢᠨ ᠥᠩᠭᠡᠨ ᠳᠠᠪᠬᠤᠷᠭ᠎ᠠ ᠪᠤᠶᠤ ᠭᠦᠨ ᠳᠠᠪᠬᠤᠷᠭ᠎ᠠ ᠶᠢᠨ ᠦᠷᠪᠢᠰᠦᠯ᠂ ᠲᠦᠷᠭᠡᠨ ᠴᠢᠨᠠᠷᠲᠠᠢ ᠪᠠ ᠤᠳᠠᠭᠠᠨ ᠴᠢᠨᠠᠷᠲᠠᠢ ᠭᠡᠵᠦ ᠬᠤᠶᠠᠷ ᠵᠦᠢᠯ ᠬᠤᠪᠢᠶᠠᠳᠠᠭ᠃ ᠡᠮᠴᠢᠯᠡᠭᠡᠨ ᠳᠡᠭᠡᠷ᠎ᠡ ᠬᠠᠨᠢᠶᠠᠬᠤ᠂ ᠨᠢᠰᠤ ᠭᠤᠭᠤᠵᠢᠬᠤ ᠪᠠ ᠰᠠᠯᠪᠤᠷᠢ ᠮᠥᠭᠡᠷᠰᠦᠨ ᠬᠤᠭᠤᠯᠠᠢ ᠶᠢᠨ ᠬᠡᠷᠴᠢᠭᠢᠨᠡᠬᠦ ᠲᠠᠭᠤᠨ ᠢᠶᠠᠷ ᠭᠤᠣᠯᠯᠠᠳᠠᠭ᠃ ᠬᠠᠪᠤᠷ ᠡᠷᠲᠡ᠂ ᠨᠠᠮᠤᠷ ᠤᠨ ᠰᠡᠭᠦᠯᠴᠢ ᠵᠢᠴᠢ ᠠᠭᠤᠷ ᠠᠮᠢᠰᠬᠤᠯ ᠬᠤᠪᠢᠷᠠᠯᠲᠠ ᠶᠡᠬᠡᠲᠡᠢ ᠦᠶ᠎ᠡ ᠳᠤ ᠠᠮᠠᠷᠬᠠᠨ ᠡᠭᠦᠰᠳᠡᠭ᠃      ᠡᠪᠡᠳᠴᠢᠨ ᠤ ᠰᠢᠨᠵᠢ᠃ ᠲᠤᠰ ᠡᠪᠡᠳᠴᠢᠨ ᠳᠤ ᠲᠦᠷᠭᠡᠨ ᠴᠢᠨᠠᠷᠲᠠᠢ ᠪᠠ ᠤᠳᠠᠭᠠᠨ ᠴᠢᠨᠠᠷᠲᠠᠢ ᠭᠡᠵᠦ ᠬᠤᠶᠠᠷ ᠵᠦᠢᠯ ᠪᠠᠶᠢᠳᠠᠭ᠃ ᠲᠦᠷᠭᠡᠨ ᠴᠢᠨᠠᠷᠲᠠᠢ ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ ᠨᠢ ᠬᠠᠭᠤᠷᠠᠢ ᠪᠠᠷ ᠬᠠᠨᠢᠶᠠᠬᠤ᠂ ᠪᠠᠶᠢᠨ ᠳᠠᠬᠢᠨ ᠬᠠᠨᠢᠶᠠᠬᠤ ᠮᠥᠷᠲᠡᠭᠡᠨ ᠡᠪᠡᠳᠴᠦ᠂ ᠳᠠᠷᠠᠭ᠎ᠠ ᠨᠢ ᠨᠣᠶᠢᠲᠠᠨ ᠬᠠᠨᠢᠶᠠᠵᠤ᠂ ᠴᠢᠩᠨᠠᠨ ᠣᠨᠣᠰᠢᠯᠠᠬᠤ ᠳᠤ ᠰᠠᠯᠪᠤᠷᠢ ᠮᠥᠭᠡᠷᠰᠦᠨ ᠬᠤᠭᠤᠯᠠᠢ ᠶᠢᠨ ᠬᠡᠷᠴᠢᠭᠢᠨᠡᠬᠦ ᠳᠠᠭᠤᠨ ᠢᠯᠡᠷᠡᠨ᠎ᠡ᠃ ᠡᠪᠡᠳᠴᠢᠨ ᠤ ᠡᠬᠢᠨ ᠤ ᠬᠤᠭᠤᠴᠠᠭᠠᠨ ᠳᠤ ᠪᠡᠶ᠎ᠡ ᠶᠢᠨ ᠬᠠᠯᠠᠭᠤᠨ ᠨᠢ 0.5℃~1℃  ᠳᠡᠭᠡᠭᠰᠢᠯᠡᠵᠦ᠂ ᠪᠡᠶ᠎ᠡ ᠶᠢᠨ ᠬᠠᠯᠠᠭᠤᠨ ᠨᠢ ᠲᠣᠭᠲᠠᠪᠤᠷᠢ ᠦᠭᠡᠢ ᠪᠠᠶᠢᠳᠠᠭ᠃ ᠡᠪᠡᠳᠴᠢᠨ ᠨᠢ ᠬᠦᠨᠳᠦᠷᠡᠭᠡᠳ ᠨᠡᠯᠦᠩᠬᠡᠢ ᠴᠢᠨᠠᠷᠲᠠᠢ ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ ᠪᠣᠯᠬᠤ ᠳᠤ᠂ ᠪᠡᠶ᠎ᠡ ᠶᠢᠨ ᠳᠤᠯᠠᠭᠠᠨ ᠨᠢ ᠦᠷᠭᠦᠯᠵᠢᠯᠡᠨ ᠳᠡᠭᠡᠭᠰᠢᠯᠡᠵᠦ᠂ ᠰᠤᠳᠠᠯ ᠤᠨ ᠯᠤᠭᠰᠢᠯᠲᠠ ᠨᠢ ᠲᠦᠷᠭᠡᠰᠦᠨ᠂ ᠠᠮᠢᠰᠬᠤᠯ ᠨᠢ ᠴᠢᠬᠤᠯᠳᠠᠵᠤ᠂ ᠴᠤᠭ ᠰᠦᠯᠳᠡ ᠠᠯᠳᠠᠨ᠂ ᠢᠳᠡᠭᠡᠨ ᠤ ᠳᠤᠷᠠᠰᠢᠯ ᠮᠠᠭᠤᠳᠠᠬᠤ ᠪᠤᠶᠤ ᠢᠳᠡᠬᠦ ᠦᠭᠡᠢ ᠪᠣᠯᠵᠤ᠂ ᠬᠡᠪᠢᠬᠦ ᠨᠢ ᠪᠠᠭᠠᠰᠬᠤ ᠪᠤᠶᠤ ᠵᠣᠭᠰᠣᠵᠤ᠂ ᠰᠦ ᠭᠠᠷᠬᠤ ᠬᠡᠮᠵᠢᠶ᠎ᠡ ᠨᠢ ᠳᠣᠷᠣᠭᠰᠢᠯᠠᠳᠠᠭ᠃ ᠨᠢᠰᠤ ᠨᠢ ᠡᠭᠡᠳᠡᠩ ᠰᠢᠩᠭᠡᠨ ᠤ ᠬᠡᠯᠪᠡᠷᠢ ᠲᠠᠢ ᠪᠠᠶᠢᠭᠰᠠᠨ ᠠᠴᠠ ᠪᠠᠨ ᠨᠢᠯᠴᠠᠭᠠᠶ ᠰᠢᠩᠭᠡᠨ ᠪᠣᠯᠵᠤ ᠬᠤᠪᠢᠷᠠᠳᠠᠭ᠃      ᠰᠡᠷᠭᠡᠶᠢᠯᠡᠨ ᠵᠠᠰᠠᠬᠤ ᠠᠷᠭ᠎ᠠ᠃ ᠲᠤᠰ ᠡᠪᠡᠳᠴᠢᠨ ᠳᠤ ᠡᠸᠦ᠋ᠷᠦᠫᠡ ᠡᠮ ᠢᠶᠠᠷ ᠵᠠᠰᠠᠬᠤ ᠠᠷᠭ᠎ᠠ ᠪᠠ ᠬᠢᠲᠠᠳ ᠡᠮᠨᠡᠯᠭᠡ ᠪᠠᠷ ᠵᠠᠰᠠᠬᠤ ᠠᠷᠭ᠎ᠠ ᠭᠡᠵᠦ ᠬᠤᠶᠠᠷ ᠵᠦᠢᠯ ᠪᠠᠶᠢᠳᠠᠭ᠃      1. ᠡᠸᠦ᠋ᠷᠦᠫᠡ ᠡᠮ ᠢᠶᠠᠷ ᠵᠠᠰᠠᠬᠤ᠄ ᠪᠠᠶᠢᠨ ᠳᠠᠬᠢᠨ ᠬᠠᠨᠢᠶᠠᠵᠤ ᠪᠠᠶᠢᠭ᠎ᠠ ᠡᠪᠡᠳᠴᠢᠨ ᠲᠠᠢ ᠦᠬᠡᠷ ᠲᠤ ᠬᠠᠨᠢᠶᠠᠳᠤ ᠶᠢ ᠵᠣᠭᠰᠤᠭᠠᠬᠤ ᠡᠮ ᠬᠡᠷᠡᠭᠯᠡᠵᠦ ᠪᠣᠯᠣᠨ᠎ᠠ᠄ ᠾᠯᠣᠷᠲᠤ ᠠᠮᠮᠤᠨᠢ 15 ᠭᠷᠡᠮ᠂ ᠬᠦᠢᠯᠡᠰᠦᠨ ᠴᠥᠮ᠎ᠡ ᠶᠢᠨ ᠤᠰᠤ 35 ᠮᠢᠯᠢᠯᠢᠲᠷ᠂ ᠶᠤᠸᠠᠨ ᡁᠢ ᠳ᠋ᠢᠩ 30 ᠮᠢᠯᠢᠯᠢᠲᠷ᠂ ᠪᠦᠯᠢᠶᠡᠨ ᠤᠰᠤ 500 ᠮᠢᠯᠢᠯᠢᠲᠷ ᠢ ᠨᠢᠭᠡ ᠤᠳᠠᠭ᠎ᠠ ᠤᠤᠭᠤᠯᠭᠠᠨ᠎ᠠ᠃ ᠡᠰᠡᠬᠦᠯ᠎ᠡ ᠾᠯᠣᠷᠲᠤ ᠠᠮᠮᠤᠨᠢ 20 ᠭᠷᠡᠮ᠂ ᠢᠣᠳ᠋ᠲᠤ ᠺᠠᠯᠢ 2 ᠭᠷᠡᠮ᠂ ᠶᠤᠸᠠᠨ ᡁᠢ ᠮᠦᠸᠧ 30 ᠭᠷᠡᠮ᠂ ᠪᠦᠯᠢᠶᠡᠨ ᠤᠰᠤ 500 ᠮᠢᠯᠢᠯᠢᠲᠷ᠂ ᠨᠢᠭᠡ ᠤᠳᠠᠭ᠎ᠠ ᠤᠤᠭᠤᠯᠭᠠᠨ᠎ᠠ᠃ ᠡᠭᠦᠨ ᠤ ᠬᠠᠮᠲᠤ ᠦᠷᠪᠢᠰᠦᠯ ᠢ ᠳᠠᠷᠤᠬᠤ ᠶᠢᠨ ᠲᠥᠯᠥᠭᠡ ᠮᠢᠺᠷᠣᠪ ᠡᠰᠡᠷᠭᠦᠴᠡᠭᠴᠢ ᠡᠳ᠋ ᠪᠤᠶᠤ ᠬᠦᠬᠦᠷᠯᠢᠭ ᠠᠮᠢᠨ ᠤ ᠲᠥᠷᠥᠯ ᠤᠨ ᠡᠮ ᠢ ᠬᠡᠷᠡᠭᠯᠡᠵᠦ ᠪᠣᠯᠣᠨ᠎ᠠ᠃ ᠵᠢᠱᠢᠶᠡᠯᠡᠪᠡᠯ ᠫᠧᠨᠢᠼᠢᠯᠢᠨ᠂ ᠯᠢᠶᠠᠨ ᠮᠧᠶ ᠰᠦ᠋ ᠲᠤᠰ ᠪᠦᠷᠢ 100~200 ᠲᠦᠮᠡᠨ ᠨᠢᠭᠡᠴᠢ᠂ᠪᠤᠯᠴᠢᠩ ᠳᠤᠨᠢ ᠲᠠᠷᠢᠨ᠎ᠠ᠃ 10% ᠶᠢᠨ ᠬᠦᠬᠦᠷᠯᠢᠭ ᠠᠮᠢᠨ ᠤ ᠫᠢᠷᠢᠮᠢᠳᠢᠨ ᠨᠠᠲᠷᠢ ᠶᠢᠨ ᠠᠭᠤᠰᠤᠮᠠᠯ100~150 ᠮᠢᠯᠢᠯᠢᠲᠷ ᠢ ᠨᠠᠮᠵᠢᠭᠤᠨ ᠰᠤᠳᠠᠯ ᠢᠶᠠᠷ ᠲᠠᠷᠢᠨ᠎ᠠ᠃ ᠡᠰᠡᠬᠦᠯ᠎ᠡ ᠲᠧᠲᠷᠠᠼᠢᠺᠯᠢᠨ᠂ ᠺᠠᠨᠠᠮᠢᠽᠢᠨ᠂ ᠭᠧᠨ᠋ᠲ᠋ᠠᠮᠢᠼᠢᠨ ᠵᠡᠷᠭᠡ ᠶᠢ ᠬᠡᠷᠡᠭᠯᠡᠵᠦ ᠪᠣᠯᠣᠨ᠎ᠠ᠃ ᠰᠢᠭᠤᠳ ᠮᠥᠭᠡᠷᠰᠦᠨ ᠬᠤᠭᠤᠯᠠᠢ ᠳᠤ ᠨᠢᠶᠠᠨ ᠳᠠᠷᠤᠭᠴᠢ ᠶᠢ ᠣᠷᠣᠭᠤᠯᠪᠠᠯ ᠦᠷ᠎ᠡ ᠳ᠋ᠦᠩ ᠨᠢ ᠨᠡᠯᠢᠶᠡᠳ ᠰᠠᠶᠢᠨ ᠪᠠᠶᠢᠳᠠᠭ᠃ ᠶᠡᠷᠦ ᠳᠡᠭᠡᠨ ᠫᠧᠨᠢᠼᠢᠯᠢᠨ ᠢ 320 ᠲᠦᠮᠡᠨ ᠨᠢᠭᠡᠴᠢ᠂ ᠯᠢᠶᠠᠨ ᠮᠧᠶ ᠰᠦ᠋ 2 ᠭᠷᠡᠮ ᠢ 15~20 ᠮᠢᠯᠢᠯᠢᠲᠷ ᠨᠡᠷᠡᠮᠡᠯ ᠤᠰᠤᠨ ᠳᠤ ᠠᠭᠤᠰᠬᠠᠵᠤ᠂ ᠮᠥᠭᠡᠷᠰᠦᠨ ᠬᠤᠭᠤᠯᠠᠢ ᠪᠠᠷ ᠡᠳᠦᠷ ᠲᠤ ᠨᠢᠭᠡ ᠤᠳᠠᠭ᠎ᠠ ᠬᠢᠵᠦ᠂ 5~6 ᠤᠳᠠᠭ᠎ᠠ ᠦᠷᠭᠦᠯᠵᠢᠯᠡᠨ ᠨᠢᠭᠡ ᠡᠮᠴᠢᠯᠡᠭᠡᠨ ᠤ ᠬᠤᠭᠤᠴᠠᠭ᠎ᠠ ᠪᠣᠯᠭᠠᠨ᠎ᠠ᠃ ᠠᠮᠢᠰᠬᠤᠯ ᠴᠢᠬᠤᠯᠳᠠᠵᠤ ᠪᠠᠶᠢᠭ᠎ᠠ ᠦᠬᠡᠷ ᠲᠤ1~2 ᠭᠷᠡᠮ ᠢ ᠨᠢᠭᠡ ᠤᠳᠠᠭ᠎ᠠ ᠳᠤ ᠪᠤᠯᠴᠢᠩ ᠳᠤᠨᠢ ᠲᠠᠷᠢᠵᠤ ᠥᠭᠭᠦᠨ᠎ᠡ᠂ ᠠᠮᠢᠨᠤᠹᠢᠯᠢᠨ ᠤ ᠱᠦᠯᠲᠦ ᠶᠢ ᠨᠢᠭᠡ ᠤᠳᠠᠭ᠎ᠠ ᠳᠤ ᠨᠢᠭᠡ ᠤᠳᠠᠭ᠎ᠠ ᠪᠤᠯᠴᠢᠩ ᠳᠤᠨᠢ ᠲᠠᠷᠢᠵᠤ ᠥᠭᠭᠦᠨ᠎ᠡ᠃ ᠡᠰᠡᠬᠦᠯ᠎ᠡ 5% ᠶᠢᠨ ᠵᠡᠭᠡᠷᠭᠡᠨ᠎ᠡ ᠶᠢᠨ ᠡᠳ᠋ ᠤᠨ ᠠᠭᠤᠰᠤᠮᠠᠯ 4~10 ᠮᠢᠯᠢᠯᠢᠲᠷ ᠢ ᠨᠢᠭᠡ ᠤᠳᠠᠭ᠎ᠠ ᠠᠷᠠᠰᠤᠨ ᠳᠣᠣᠷ᠎ᠠ ᠲᠠᠷᠢᠨ᠎ᠠ᠃      2. ᠬᠢᠲᠠᠳ ᠡᠮᠨᠡᠯᠭᠡ ᠶᠢᠨ ᠠᠷᠭ᠎ᠠ᠄ ᠡᠪᠦᠯ ᠤᠨ ᠴᠠᠭᠠᠨ ᠴᠡᠴᠡᠭ ᠤᠨ ᠲᠠᠯᠬ᠎ᠠ ᠶᠢ ᠬᠡᠷᠡᠭᠯᠡᠵᠦ᠂ ᠬᠠᠯᠠᠭᠤᠨ ᠢ ᠪᠠᠭᠤᠷᠠᠭᠤᠯᠤᠨ᠂ ᠬᠠᠨᠢᠶᠠᠳᠤ ᠶᠢ ᠵᠣᠭᠰᠣᠭᠠᠵᠤ ᠴᠡᠷ ᠢ ᠨᠢ ᠠᠷᠢᠯᠭᠠᠨ᠎ᠠ᠃ ᠵᠣᠷ᠄ ᠤᠯᠠᠭᠠᠨ ᠡᠪᠦᠯ ᠤᠨ ᠴᠡᠴᠡᠭ 30 ᠭᠷᠡᠮ᠂ ᠲᠠᠤᠯᠠᠢ ᠶᠢᠨ ᠮᠠᠩᠭᠢᠷ᠂ ᠨᠤᠭᠲᠤᠷᠤ ᠲᠤᠰ ᠪᠦᠷᠢ 24 ᠭᠷᠡᠮ᠂ ᠬᠥᠭᠡᠨ᠎ᠡ ᠡᠪᠡᠰᠦ᠂ ᠬᠤᠷᠳᠤᠨ ᠴᠠᠭᠠᠨ᠂ ᠭᠦᠢᠯᠡᠰᠦᠨ ᠴᠥᠮ᠎ᠡ᠂ ᠬᠤᠣᠰ ᠴᠡᠴᠡᠭ᠂ ᠢᠯᠠᠮ᠎ᠠ ᠶᠢᠨ ᠬᠠᠯᠢᠰᠤ᠂ ᠰᠢᠷ᠎ᠠ ᠡᠮ ᠤᠨ ᠦᠷ᠎ᠡ᠂ ᠠᠯᠲᠠᠨ ᠵᠤᠯᠠ ᠲᠤᠰ ᠪᠦᠷᠢ 18~20 ᠭᠷᠡᠮ ᠢ ᠨᠤᠨᠳᠠᠭᠯᠠᠵᠤ᠂ ᠪᠤᠴᠠᠯᠤᠭᠰᠠᠨ ᠤᠰᠤ ᠪᠠᠷ ᠪᠦᠷᠢᠵᠦ ᠪᠦᠯᠢᠶᠡᠨ ᠤᠤᠭᠤᠯᠭᠠᠨ᠎ᠠ᠃      ᠤᠷᠢᠳᠴᠢᠯᠠᠨ ᠰᠡᠷᠭᠡᠶᠢᠯᠡᠬᠦ᠃ ᠲᠡᠵᠢᠭᠡᠨ ᠠᠷᠠᠴᠢᠯᠠᠬᠤ ᠬᠠᠮᠢᠶᠠᠷᠤᠯᠲᠠ ᠪᠠᠨ ᠴᠢᠩᠭᠠᠳᠬᠠᠵᠤ᠂ ᠦᠬᠡᠷ ᠤᠨ ᠬᠠᠰᠢᠶ᠎ᠠ ᠶᠢ ᠬᠠᠭᠤᠷᠠᠢ ᠰᠠᠯᠬᠢ ᠨᠡᠪᠲᠡᠷᠡᠭᠦᠯᠬᠦ ᠶᠢ ᠪᠠᠲᠤᠯᠠᠵᠤ᠂ ᠲᠠᠭᠰᠢᠭᠤᠷ ᠲᠤ ᠨᠡᠷᠪᠡᠭᠳᠡᠬᠦ ᠠᠴᠠ ᠰᠡᠷᠭᠡᠶᠢᠯᠡᠬᠦ ᠬᠡᠷᠡᠭᠲᠡᠢ᠃
 
ᠢᠷᠡᠯᠲᠡ᠄ ᠤᠯᠠᠭᠠᠨᠬᠠᠳᠠ ᠬᠤᠳᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号