ᠬᠤᠯᠠ ᠵᠠᠮ ᠤᠨ ᠲᠡᠭᠡᠭᠡᠪᠦᠷᠢ ᠶᠢᠨ ᠶᠠᠪᠤᠴᠠ ᠳᠤ ᠡᠷᠬᠡᠪᠰᠢ ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠢ᠂ | ᠡᠰᠡ ᠲᠡᠭᠡᠪᠡᠯ ᠦᠬᠡᠷ ᠡᠪᠡᠳᠴᠢᠯᠡᠵᠦ ᠦᠬᠦᠬᠦ᠂ ᠶᠠᠰᠤ ᠨᠢ ᠬᠤᠭᠤᠷᠠᠬᠤ ᠵᠢᠴᠢ ᠠᠷᠠᠰᠤ᠂ ᠪᠤᠯᠴᠢᠩ᠂ ᠲᠤᠭᠤᠷᠠᠢ ᠨᠢ | ᠰᠢᠷᠬᠠᠲᠤᠬᠤ ᠵᠡᠷᠭᠡ ᠪᠠᠶᠢᠳᠠᠯ ᠭᠠᠷᠳᠠᠭ᠃ ᠪᠠᠰᠠ ᠣᠯᠵᠤ ᠦᠵᠡᠬᠦ ᠦᠭᠡᠢ ᠬᠤᠬᠢᠷᠠᠯ ᠪᠠᠶᠢᠵᠤ᠂ ᠪᠡᠶ᠎ᠡ ᠶᠢᠨ ᠬᠦᠨᠳᠦ ᠨᠢ | ᠶᠡᠭᠡ ᠪᠠᠷ ᠪᠠᠭᠤᠷᠠᠵᠤ᠂ ᠵᠣᠷᠢᠭᠰᠠᠨ ᠭᠠᠵᠠᠷ ᠲᠠᠭᠠᠨ ᠬᠦᠷᠭᠡᠭᠰᠡᠨ ᠤ ᠳᠠᠷᠠᠭ᠎ᠠ ᠦᠬᠡᠷ ᠣᠷᠳᠣ ᠬᠤᠭᠤᠴᠠᠭ᠎ᠠ ᠪᠠᠷ | ᠡᠳᠡᠭᠡᠷᠡᠵᠦ ᠳᠡᠶᠢᠯᠬᠦ ᠦᠭᠡᠢ ᠪᠣᠯᠳᠠᠭ᠃ | ᠨᠢᠭᠡ᠂ ᠮᠠᠰᠢᠨ ᠲᠡᠷᠭᠡᠨ ᠤ ᠲᠡᠭᠡᠭᠡᠪᠦᠷᠢ ᠶᠢᠨ ᠰᠢᠨᠵᠢᠯᠡᠬᠦ ᠤᠬᠠᠭᠠᠨᠴᠢ ᠬᠠᠮᠢᠶᠠᠷᠤᠯᠲᠠ | ︵ᠨᠢᠭᠡ︶ ᠦᠬᠡᠷ ᠢ ᠲᠡᠷᠭᠡᠨ ᠳᠤ ᠠᠴᠢᠬᠤ ᠠᠴᠠ ᠡᠮᠦᠨ᠎ᠡ ᠭᠦᠢᠴᠡᠳ ᠠᠮᠠᠷᠠᠭᠤᠯᠵᠤ᠂ ᠦᠬᠡᠷ ᠢ ᠳᠤᠷ᠎ᠠ ᠪᠠᠷ ᠢᠶᠠᠨ | ᠬᠥᠭᠡᠭᠡᠵᠦ ᠴᠣᠬᠢᠬᠤ᠂ ᠠᠶᠤᠯᠭᠠᠵᠤ ᠰᠣᠴᠢᠭᠠᠵᠤ ᠪᠣᠯᠬᠤ ᠦᠭᠡᠢ᠃ | ︵ᠬᠤᠶᠠᠷ︶ ᠵᠣᠷᠢᠭᠰᠠᠨ ᠭᠠᠵᠠᠷ ᠲᠠᠭᠠᠨ ᠬᠦᠷᠦᠭᠰᠡᠠ ᠤ ᠲᠡᠷᠠᠭ᠎ᠠ᠂ ᠦᠬᠡᠷ ᠢ ᠲᠦᠷ ᠤᠰᠤ ᠤᠤᠭᠤᠯᠭᠠᠬᠤ | ᠦᠭᠡᠢ ᠪᠠᠶᠢᠵᠤ᠂ ᠵᠥᠪᠬᠡᠨ ᠪᠤᠷᠴᠠᠭ ᠤᠨ ᠢᠵᠠᠭᠤᠷ ᠤᠨ ᠪᠤᠰᠤ ᠬᠠᠭᠤᠷᠠᠢ ᠡᠪᠡᠰᠦ ᠥᠭᠴᠦ᠂ ᠦᠬᠡᠷ ᠤᠨ | ᠬᠠᠰᠢᠶᠠᠨ ᠳᠤ ᠠᠮᠠᠷᠠᠭᠤᠯᠤᠨ᠎ᠠ᠃ | ︵ᠭᠤᠷᠪᠠ︶ ᠮᠠᠰᠢᠨ ᠲᠡᠷᠭᠡ ︵ᠠᠴᠢᠶᠠᠨ ᠤ ᠮᠠᠰᠢᠨ︶ ᠳᠤ ᠬᠡᠲᠦᠷᠬᠡᠢ ᠰᠢᠬᠠᠯᠳᠤᠭᠤᠯᠵᠤ ᠪᠣᠯᠬᠤ ᠦᠭᠡᠢ᠂ ᠦᠬᠡᠷ | ᠪᠦᠷᠢ ᠨᠢ ᠪᠠᠷᠤᠭ 1.1~1.4 ᠺᠤᠸᠠᠲ ᠮᠧᠲᠷ ᠤᠨ ᠲᠠᠯᠠᠪᠠᠢ ᠶᠢ ᠡᠵᠡᠯᠡᠪᠡᠯ ᠵᠤᠬᠢᠨ᠎ᠠ᠂ ᠡᠭᠦᠨ ᠢ ᠦᠬᠡᠷ ᠤᠨ ᠨᠠᠰᠤ | ᠪᠠ ᠪᠡᠶ᠎ᠡ ᠶᠢᠨ ᠬᠦᠨᠳᠦ ᠶᠢ ᠦᠨᠳᠦᠰᠦᠯᠡᠵᠦ ᠲᠣᠭᠲᠠᠭᠠᠨ᠎ᠠ᠃ | ︵ᠳᠥᠷᠪᠡ︶ ᠬᠠᠬᠢᠷ ᠡᠪᠦᠯ ᠤᠨ ᠦᠶ᠎ᠡ ᠳᠤ ᠲᠡᠷᠭᠡᠨ ᠳᠤ ᠡᠪᠡᠰᠦ ᠳᠡᠪᠢᠰᠴᠦ᠂ ᠲᠡᠷᠭᠡᠨ ᠤ ᠬᠠᠰᠢᠶᠠᠯᠠᠪᠤᠷᠢ ᠶᠢ | ᠨᠢᠭᠲᠠ ᠪᠢᠲᠡᠭᠦᠮᠵᠢᠯᠡᠬᠦ ᠬᠡᠷᠡᠭᠲᠡᠢ᠂ ᠡᠷᠬᠢᠨ ᠲᠣᠭᠤᠷᠢᠨ ᠳᠤᠨᠢ ᠰᠠᠯᠬᠢ ᠦᠯᠢᠶᠡᠯᠭᠡᠵᠦ ᠪᠣᠯᠬᠤ ᠦᠭᠡᠢ᠃ | ︵ᠲᠠᠪᠤ︶ ᠬᠠᠯᠠᠭᠤᠨ ᠡᠳᠦᠷ ᠲᠤ ᠲᠡᠷᠭᠡ ᠪᠠᠨ ᠰᠠᠯᠬᠢ ᠨᠠᠪᠲᠠᠷᠡᠭᠦᠯᠵᠦ᠂ ᠡᠯᠡᠰᠦ ᠳᠡᠪᠢᠰᠴᠦ᠂ ᠤᠰᠤ ᠰᠠᠴᠤᠵᠤ᠂ | ᠦᠬᠡᠷ ᠤᠨ ᠰᠡᠷᠢᠭᠦᠬᠡᠨ ᠪᠠᠶᠢᠬᠤ ᠶᠢ ᠪᠠᠲᠤᠯᠠᠬᠤ ᠬᠡᠷᠡᠭᠲᠡᠢ᠃ | ︵ᠵᠢᠷᠭᠤᠭ᠎ᠠ︶ ᠦᠬᠡᠷ᠂ ᠭᠠᠭ᠋ᠠᠢ᠂ ᠬᠤᠨᠢ ᠶᠢ ᠨᠢᠭᠡ ᠯᠡ ᠲᠡᠷᠭᠡᠨ ᠳᠤ ᠲᠡᠭᠡᠭᠡᠪᠦᠷᠢᠯᠡᠵᠦ ᠪᠣᠯᠬᠤ ᠦᠭᠡᠢ᠂ ᠲᠤᠭᠤᠯ | ᠪᠠ ᠦᠬᠡᠷ ᠢ ᠴᠦ ᠨᠢᠭᠡ ᠯᠡ ᠲᠡᠷᠭᠡᠨ ᠳᠤ ᠲᠡᠭᠡᠭᠡᠪᠦᠷᠢᠯᠡᠵᠦ ᠪᠣᠯᠬᠤ ᠦᠭᠡᠢ᠂ ᠬᠡᠷᠪᠡ ᠲᠡᠭᠡᠭᠡᠪᠦᠷᠢᠯᠡᠬᠦ ᠳᠤ ᠬᠦᠷᠪᠡᠯ | ᠲᠠᠰᠤᠯᠪᠤᠷᠢ ᠪᠠᠷ ᠲᠠᠰᠤᠯᠬᠤ ᠬᠡᠷᠡᠭᠲᠡᠢ᠃ | ︵ᠲᠤᠯᠤᠭ᠎ᠠ︶ ᠵᠠᠮ ᠵᠠᠭᠤᠷ᠎ᠠ ᠪᠠᠨ ᠵᠣᠬᠢᠬᠤ ᠬᠡᠮᠵᠢᠶᠡᠨ ᠤ ᠲᠡᠵᠢᠭᠡᠬᠦ᠂ ᠤᠰᠤᠯᠠᠬᠤ᠂ ᠠᠮᠠᠷᠠᠬᠤ ᠴᠠᠭ ᠲᠠᠢ ᠪᠠᠶᠢᠬᠤ | ᠬᠡᠷᠡᠭᠲᠡᠢ᠃ ᠡᠩ ᠤᠨ ᠪᠠᠶᠢᠳᠠᠯ ᠳᠤ 20 ᠭᠠᠷᠤᠢ ᠴᠠᠭ ᠤᠨ ᠳᠣᠲᠣᠷ᠎ᠠ ᠨᠠᠭᠠᠲᠤ ᠵᠠᠬ᠎ᠠ ᠳᠠᠭᠠᠨ 5 ᠴᠠᠭ ᠤᠨ ᠠᠮᠠᠷᠠᠬᠤ᠂ | ᠤᠰᠤᠯᠠᠬᠤ ᠴᠠᠭ ᠲᠠᠢ ᠪᠠᠶᠢᠬᠤ ᠬᠡᠷᠡᠭᠲᠡᠢ᠃ | ︵ᠨᠠᠢᠮᠠ︶ ᠵᠣᠷᠢᠭᠰᠠᠨ ᠭᠠᠵᠠᠷ ᠲᠠᠭᠠᠨ ᠬᠦᠷᠦᠭᠰᠡᠨ ᠤ ᠲᠠᠷᠠᠭ᠎ᠠ᠂ ᠦᠬᠡᠷ ᠲᠤ ᠬᠠᠭᠤᠷᠠᠢ ᠡᠪᠡᠰᠦ ᠪᠤᠶᠤ ᠡᠰᠢ | ᠰᠦᠷᠡᠯ ᠢᠳᠡᠭᠦᠯᠵᠦ᠂ ᠬᠤᠶᠠᠷ ᠭᠤᠷᠪᠠᠨ ᠴᠠᠭ ᠤᠨ ᠲᠠᠷᠠᠭ᠎ᠠ ᠪᠠᠭ᠎ᠠ ᠬᠡᠮᠵᠢᠶᠡᠨ ᠤ ᠤᠰᠤ ᠤᠤᠭᠤᠯᠭᠠᠵᠤ᠂ 24 | ᠴᠠᠭ ᠤᠨ ᠲᠠᠷᠠᠭ᠎ᠠ ᠳᠤᠷ᠎ᠠ ᠪᠠᠷ ᠨᠢ ᠤᠰᠤ ᠤᠤᠭᠤᠯᠭᠠᠵᠤ᠂ ᠬᠠᠭᠤᠷᠠᠢ ᠡᠪᠡᠰᠦ᠂ ᠡᠰᠢ ᠰᠦᠷᠡᠯ ᠢᠳᠡᠭᠦᠯᠦᠨ᠎ᠡ᠃ | ᠬᠤᠶᠠᠷ᠂ ᠮᠠᠰᠢᠨ ᠲᠡᠷᠭᠡᠨ ᠤ ᠲᠡᠭᠡᠭᠡᠪᠦᠷᠢ ᠶᠢᠨ ᠠᠩᠬᠠᠷᠬᠤ ᠵᠦᠢᠯ᠄ | ︵ᠨᠢᠭᠡ︶ ᠠᠴᠢᠶᠠᠨ ᠤ ᠮᠠᠰᠢᠨ ᠤ ᠣᠩᠭᠤᠴᠠ ᠨᠢ ᠡᠷᠬᠡᠪᠰᠢ 1.3 ᠮᠧᠲᠷ ᠠᠴᠠ ᠳᠡᠭᠡᠭᠰᠢ ᠪᠠᠶᠢᠬᠤ ᠬᠡᠷᠡᠭᠲᠡᠢ᠂ | ᠴᠢᠬᠤᠯᠠ ᠲᠠᠢ ᠦᠶ᠎ᠡ ᠳᠤ ᠣᠩᠭᠤᠴᠠ ᠶᠢ ᠥᠨᠳᠥᠷ ᠪᠣᠯᠭᠠᠵᠤ᠂ ᠦᠬᠡᠷ ᠦᠷᠭᠦᠵᠦ ᠦᠰᠦᠷᠴᠦ ᠭᠠᠷᠬᠤ ᠠᠴᠠ | ᠰᠡᠷᠭᠡᠶᠢᠯᠡᠬᠦ ᠬᠡᠷᠡᠭᠲᠡᠢ᠂ ᠣᠩᠭᠤᠴᠠ ᠶᠢ ᠪᠠᠶᠢᠴᠠᠭᠠᠵᠤ᠂ ᠱᠠᠯᠠ ᠳᠤᠨᠢ ᠬᠠᠳᠠᠭᠠᠰᠤ᠂ ᠲᠡᠮᠦᠷ ᠪᠠᠭᠠᠵᠢ ᠪᠤᠶᠤ ᠬᠤᠷᠴᠠ ᠡᠳ᠋ | ᠪᠠᠶᠢᠯᠭᠠᠵᠤ ᠪᠣᠯᠬᠤ ᠦᠭᠡᠢ᠂ ᠡᠪᠡᠰᠦ ᠳᠡᠪᠢᠰᠴᠦ ᠪᠣᠯᠣᠨ᠎ᠠ᠂ ᠵᠣᠨ ᠤ ᠤᠯᠠᠷᠢᠯ ᠳᠤ ᠡᠯᠡᠰᠦ ᠳᠡᠪᠢᠰᠴᠦ ᠪᠣᠯᠣᠨ᠎ᠠ᠂ | ᠭᠡᠪᠡᠴᠦ ᠱᠠᠯᠠ ᠳᠤᠨᠢ ᠲᠡᠮᠦᠷ ᠬᠠᠪᠲᠠᠰᠤ ᠬᠠᠳᠠᠵᠤ ᠪᠣᠯᠬᠤ ᠦᠭᠡᠢ᠂ ᠢᠩᠭᠢᠪᠡᠯ ᠦᠬᠡᠷ ᠵᠣᠭᠰᠣᠬᠤ ᠶᠢᠨ ᠠᠷᠭ᠎ᠠ | ᠦᠭᠡᠢ ᠪᠣᠯᠳᠠᠭ᠃ | ︵ᠬᠤᠶᠠᠷ︶ ᠠᠴᠢᠭᠰᠠᠨ ᠦᠬᠡᠷ ᠢ ᠪᠠᠭᠤᠯᠭᠠᠬᠤ ᠳᠤ ᠵᠠᠪᠠᠯ 1.1 ᠮᠧᠲᠷ ᠥᠨᠳᠥᠷ ᠲᠠᠪᠴᠠᠩ ᠳᠡᠭᠡᠷ᠎ᠡ ᠪᠠᠶᠢᠬᠤ | ᠬᠡᠷᠡᠭᠲᠡᠢ᠂ ᠲᠠᠪᠴᠠᠩ ᠤᠨ ᠥᠷᠭᠡᠨ ᠲᠠᠢ ᠵᠠᠯᠭᠠᠯᠳᠤᠭᠰᠠᠨ ᠬᠠᠰᠢᠯᠭ᠎ᠠ ᠲᠠᠢ ᠨᠠᠯᠠᠤ ᠭᠠᠵᠠᠷ ᠪᠠᠭᠤᠯᠭᠠᠵᠤ᠂ ᠦᠬᠡᠷ ᠢ | ᠲᠠᠭᠤᠬᠤ ᠦᠶ᠎ᠡ ᠳᠤ ᠳᠡᠭᠡᠭᠰᠢ ᠳᠣᠷᠣᠭᠰᠢ ᠦᠰᠦᠷᠬᠦ ᠶᠢ ᠴᠢᠩᠭ᠎ᠠ ᠰᠡᠷᠭᠡᠶᠢᠯᠡᠬᠦ ᠬᠡᠷᠡᠭᠲᠡᠢ᠂ ᠤᠴᠢᠷ ᠨᠢ ᠡᠨᠡ ᠨᠢ ᠮᠠᠰᠢ | ᠠᠶᠤᠯ ᠲᠠᠢ ᠶᠤᠮ᠃ | ︵ᠭᠤᠷᠪᠠ︶ ᠦᠬᠡᠷ ᠢ ᠲᠡᠷᠭᠡᠨ ᠳᠣᠲᠣᠷ᠎ᠠ ᠰᠣᠯᠪᠢᠯᠴᠠᠭᠤᠯᠤᠨ ᠵᠣᠭᠰᠣᠭᠠᠨ᠎ᠠ᠃ ᠠᠮᠤᠷ ᠲᠦᠪᠰᠢᠨ ᠢ | ᠪᠣᠳᠣᠯᠬᠢᠯᠠᠵᠤ ᠲᠡᠷᠭᠡᠨ ᠳᠡᠭᠡᠷ᠎ᠡ ᠨᠢᠭᠡ ᠪᠦᠯᠦᠭ ᠦᠬᠡᠷ ᠤᠨ ᠲᠣᠯᠣᠭᠠᠢ ᠶᠢ ᠲᠡᠷᠭᠡᠨ ᠲᠣᠯᠣᠭᠠᠢ ᠥᠭᠡᠳᠡ | ᠬᠠᠨᠳᠤᠭᠤᠯᠵᠤ᠂ ᠨᠢᠭᠡ ᠪᠦᠯᠦᠭ ᠦᠬᠡᠷ ᠤᠨ ᠰᠡᠭᠦᠯ ᠢ ᠲᠡᠷᠭᠡᠨ ᠲᠣᠯᠣᠭᠠᠢ ᠥᠭᠡᠳᠡ ᠬᠠᠨᠳᠤᠭᠤᠯᠤᠨ᠎ᠠ᠃ | ︵ᠳᠥᠷᠪᠡ︶ ᠦᠬᠡᠷ ᠲᠡᠭᠡᠭᠡᠪᠦᠷᠢᠯᠡᠬᠦ ᠳᠤ ᠶᠡᠷᠦ ᠳᠡᠭᠡᠨ ᠡᠳᠦᠷ ᠶᠠᠪᠤᠵᠤ᠂ ᠰᠥᠨᠢ ᠳᠡᠭᠡᠨ ᠲᠡᠷᠭᠡᠨ ᠳᠡᠭᠡᠷ᠎ᠡ ᠪᠠᠨ | ᠲᠡᠵᠢᠭᠡᠵᠦ ᠤᠰᠤᠯᠠᠵᠤ᠂ ᠠᠮᠠᠷᠠᠭᠤᠯᠤᠨ᠎ᠠ᠃ ᠵᠥᠪᠬᠡᠨ ᠵᠤᠨ ᠤ ᠤᠯᠠᠷᠢᠯ ᠳᠤ ᠰᠥᠨᠢ ᠪᠠᠷ ᠶᠠᠪᠤᠵᠤ᠂ ᠦᠳᠡ ᠳᠤ | ᠠᠮᠠᠷᠠᠭᠤᠯᠤᠨ᠎ᠠ᠃ | ︵ᠲᠠᠪᠤ︶ ᠵᠢᠯᠣᠭᠤᠴᠢ ᠡᠬᠢᠯᠡᠵᠦ ᠶᠠᠪᠤᠬᠤ᠂ ᠲᠡᠷᠭᠡ ᠪᠠᠨ ᠵᠣᠭᠰᠣᠭᠠᠬᠤ ᠵᠢᠴᠢ ᠮᠤᠷᠤᠶᠢᠬᠤ ᠳᠠᠭᠠᠨ | ᠬᠤᠷᠳᠤᠴᠠ ᠪᠠᠨ ᠤᠳᠠᠭᠠᠰᠢᠷᠠᠭᠤᠯᠬᠤ ᠬᠡᠷᠡᠭᠲᠡᠢ᠃ ᠲᠡᠷᠭᠡᠨ ᠤ ᠬᠤᠷᠳᠤᠴᠠ ᠶᠢ ᠤᠳᠠᠭᠠᠰᠢᠷᠠᠭᠤᠯᠬᠤ ᠠᠴᠠ ᠪᠢᠰᠢ᠂ | ᠣᠭᠵᠣᠮ ᠲᠣᠷᠮᠣᠰᠯᠠᠨ ᠵᠣᠭᠰᠣᠭᠠᠵᠤ ᠪᠣᠯᠬᠤ ᠦᠭᠡᠢ᠃ | ︵ᠵᠢᠷᠭᠤᠭ᠎ᠠ︶ ᠬᠠᠮᠲᠤ ᠶᠠᠪᠤᠭᠴᠢ ᠨᠢ ᠦᠬᠡᠷ ᠤᠨ ᠬᠥᠳᠡᠯᠦᠯ ᠪᠠᠶᠢᠳᠠᠯ ᠢ ᠴᠠᠭ ᠲᠤᠬᠠᠢ ᠳᠤᠨᠢ ᠠᠵᠢᠭᠯᠠᠵᠤ᠂ | ᠢᠯᠡᠭᠦᠦ ᠤᠰᠤᠯᠠᠬᠤ ᠶᠢ ᠠᠩᠬᠠᠷᠴᠤ᠂ ᠡᠯ᠎ᠡ ᠵᠦᠢᠯ ᠤᠨ ᠰᠡᠷᠡᠯᠵᠢᠯ ᠢ ᠠᠯᠢ ᠴᠢᠳᠠᠬᠤ ᠪᠠᠷ ᠪᠠᠭᠠᠰᠬᠠᠨ᠎ᠠ᠃ ᠪᠠᠰᠠ | ᠦᠬᠡᠷ ᠤᠨ ᠰᠢᠷᠬᠠᠲᠤᠬᠤ ᠪᠠ ᠭᠢᠰᠬᠢᠭᠳᠡᠵᠦ ᠰᠢᠷᠬᠠᠲᠤᠬᠤ ᠠᠴᠠ ᠬᠢᠴᠢᠶᠡᠨ᠎ᠡ᠃ |