ᠭᠠᠭ᠋ᠠᠢ ᠲᠡᠵᠢᠭᠡᠬᠦ ᠲᠠᠷᠢᠶᠠᠴᠢᠨ ᠡᠷᠦᠬᠡ ᠶᠢᠨ ᠮᠡᠳᠡᠭᠡᠵᠢ ᠪᠠᠷ᠂ ᠭᠠᠭ᠋ᠠᠢ ᠶᠢᠨ ᠪᠡᠶ᠎ᠡ ᠳᠤ ᠲᠡᠮᠦᠷ ᠤᠨ ᠡᠯᠧᠮᠧᠨ᠋ᠲ | ᠮᠠᠰᠢ ᠪᠠᠭ᠎ᠠ ᠠᠭᠤᠯᠤᠭᠳᠠᠳᠠᠭ ᠪᠣᠯᠪᠠᠴᠤ ᠮᠠᠰᠢ ᠶᠡᠭᠡ ᠦᠢᠯᠡᠳᠦᠯ ᠲᠠᠢ ᠪᠠᠶᠢᠳᠠᠭ᠂ ᠲᠣᠷᠣᠶ ᠳᠤ ᠲᠡᠮᠦᠷ ᠨᠥᠬᠦᠬᠦ ᠪᠣᠯ | ᠲᠣᠷᠣᠶ ᠶᠢᠨ ᠲᠡᠵᠢᠭᠡᠪᠦᠷᠢ ᠶᠢᠨ ᠬᠠᠮᠢᠶᠠᠷᠤᠯᠲᠠ ᠶᠢᠨ ᠳᠤᠮᠳᠠᠬᠢ ᠨᠢᠭᠡᠨ ᠴᠢᠬᠤᠯᠠ ᠠᠵᠢᠯ ᠪᠣᠯᠣᠨ᠎ᠠ᠃ ᠲᠡᠮᠦᠷ ᠤᠨ | ᠡᠯᠧᠮᠧᠨ᠋ᠲ ᠪᠣᠯ ᠴᠢᠰᠤᠨ ᠤ ᠤᠯᠠᠭᠠᠨ ᠤᠭᠤᠷᠠᠭ ᠪᠣᠯᠣᠨ ᠪᠤᠯᠴᠢᠩ ᠤᠨ ᠤᠯᠠᠭᠠᠨ ᠤᠭᠤᠷᠠᠭ ᠢ ᠨᠡᠶᠢᠯᠡᠭᠦᠯᠬᠦ ᠴᠢᠬᠤᠯᠠ | ᠲᠦᠭᠦᠬᠡᠢ ᠮᠠᠲ᠋ᠧᠷᠢᠶᠠᠯ ᠪᠣᠯᠣᠨ᠎ᠠ᠂ ᠲᠡᠮᠦᠷ ᠨᠢ ᠴᠢᠰᠤᠨ ᠤ ᠤᠯᠠᠭᠠᠨ ᠤᠭᠤᠷᠠᠭ ᠬᠦᠴᠢᠯᠲᠥ᠋ᠷᠥᠭᠴᠢ ᠶᠢ | ᠵᠦᠭᠡᠭᠡᠪᠦᠷᠢᠯᠡᠬᠦ ᠳᠤ ᠦᠢᠯᠡᠳᠦᠯ ᠦᠵᠡᠭᠦᠯᠵᠦ᠂ ᠭᠠᠭ᠋ᠠᠢ ᠶᠢᠨ ᠪᠡᠶ᠎ᠡ ᠳᠠᠬᠢ ᠨᠡᠬᠡᠳᠡᠰᠦ ᠶᠢᠨ ᠬᠦᠴᠢᠯᠲᠥ᠋ᠷᠥᠭᠴᠢ ᠶᠢᠨ | ᠬᠠᠩᠭᠠᠯᠭ᠎ᠠ ᠶᠢ ᠪᠠᠳᠤᠯᠠᠳᠠᠭ᠃ ᠲᠣᠷᠣᠶ ᠶᠢ ᠲᠥᠷᠥᠭᠰᠡᠨ ᠤ 7 ᠡᠳᠦᠷ ᠤᠨ ᠳᠠᠷᠠᠭ᠎ᠠ ᠴᠠᠭ ᠲᠤᠬᠠᠢ ᠳᠤᠨᠢ ᠲᠡᠮᠦᠷ | ᠨᠥᠬᠦᠬᠦ ᠦᠭᠡᠢ ᠪᠣᠯ ᠲᠡᠮᠦᠷ ᠳᠤᠲᠠᠬᠤ ᠴᠢᠨᠠᠷᠲᠠᠢ ᠴᠢᠰᠤ ᠳᠤᠲᠠᠬᠤ ᠢᠯᠡᠷᠡᠯ ᠭᠠᠷᠳᠠᠭ᠃ ᠲᠡᠭᠡᠪᠡᠯ ᠲᠣᠷᠣᠶ ᠳᠤ ᠲᠡᠮᠦᠷ | ᠳᠤᠲᠠᠭᠳᠠᠬᠤ ᠳᠤ ᠶᠠᠮᠠᠷ ᠶᠠᠮᠠᠷ ᠬᠤᠣᠷ ᠬᠥᠨᠥᠭᠡᠯ ᠲᠠᠢ ᠪᠣᠶ︖ ᠲᠡᠮᠦᠷ ᠢ ᠬᠡᠷᠬᠢᠨ ᠨᠥᠬᠦᠪᠦᠷᠢᠯᠡᠪᠡᠯ ᠦᠷ᠎ᠡ ᠠᠰᠢᠭ ᠨᠢ | ᠰᠠᠶᠢᠨ ᠪᠠᠶᠢᠳᠠᠭ ᠪᠤᠢ︖ | 1. ᠲᠤᠷᠤᠢ ᠳᠤ ᠲᠡᠮᠦᠷ ᠳᠤᠲᠠᠭᠳᠠᠬᠤ ᠶᠢᠨ ᠬᠤᠣᠷ ᠬᠥᠨᠥᠭᠡᠯ | ᠴᠢᠰᠤ ᠪᠦᠲᠦᠭᠡᠬᠦ ᠴᠢᠳᠠᠪᠤᠷᠢ ᠶᠢ ᠨᠥᠯᠥᠭᠡᠯᠡᠳᠡᠭ᠃ ᠲᠡᠮᠦᠷ ᠤᠨ ᠡᠯᠧᠮᠧᠨ᠋ᠲ ᠪᠣᠯ ᠴᠢᠰᠤᠨ ᠤ ᠤᠯᠠᠭᠠᠨ | ᠤᠭᠤᠷᠠᠭ ᠤᠨ ᠴᠢᠬᠤᠯᠠ ᠪᠦᠷᠢᠯᠳᠦᠭᠦᠨ ᠪᠣᠯᠬᠤᠷ᠂ ᠲᠡᠮᠦᠷ ᠳᠤᠲᠠᠭᠳᠠᠪᠠᠯ ᠲᠣᠷᠣᠢ ᠶᠢᠨ ᠴᠢᠰᠤ ᠪᠦᠲᠦᠭᠡᠬᠦ | ᠴᠢᠳᠠᠪᠤᠷᠢ ᠶᠢ ᠲᠤᠳᠠᠮᠠᠭ ᠪᠣᠯᠭᠠᠵᠤ᠂ ᠠᠷᠠᠰᠤ ᠨᠢ ᠴᠠᠶᠢᠵᠤ ᠥᠩᠭᠡ ᠦᠭᠡᠢ ᠪᠣᠯᠳᠠᠭ᠃ | ᠲᠣᠷᠣᠢ ᠶᠢᠨ ᠥᠰᠦᠯᠲᠡ ᠪᠤᠶᠢᠵᠢᠯᠲᠠ ᠶᠢ ᠨᠥᠯᠥᠭᠡᠯᠡᠳᠡᠭ᠃ ᠲᠡᠮᠦᠷ ᠳᠤᠲᠠᠭᠰᠠᠨ ᠠᠴᠠ ᠪᠣᠯᠵᠤ ᠲᠣᠷᠣᠢ ᠶᠢᠨ | ᠴᠤᠭ ᠰᠦᠯᠳᠡ ᠨᠢ ᠮᠠᠭᠤᠳᠠᠵᠤ᠂ ᠡᠴᠡᠵᠦ ᠲᠤᠷᠠᠭᠠᠳ᠂ ᠦᠷᠭᠦᠯᠵᠢ ᠰᠢᠮ᠎ᠡ ᠲᠡᠵᠢᠭᠡᠯ ᠮᠠᠭᠤᠳᠠᠭᠰᠠᠨ ᠠᠴᠠ ᠪᠣᠯᠵᠤ | ᠬᠥᠰᠢᠮᠡᠯ ᠭᠠᠭ᠋ᠠᠢ ᠪᠣᠯᠳᠠᠭ᠃ ᠡᠭᠦᠨ ᠠᠴᠠ ᠭᠠᠳᠠᠨ᠎ᠠ ᠴᠢᠰᠤ ᠪᠦᠲᠦᠭᠡᠬᠦ ᠴᠢᠳᠠᠪᠤᠷᠢ ᠲᠤᠳᠠᠮᠠᠭ ᠠᠴᠠ ᠪᠣᠯᠵᠤ ᠤᠯᠠᠭᠠᠨ | ᠡᠰ ᠤᠨ ᠲᠤᠭ᠎ᠠ ᠬᠡᠮᠵᠢᠶ᠎ᠡ ᠪᠠᠭᠠᠰᠴᠤ᠂ ᠪᠡᠶ᠎ᠡ ᠮᠠᠬᠠᠪᠤᠳ ᠤᠨ ᠥᠰᠦᠯᠲᠡ ᠪᠤᠶᠢᠵᠢᠯᠲᠠ ᠶᠢ ᠨᠥᠯᠥᠭᠡᠯᠡᠨ᠎ᠡ᠃ | ᠲᠣᠷᠣᠢ ᠶᠢᠨ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠪᠠᠭᠤᠷᠠᠭᠤᠯᠳᠠᠭ᠃ ᠲᠣᠷᠣᠢ ᠲᠡᠮᠦᠷ ᠳᠤᠲᠠᠭᠳᠠᠪᠠᠯ | ᠪᠡᠶ᠎ᠡ ᠶᠢᠨ ᠳᠣᠲᠣᠷᠠᠬᠢ T ᠡᠰ ᠤᠨ ᠦᠷᠡᠵᠢᠯᠲᠡ ᠨᠢ ᠨᠢᠭᠡᠨ ᠬᠡᠮᠵᠢᠶᠡᠨ ᠤ ᠬᠠᠷᠰᠢᠯᠠᠯ ᠳᠤ ᠤᠴᠠᠷᠠᠵᠤ᠂ ᠴᠡᠭᠡᠵᠢᠨ | ᠪᠤᠯᠴᠢᠷᠬᠠᠢ᠂ ᠳᠡᠯᠢᠭᠦᠦ ᠵᠡᠷᠭᠡ ᠡᠭᠡᠯᠢᠯᠡᠭᠡ ᠶᠢᠨ ᠰᠢᠰᠲ᠋ᠧᠮ ᠤᠨ ᠠᠵᠢᠯᠯᠠᠭ᠎ᠠ ᠶᠢ ᠭᠡᠮᠲᠦᠭᠡᠵᠦ᠂ ᠡᠶᠢᠮᠦᠷᠬᠦᠦ ᠭᠡᠮᠲᠦᠯ ᠢ | ᠡᠮᠨᠡᠨ ᠵᠠᠰᠠᠭᠰᠠᠨ ᠴᠤ ᠮᠥᠨ ᠯᠡ ᠣᠷᠣᠰᠢᠵᠤ ᠪᠠᠶᠢᠳᠠᠭ᠃ | 2. ᠲᠣᠷᠣᠶ ᠳᠤ ᠲᠡᠮᠦᠷ ᠨᠥᠬᠦᠬᠦ ᠠᠷᠭ᠎ᠠ ᠬᠡᠮᠵᠢᠶ᠎ᠡ | ᠲᠡᠮᠦᠷ ᠺᠣᠪᠠᠯᠲ ᠤᠨ ᠲᠠᠷᠢᠯᠭ᠎ᠠ ᠶᠢ ᠲᠠᠷᠢᠨ᠎ᠠ᠃ ᠲᠣᠷᠣᠢ ᠶᠢ ᠲᠥᠷᠥᠭᠰᠡᠨ ᠤ ᠳᠠᠷᠠᠭᠠᠬᠢ 2 ᠡᠳᠦᠷ ᠠᠴᠠ 3 | ᠡᠳᠦᠷ ᠤᠨ ᠳᠣᠲᠣᠷ᠎ᠠ᠂ ᠲᠣᠷᠣᠶ ᠪᠦᠷᠢ ᠳᠤ ᠨᠢᠭᠡ ᠯᠡ ᠤᠳᠠᠭ᠎ᠠ ᠳᠡᠭᠡᠷ᠎ᠡ ᠲᠡᠮᠦᠷ ᠺᠣᠪᠠᠯᠲ ᠤᠨ ᠲᠠᠷᠢᠯᠭ᠎ᠠ ᠶᠢ 3.3 | ᠮᠢᠯᠢᠯᠢᠲᠷ ᠲᠠᠷᠢᠨ᠎ᠠ᠂ ᠵᠢᠱᠢᠶᠡᠯᠡᠪᠡᠯ ︽ᠪᠠᠷᠠᠭᠤᠨᠰᠢ ᠡᠷᠭᠢᠯᠭᠡᠲᠦ ᠰᠢᠬᠢᠷ ᠤᠨ ᠬᠠᠭᠰᠠᠮᠠᠯ ᠲᠡᠮᠦᠷ ᠺᠣᠪᠠᠯᠲ ᠤᠨ | ᠲᠠᠷᠢᠯᠭ᠎ᠠ ᠶᠢᠨ ᠰᠢᠩᠭᠡᠨ︾ ᠢ ᠲᠠᠷᠢᠨ᠎ᠠ᠃ | ᠲᠡᠮᠦᠷ ᠤᠨ ᠨᠠᠶᠢᠷᠠᠯᠭ᠎ᠠ ᠶᠢ ᠤᠤᠭᠤᠯᠭᠠᠨ᠎ᠠ᠃ ᠲᠣᠷᠣᠢ ᠶᠢ ᠲᠥᠷᠥᠭᠰᠡᠨ ᠤ ᠳᠠᠷᠠᠭᠠᠬᠢ 2 ᠡᠳᠦᠷ ᠠᠴᠠ 3 | ᠡᠳᠦᠷ ᠠᠴᠠ ᠡᠬᠢᠯᠡᠵᠦ᠂ ᠤᠭᠵᠢᠨ ᠳᠤ 0.25% ᠶᠢᠨ ᠬᠦᠬᠦᠷ ᠬᠦᠴᠢᠯ ᠤᠨ ᠳᠤᠲᠠᠭᠤ ᠲᠡᠮᠦᠷ ᠪᠠ 0.1% ᠶᠢᠨ | ᠬᠦᠬᠦᠷ ᠬᠦᠴᠢᠯ ᠤᠨ ᠵᠡᠰ ᠤᠨ ᠬᠤᠯᠢᠮᠠᠭ ᠤᠰᠤᠨ ᠠᠭᠤᠰᠤᠮᠠᠯ ᠢ ᠬᠢᠵᠦ ᠬᠥᠬᠦᠭᠦᠯᠦᠨ᠎ᠡ᠃ | ᠡᠷᠦᠳᠡᠰᠦ ᠶᠢᠨ ᠲᠡᠮᠦᠷ ᠤᠨ ᠳᠠᠪᠤᠰᠤᠨ ᠤ ᠲᠡᠵᠢᠭᠡᠯ ᠨᠥᠬᠦᠬᠦ ᠣᠩᠭᠤᠴᠠ ᠲᠠᠯᠪᠢᠵᠤ ᠥᠭᠭᠦᠨ᠎ᠡ᠃ ᠲᠣᠷᠣᠢ ᠶᠢ | ᠲᠥᠷᠥᠭᠰᠡᠨ ᠤ 3 ᠡᠳᠦᠷ ᠠᠴᠠ 5 ᠡᠳᠦᠷ ᠤᠨ ᠳᠠᠷᠠᠭ᠎ᠠ᠂ ᠨᠢᠭᠡ ᠪᠦᠯᠦᠭ ᠡᠷᠦᠳᠡᠰᠦ ᠶᠢᠨ ᠲᠡᠮᠦᠷ ᠤᠨ ᠳᠠᠪᠤᠰᠤ ᠶᠢ | ᠲᠡᠵᠢᠭᠡᠯ ᠨᠥᠬᠦᠬᠦ ᠣᠩᠭᠤᠴᠠᠨ ᠳᠤ ᠲᠠᠯᠪᠢᠬᠤ ᠪᠤᠶᠤ ᠬᠠᠰᠢᠶᠠᠨ ᠳᠠᠭᠠᠨ ᠦᠷᠭᠦᠯᠵᠢ ᠪᠣᠬᠢᠷᠲᠤᠭᠠ ᠦᠭᠡᠢ ᠤᠯᠠᠭᠠᠨ | ᠨᠠᠩᠭᠢ ᠰᠢᠷᠣᠢ ᠰᠠᠴᠤᠵᠤ᠂ ᠲᠣᠷᠣᠢ ᠳᠤ ᠳᠤᠷ᠎ᠠ ᠪᠠᠷ ᠨᠢ ᠳᠣᠯᠢᠶᠠᠯᠭᠠᠵᠤ ᠢᠳᠡᠭᠦᠯᠦᠨ᠎ᠡ᠃ |