ᠭᠠᠩᠭᠠᠴᠤᠩ ᠣᠯᠠᠨ ᠲᠦᠮᠡᠨ ᠤ ᠪᠠᠶᠠᠵᠢᠯ ᠤᠨ ︽ᠰᠠᠶᠢᠨ ᠵᠣᠷ︾ ᠪᠣᠯᠣᠯ᠎ᠠ
ᠨᠡᠶᠢᠲᠡᠯᠡᠭᠰᠡᠨ ᠴᠠᠭ᠄
2024/12/23
      ᠬᠦᠢᠲᠡᠨ ᠤ ᠡᠷᠴᠢ ᠴᠢᠩᠭᠠᠷᠠᠵᠤ᠂ ᠬᠡᠭᠡᠷ᠎ᠡ ᠲᠠᠯ᠎ᠠ ᠳᠤ ᠬᠥᠮᠥᠨ ᠤ ᠪᠠᠷ᠎ᠠ ᠬᠤᠪᠣᠷᠬᠠᠨ ᠬᠠᠷᠠᠭᠳᠠᠨ᠎ᠠ᠃ ᠭᠡᠶ᠎ᠡ ᠨᠠᠢᠮᠠᠨ ᠬᠤᠰᠢᠭᠤᠨ ᠤ ᠳ᠋ᠦᠩ ᠮᠢᠩ ᠪᠠᠯᠭᠠᠰᠤᠨ ᠳᠤ ᠬᠠᠷᠢᠨ ᠦᠰᠦᠳ ᠥᠭᠡᠷ᠎ᠡ ᠦᠵᠡᠭᠳᠡᠯ ᠢᠯᠡᠷᠡᠨ᠂ ᠲᠠᠷᠢᠶᠠᠨ ᠭᠠᠵᠠᠷ ᠲᠤ ᠲᠷᠠᠺᠲ᠋ᠣᠷ ᠨᠠᠭᠠᠰᠢ ᠴᠠᠭᠠᠰᠢ ᠰᠦᠯᠵᠢᠯᠳᠦᠵᠦ᠂ ᠪᠠᠭᠯᠠᠷᠠᠭᠰᠠᠨ ᠴᠣᠮᠣᠷᠯᠢᠭ ᠪᠦᠬᠦᠢ ᠭᠠᠩᠭᠠᠴᠤᠩ ᠢ ᠤᠷᠪᠠᠭᠤᠯᠤᠨ ᠭᠠᠷᠭᠠᠵᠤ ᠮᠠᠯᠲᠠᠨ ᠬᠤᠷᠢᠶᠠᠵᠤ ᠪᠠᠶᠢᠯ᠎ᠠ᠃      ᠳ᠋ᠦᠩ ᠮᠢᠩ ᠪᠠᠯᠭᠠᠰᠤᠨ ᠤ ᠶᠦᠩ ᠱᠧᠩ ᠲᠣᠰᠬᠤᠨ ᠤ ᠠᠷᠠᠳ ᠸᠠᠩ ᠯᠧᠢ ᠡᠨᠡ ᠵᠢᠯ 35 ᠮᠦ ᠭᠠᠩᠭᠠᠴᠤᠩ ᠲᠤᠷᠰᠢᠨ ᠳᠠᠷᠢᠵᠠᠢ᠃ ᠲᠡᠷᠡ ᠲᠠᠷᠢᠶᠠᠨ ᠳᠠᠬᠢ ᠰᠠᠶ᠋ᠢᠬᠠᠨ ᠮᠠᠯᠲᠠᠨ ᠭᠠᠷᠭᠠᠭᠰᠠᠨ ᠪᠥᠭᠡᠮ ᠪᠥᠭᠡᠮ ᠪᠣᠷᠣ ᠴᠣᠮᠣᠷᠯᠢᠭ ᠪᠦᠬᠦᠢ ᠭᠠᠩᠭᠠᠴᠤᠩ ᠢᠶᠠᠨ ᠵᠢᠭᠠᠵᠤ᠄ ︽ᠵᠢᠱᠢᠯᠲᠡ ᠪᠠᠷ 1 ᠮᠦ ᠠᠴᠠ 130 ᠵᠢᠩ ᠠᠴᠠ 150 ᠵᠢᠩ ᠬᠠᠳᠠᠭᠠᠬᠰᠠᠨ ᠭᠠᠩᠭᠠᠴᠤᠩ ᠬᠤᠷᠢᠶᠠᠨ᠎ᠠ᠂ ᠮᠦ ᠳᠤᠮᠳᠠᠴᠢ ᠶᠢᠨ ᠣᠷᠣᠯᠭ᠎ᠠ ᠪᠠᠷᠤᠭ 6500 ᠲᠥᠭᠦᠷᠢᠭ ᠠᠴᠠ 7500 ᠲᠥᠭᠦᠷᠢᠭ ᠲᠤ ᠭᠦᠷᠦᠨ᠎ᠡ︾ ᠭᠡᠵᠦ ᠬᠡᠯᠡᠨ᠎ᠡ᠃ ᠭᠠᠩᠭᠠᠴᠤᠩ ᠤᠨ ᠦᠨ᠎ᠡ ᠬᠠᠩᠰᠢ ᠬᠡᠳᠦᠶᠢᠪᠡᠷ ᠨᠢᠳᠤᠨᠤᠨ ᠤ  ᠬᠢ ᠶᠢ ᠬᠦᠷᠬᠦ ᠦᠭᠡᠢ ᠪᠤᠯᠪᠠᠴᠤ ᠥᠪᠡᠷ ᠤᠨ ᠥᠷᠲᠡᠭ ᠢ ᠨᠢ ᠭᠠᠷᠭᠠᠪᠠᠯ ᠮᠥᠨ ᠬᠦ ᠮᠦ ᠳᠤᠮᠳᠠᠴᠢ ᠶᠢᠨ ᠴᠡᠪᠡᠷ ᠣᠷᠣᠯᠭ᠎ᠠ ᠨᠢ 2000 ᠲᠥᠭᠦᠷᠢᠭ ᠣᠷᠴᠢᠮ ᠳᠤ ᠬᠦᠷᠬᠦ ᠪᠣᠯᠣᠨ᠎ᠠ᠃      ᠳ᠋ᠦᠩ ᠮᠢᠩ ᠪᠠᠯᠭᠠᠰᠤᠨ ᠤ ᠰᠥᠷᠥᠭ ᠲᠣᠰᠬᠤᠨ ᠤ ᠳᠣᠰᠬᠤᠨ ᠤ ᠠᠷᠠᠳ ᠹᠧᠩ ᠰᠢᠸ ᠮᠢᠨ ᠤ ᠭᠠᠩᠭᠠᠴᠤᠩ ᠢ ᠰᠠᠯᠭᠠᠨ ᠲᠡᠭᠦᠬᠦ ᠫᠧᠩ ᠤᠨ ᠡᠭᠦᠳᠡ ᠶᠢ ᠨᠡᠭᠡᠭᠡᠬᠦ ᠳᠤ᠂ ᠡᠮ ᠤᠨ ᠠᠩᠬᠢᠯᠤᠮ᠎ᠠ ᠦᠨᠦᠷ ᠬᠠᠩᠬᠤᠯᠵᠤ᠂ ᠬᠤᠶᠠᠷ ᠮᠥᠷ ᠪᠠᠷᠤᠭ 50 ᠮᠧᠲᠷ ᠤᠨ ᠭᠠᠩᠭᠠᠴᠤᠩ ᠢ ᠰᠠᠯᠭᠠᠨ ᠲᠡᠭᠦᠬᠦ ᠭᠠᠵᠠᠷ ᠲᠤ ᠬᠥᠮᠥᠨ ᠳᠦᠭᠦᠷᠴᠦ᠂ ᠭᠦᠷ ᠬᠥᠭᠵᠢᠶᠡᠨ ᠢᠶᠠᠷ ᠪᠢᠯᠬᠠᠵᠤ ᠪᠠᠶᠢᠯ᠎ᠠ᠃ ᠭᠠᠩᠭᠠᠴᠤᠩ ᠢ ᠲᠠᠷᠢᠬᠤ ᠠᠴᠠ ᠠᠪᠤᠭᠠᠳ ᠮᠠᠯᠲᠠᠨ ᠬᠤᠷᠢᠶᠠᠬᠤ᠂ ᠰᠠᠯᠭᠠᠨ ᠲᠡᠭᠦᠬᠦ᠂ ᠬᠠᠲᠠᠭᠠᠬᠤ ᠭᠦᠷᠲᠡᠯ᠎ᠡ ᠴᠥᠮ ᠶᠡᠭᠡ ᠬᠡᠮᠵᠢᠶᠡᠨ ᠤ ᠬᠥᠮᠥᠨ ᠤ ᠬᠦᠴᠦ ᠬᠡᠷᠡᠭᠰᠡᠳᠡᠭ᠂ ᠡᠨᠡ ᠨᠢ ᠡᠷᠭᠢᠨ ᠲᠣᠭᠤᠷᠢᠨ ᠤ ᠣᠯᠠᠨ ᠲᠦᠮᠡᠨ ᠳᠤ ᠬᠦᠴᠦᠨ ᠤ ᠠᠵᠢᠯ ᠬᠢᠬᠦ ᠲᠣᠭᠢᠶᠠᠯ ᠣᠯᠭᠤᠭᠰᠠᠨ ᠪᠠᠶᠢᠨ᠎ᠠ᠃      ᠰᠦᠷᠦᠭ ᠲᠣᠰᠬᠤᠨ ᠤ ᠳᠣᠰᠬᠤᠨ ᠤ ᠠᠷᠠᠳ ᠸᠠᠩ ᡁᠢ ᠯᠢᠩ ᠡᠪᠦᠯ ᠤᠨ ᠰᠡᠯᠡᠭᠦᠦ ᠴᠠᠭ ᠲᠤ ᠡᠭᠦᠳᠡᠨ ᠡᠮᠦᠨ᠎ᠡ ᠪᠠᠨ ᠠᠵᠢᠯ ᠣᠯᠣᠭᠰᠠᠨ ᠳᠠᠭᠠᠨ ᠲᠤᠶᠢᠯ ᠢᠶᠠᠷ ᠪᠠᠶᠠᠷᠯᠠᠵᠤ ᠪᠠᠶᠢᠪᠠ᠃ ︽ᠢᠷᠡᠵᠦ ᠠᠵᠢᠯᠯᠠᠭᠠᠳ 2 ᠡᠳᠦᠷ ᠪᠣᠯᠴᠢᠬᠠᠯ᠎ᠠ᠂ ᠡᠳᠦᠷ ᠲᠤ 20 ᠵᠢᠩ ᠠᠴᠠ 30 ᠵᠢᠩ ᠭᠠᠩᠭᠠᠴᠤᠩ ᠰᠠᠯᠭᠠᠨ ᠲᠡᠭᠦᠵᠦ᠂ ᠵᠢᠩ ᠪᠦᠷᠢ ᠶᠢ 3.5 ᠲᠥᠭᠦᠷᠢᠭ ᠢᠶᠠᠷ ᠪᠤᠳᠤᠵᠤ ᠥᠭᠭᠦᠨ᠂ ᠡᠳᠦᠷ ᠲᠤ 100 ᠭᠠᠷᠤᠢ ᠲᠥᠭᠦᠷᠢᠭ ᠣᠯᠴᠢᠬᠠᠨ᠎ᠠ︾ ᠭᠡᠵᠦ ᠲᠡᠷᠡ ᠬᠡᠯᠡᠵᠦ ᠪᠠᠶᠢᠯ᠎ᠠ᠃      ᠹᠧᠩ ᠰᠢᠸ ᠮᠢᠨ ᠭᠠᠩᠭᠠᠴᠤᠩ ᠳᠠᠷᠢᠭᠠᠳ ᠨᠢᠭᠡᠨᠲᠡ 5 ᠵᠢᠯ ᠪᠣᠯᠵᠤ ᠪᠤᠢ᠂ ᠡᠨᠡ ᠬᠦ ᠬᠤᠭᠤᠴᠠᠭᠠᠨ ᠳᠤ ᠲᠡᠷᠡ ᠡᠷᠭᠢᠨ ᠲᠣᠭᠤᠷᠢᠨ ᠤ ᠣᠯᠠᠨ ᠲᠦᠮᠡᠨ ᠤ ᠡᠭᠦᠳᠡᠨ ᠡᠮᠦᠨ᠎ᠡ ᠪᠠᠨ ᠬᠦᠴᠦᠨ ᠤ ᠠᠵᠢᠯ ᠬᠢᠬᠦ ᠶᠢ ᠪᠦᠲᠦᠮᠵᠢᠲᠡᠶ ᠪᠠᠷ ᠳᠠᠶᠢᠴᠢᠯᠠᠵᠠᠢ᠃ ︽ᠡᠨᠡ ᠵᠢᠯ 110 ᠮᠦ ᠭᠠᠩᠭᠠᠴᠤᠩ ᠳᠠᠷᠢᠵᠤ᠂ 11 ᠰᠠᠷ᠎ᠠ ᠶᠢᠨ 4 ᠪ᠊ ᠡᠳᠦᠷ ᠠᠴᠠ ᠡᠬᠢᠯᠡᠨ ᠮᠠᠯᠲᠠᠵᠤ᠂ ᠰᠠᠯᠭᠠᠨ ᠲᠡᠭᠦᠬᠦ᠂ ᠬᠠᠳᠠᠭᠠᠬᠤ ᠵᠡᠷᠭᠡ ᠠᠵᠢᠯ ᠤᠨ ᠠᠵᠢᠯᠴᠢᠨ ᠬᠡᠷᠡᠭᠯᠡᠬᠦ ᠬᠤᠭᠤᠴᠠᠭ᠎ᠠ ᠪᠠᠷᠤᠭ 1 ᠰᠠᠷ᠎ᠠ ᠣᠷᠴᠢᠮ᠂ ᠡᠳᠦᠷ ᠪᠦᠷᠢ ᠶᠢᠨ ᠠᠵᠢᠯᠴᠢᠨ ᠬᠡᠷᠡᠭᠯᠡᠬᠦ ᠬᠥᠮᠥᠨ ᠤ ᠲᠤᠭ᠎ᠠ ᠳᠤᠮᠳᠠᠴᠢ ᠪᠠᠷ ᠪᠠᠷᠤᠭ 40 ᠬᠥᠮᠥᠨ ᠳᠤ ᠭᠦᠷᠥᠨ᠎ᠡ︾ ᠭᠡᠵᠦ ᠹᠧᠩ ᠰᠢᠸ ᠮᠢᠨ ᠲᠠᠨᠢᠯᠴᠠᠭᠤᠯᠤᠨ᠎ᠠ᠃ 5 ᠵᠢᠯ ᠤᠨ ᠲᠤᠷᠰᠢ᠂ ᠹᠧᠩ ᠰᠢᠸ ᠮᠢᠨ ᠭᠠᠩᠭᠠᠴᠤᠩ ᠳᠠᠷᠢᠬᠤ ᠪᠠᠷ ᠳᠠᠮᠵᠢᠨ ᠲᠤᠬᠠᠢ ᠶᠢᠨ ᠭᠠᠵᠠᠷ ᠤᠨ ︽ᠨᠠᠷᠠᠲᠤ ᠬᠥᠮᠥᠨ︾ ᠪᠣᠯᠪᠠ᠃ ᠲᠤᠬᠠᠢ ᠶᠢᠨ ᠭᠠᠵᠠᠷ ᠤᠨ ᠭᠠᠩᠭᠠᠴᠤᠩ ᠨᠢ ᠪᠣᠷᠤᠯᠠᠭᠤᠯᠭ᠎ᠠ ᠰᠠᠶᠢᠲᠠᠢ ᠪᠠᠶᠢᠵᠤ᠂ ᠬᠠᠳᠠᠭᠠᠬᠰᠠᠨ ᠤ ᠳᠠᠷᠠᠭ᠎ᠠ ᠤᠲᠠᠰᠤ ᠠᠪᠤᠭᠰᠠᠭᠠᠷ ᠬᠤᠳᠠᠯᠳᠤᠭᠠᠴᠢᠨ ᠡᠭᠦᠳᠡᠨ ᠳᠤᠨᠢ ᠢᠷᠡᠵᠤ ᠬᠤᠳᠠᠯᠳᠤᠨ ᠠᠪᠳᠠᠭ᠃      ᠣᠶᠢᠯᠠᠭᠠᠭᠰᠠᠨ ᠢᠶᠠᠷ᠂ 2024 ᠣᠨ ᠳᠤ ᠳ᠋ᠦᠩ ᠮᠢᠩ ᠪᠠᠯᠭᠠᠰᠤᠨ ᠤ ᠭᠠᠩᠭᠠᠴᠤᠩ ᠳᠠᠷᠢᠭᠰᠠᠨ ᠲᠠᠯᠠᠪᠠᠶ1.6 ᠲᠦᠮᠡᠨ ᠮᠦ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 700% ᠪᠠᠷ ᠨᠡᠮᠡᠭᠳᠡᠵᠡᠢ᠃ ᠣᠶᠢᠷ᠎ᠠ ᠶᠢᠨ ᠵᠢᠯ ᠠᠴᠠ ᠨᠠᠭᠠᠰᠢ᠂ ᠳ᠋ᠦᠩ ᠮᠢᠩ ᠪᠠᠯᠭᠠᠰᠤ ᠡᠬᠢ ᠪᠠᠶᠠᠯᠢᠭ ᠤᠨ ᠳᠠᠪᠠᠭᠤᠯᠢᠭ ᠢᠶᠠᠨ ᠪᠠᠳᠠᠷᠠᠭᠤᠯᠵᠤ᠂ ᠬᠢᠲᠠᠳ ᠡᠮ ᠤᠨ ᠮᠠᠲ᠋ᠧᠷᠢᠶᠠᠯ ᠤᠨ ᠲᠠᠷᠢᠮᠠᠯ ᠢ ᠲᠠᠷᠢᠶᠠᠯᠠᠩ ᠤᠨ ᠦᠷ᠎ᠡ ᠠᠰᠢᠭ ᠢ ᠨᠡᠮᠡᠭᠳᠡᠭᠦᠯᠬᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠣᠨᠴᠠᠯᠢᠭᠲᠤ ᠠᠵᠤ ᠦᠢᠯᠡᠰ ᠪᠣᠯᠭᠠᠨ᠂ ᠲᠠᠷᠢᠮᠠᠯ ᠤᠨ ᠲᠠᠯᠠᠪᠠᠢ ᠶᠢ ᠲᠠᠰᠤᠷᠠᠯᠲᠠ ᠦᠭᠡᠢ ᠥᠷᠭᠡᠳᠬᠡᠵᠦ᠂ ᠬᠢᠲᠠᠳ ᠡᠮ ᠤᠨ ᠮᠠᠲ᠋ᠧᠷᠢᠶᠠᠯ ᠤᠨ ᠲᠠᠷᠢᠮᠠᠯ ᠢ ᠦᠨᠡᠨ ᠬᠦ ᠤᠯᠠᠨ ᠲᠦᠮᠡᠨ ᠤ ᠣᠷᠣᠯᠭ᠎ᠠ ᠶᠢ ᠨᠡᠮᠡᠭᠳᠡᠭᠦᠯᠬᠦ ︽ᠡᠮ ᠤᠨ ᠵᠣᠷ︾ ᠪᠣᠯᠭᠠᠨ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠪᠠᠲᠤ ᠪᠠᠬᠢ ᠰᠠᠭᠤᠷᠢ ᠲᠠᠯᠪᠢᠵᠤ ᠪᠤᠢ᠃
 
ᠢᠷᠡᠯᠲᠡ᠄ ᠳᠤᠮᠳᠠᠲᠦ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号