ᠣᠷᠳᠣᠰ ᠬᠤᠲᠠ ᠶᠢᠨ ᠠᠷᠪᠠᠰ ᠨᠣᠣᠯᠣᠭᠤᠷ ᠤᠨ ᠢᠮᠠᠭ᠎ᠠ ᠶᠢ ᠥᠨᠳᠥᠷ ᠪᠦᠲᠦᠮᠵᠢᠲᠡᠶ ᠪᠠᠷ ᠦᠷᠡᠵᠢᠭᠦᠯᠦᠨ ᠪᠣᠶᠢᠵᠢᠭᠤᠯᠬᠤ ᠪᠠ ᠣᠶᠤᠨᠴᠢᠯᠠᠨ ᠲᠡᠵᠢᠭᠡᠨ ᠦᠷᠡᠵᠢᠭᠦᠯᠬᠦ ᠵᠠᠩᠭᠢᠯᠠᠭ᠎ᠠ ᠶᠢᠨ ᠮᠡᠷᠭᠡᠵᠢᠯ ᠤᠨ ᠬᠤᠷᠠᠮᠠᠯ ᠬᠢᠭᠡᠳ ᠬᠡᠷᠡᠭᠯᠡᠯᠲᠡ ᠶᠢᠨ ᠲᠥᠷᠥᠯ ᠵᠦᠢᠯ ᠢ ᠵᠢᠩᠬᠢᠨᠢ ᠪᠠᠷ ᠠᠵᠢᠯᠯᠠᠭᠤᠯᠪᠠ
ᠨᠡᠶᠢᠲᠡᠯᠡᠭᠰᠡᠨ ᠴᠠᠭ᠄
2024/12/3
      11 ᠳ᠋ᠦ᠋ᠭᠡᠷ ᠰᠠᠷ᠎ᠠ ᠶᠢᠨ 26 ᠤ ᠡᠳᠦᠷ ᠣᠷᠳᠣᠰ ᠬᠤᠲᠠ ᠶᠢᠨ ᠠᠷᠪᠠᠰ ᠨᠣᠣᠯᠣᠭᠤᠷ ᠤᠨ ᠢᠮᠠᠭ᠎ᠠ ᠶᠢ ᠥᠨᠳᠥᠷ ᠪᠦᠲᠦᠮᠵᠢᠲᠡᠶ ᠪᠠᠷ ᠦᠷᠡᠵᠢᠭᠦᠯᠦᠨ ᠪᠣᠶᠢᠵᠢᠭᠤᠯᠬᠤ ᠪᠠ ᠣᠶᠤᠨᠴᠢᠯᠠᠨ ᠲᠡᠵᠢᠭᠡᠨ ᠦᠷᠡᠵᠢᠭᠦᠯᠬᠦ ᠵᠠᠩᠭᠢᠯᠠᠭ᠎ᠠ ᠶᠢᠨ ᠮᠡᠷᠭᠡᠵᠢᠯ ᠤᠨ ᠬᠤᠷᠠᠮᠠᠯ ᠬᠢᠭᠡᠳ ᠬᠡᠷᠡᠭᠯᠡᠯᠲᠡ ᠶᠢᠨ ᠲᠥᠷᠥᠯ ᠵᠦᠢᠯ ᠢ ᠵᠢᠩᠬᠢᠨᠢ ᠪᠠᠷ ᠠᠵᠢᠯᠯᠠᠭᠤᠯᠪᠠ᠃ ᠲᠣᠰ ᠲᠥᠷᠥᠯ ᠵᠦᠢᠯ ᠪᠣᠯ 2024 ᠣᠨ ᠳᠤ ᠲᠥᠪ ᠠᠴᠠ ᠣᠷᠣᠨ ᠨᠤᠲᠤᠭ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠥᠭᠵᠢᠯᠲᠡ ᠶᠢ ᠬᠥᠲᠥᠯᠥᠨ ᠵᠢᠯᠤᠭᠤᠳᠬᠤ ᠪᠡᠯᠡ ᠮᠥᠩᠭᠦ ᠶᠢᠨ ᠲᠥᠷᠥᠯ ᠵᠦᠢᠯ ᠪᠣᠯᠣᠨ᠎ᠠ᠂ ᠭᠤᠣᠯᠳᠠᠭᠤ ᠣᠷᠳᠣᠰ ᠬᠤᠲᠠ ᠶᠢᠨ ᠨᠣᠣᠯᠣᠭᠤᠷ ᠤᠨ ᠢᠮᠠᠭᠠᠨ ᠤ ᠥᠰᠦᠯᠲᠡ ᠶᠢᠨ ᠣᠨᠴᠠᠯᠢᠭ᠂ ᠦᠷᠡᠵᠢᠯ ᠤᠨ ᠹᠢᠽᠢᠣᠯᠣᠭᠢ ᠶᠢᠨ ᠣᠨᠴᠠᠯᠢᠭ ᠵᠡᠷᠭᠡ ᠶᠢ ᠦᠨᠳᠦᠰᠦᠯᠡᠨ᠂ ᠠᠮᠢᠲᠠᠨ ᠤ ᠰᠢᠮ᠎ᠡ ᠲᠡᠵᠢᠭᠡᠯ᠂ ᠦᠷᠡᠵᠢᠯ᠂ ᠣᠶᠤᠨᠴᠢᠯᠠᠭᠰᠠᠨ ᠲᠡᠵᠢᠭᠡᠨ ᠦᠷᠡᠵᠢᠭᠦᠯᠬᠦ ᠵᠢᠴᠢ ᠬᠠᠮᠢᠶ᠎ᠠ ᠪᠦᠬᠦᠢ ᠰᠢᠨᠵᠢᠯᠡᠭᠡᠨ ᠤ ᠮᠡᠷᠭᠡᠵᠢᠯ ᠢ ᠬᠡᠷᠡᠭᠯᠡᠵᠦ᠂ ᠪᠠᠶᠢᠩᠭᠤ ᠦᠯᠦ ᠬᠡᠷᠡᠭᠯᠡᠬᠦ ᠲᠡᠵᠢᠭᠡᠯ ᠡᠪᠡᠰᠦ ᠪᠣᠷᠳᠣᠭᠠᠨ ᠤ ᠡᠬᠢ ᠪᠠᠶᠠᠯᠢᠭ ᠢ ᠨᠡᠭᠡᠭᠡᠨ ᠬᠥᠭᠵᠢᠭᠦᠯᠬᠦ ᠵᠢᠴᠢ ᠴᠢᠳᠠᠮᠵᠢ ᠶᠢᠨ ᠴᠢᠨᠠᠷᠲᠠᠢ ᠪᠠᠷ ᠠᠭᠤᠳᠠᠯᠤᠨ ᠠᠰᠢᠭᠯᠠᠬᠤ ᠮᠡᠷᠭᠡᠵᠢᠯ᠂ ᠨᠣᠣᠯᠣᠭᠤᠷ ᠤᠨ ᠢᠮᠠᠭᠠᠨ ᠤ ᠥᠨᠳᠥᠷ ᠪᠦᠲᠦᠮᠵᠢᠲᠡᠶ ᠦᠷᠡᠵᠢᠯ ᠤᠨ ᠮᠡᠷᠭᠡᠵᠢᠯ᠂ ᠨᠣᠣᠯᠣᠭᠤᠷ ᠤᠨ ᠢᠮᠠᠭᠠᠨ ᠤ ᠬᠡᠪᠴᠢᠶᠡᠵᠢᠭᠰᠡᠨ ᠮᠠᠯᠵᠢᠯ ᠤᠨ ᠲᠠᠯᠠᠪᠠᠶ ᠶᠢᠨ ᠣᠯᠠᠨ ᠬᠡᠮᠵᠢᠯᠲᠦ ᠴᠢᠨᠠᠷᠲᠠᠢ ᠲᠣᠮᠣ ᠳ᠋ᠠᠶᠢᠲ᠋ᠠ ᠶᠢ ᠴᠤᠭᠯᠠᠭᠤᠯᠤᠨ ᠵᠠᠳᠠᠯᠬᠤ ᠰᠢᠰᠲ᠋ᠧᠮ ᠵᠢᠴᠢ ᠢᠵᠢ ᠪᠦᠷᠢᠳᠦᠭᠰᠡᠨ ᠴᠢᠳᠠᠮᠵᠢ ᠶᠢ ᠬᠡᠮᠵᠢᠨ ᠲᠣᠭᠲᠠᠭᠠᠬᠤ ᠲᠣᠨᠤᠭ ᠲᠥᠬᠦᠭᠡᠷᠦᠮᠵᠢ ᠶᠢ ᠰᠤᠳᠤᠯᠤᠨ ᠨᠡᠭᠡᠭᠡᠬᠦ ᠪᠠ ᠬᠡᠷᠡᠭᠯᠡᠬᠦ ᠪᠠᠷ ᠳᠠᠮᠵᠢᠭᠤᠯᠤᠨ᠂ ᠡᠭᠦᠯᠳᠡᠷ ᠪᠣᠶᠢᠵᠢᠭᠤᠯᠬᠤ᠂ ᠦᠷᠡᠵᠢᠭᠦᠯᠬᠦ᠂ ᠰᠢᠮ᠎ᠡ ᠲᠡᠵᠢᠭᠡᠯ᠂ ᠲᠡᠵᠢᠭᠡᠨ ᠠᠷᠠᠴᠢᠯᠠᠬᠤ ᠬᠠᠮᠢᠶᠠᠷᠤᠯᠲᠠ᠂ ᠣᠶᠤᠨᠴᠢ ᠦᠢᠯᠡᠳᠪᠦᠷᠢᠯᠡᠯ ᠵᠡᠷᠭᠡ ᠵᠠᠩᠭᠢᠯᠠᠭ᠎ᠠ ᠶᠢᠨ ᠮᠡᠷᠭᠡᠵᠢᠯ ᠢ ᠨᠢᠭᠡ ᠴᠣᠭᠴᠠᠵᠢᠭᠤᠯᠤᠭᠰᠠᠨ ᠨᠣᠣᠯᠣᠭᠤᠷ ᠤᠨ ᠢᠮᠠᠭᠠᠨ ᠤ ᠪᠠᠷᠢᠮᠵᠢᠶᠠᠲᠤ ᠮᠠᠯᠵᠢᠯ ᠤᠨ ᠲᠠᠯᠠᠪᠠᠶ ᠶᠢᠨ ᠪᠦᠲᠦᠭᠡᠨ ᠪᠠᠶᠢᠭᠤᠯᠤᠯᠲᠠ ᠶᠢᠨ ᠶᠡᠷᠦᠩᠬᠡᠶᠢᠯᠡᠭᠰᠡᠨ ᠢᠵᠢ ᠪᠦᠷᠢᠳᠦᠭᠦᠯᠬᠦ ᠮᠡᠷᠭᠡᠵᠢᠯ ᠢ ᠪᠣᠶ ᠪᠣᠯᠭᠠᠵᠤ᠂ ᠠᠷᠪᠠᠰ ᠨᠣᠣᠯᠣᠭᠤᠷ ᠤᠨ ᠢᠮᠠᠭᠠᠨ ᠤ ᠬᠡᠪᠴᠢᠶᠡᠵᠢᠯᠲᠡ᠂ ᠪᠠᠷᠢᠮᠵᠢᠶᠠᠵᠢᠭᠤᠯᠤᠯᠲᠠ᠂ ᠣᠶᠤᠨᠴᠢᠯᠠᠭᠰᠠᠨ ᠲᠡᠵᠢᠭᠡᠨ ᠦᠷᠡᠵᠢᠭᠦᠯᠬᠦ ᠶᠢ ᠪᠡᠶᠡᠯᠡᠭᠦᠯᠬᠦ ᠳᠤ ᠮᠡᠷᠭᠡᠵᠢᠯ ᠤᠨ ᠳᠡᠮᠵᠢᠯᠭᠡ ᠬᠠᠩᠭᠠᠨ᠎ᠠ᠃ ︵ᠣᠷᠳᠣᠰ ᠬᠤᠳᠠ ᠶᠢᠨ ᠵᠠᠰᠠᠭ ᠤᠨ ᠣᠷᠳᠣᠨ︶
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号