ᠠᠮᠲᠠᠲᠤ ᠬᠡᠮᠬᠡ ᠶᠢᠨ ᠰᠠᠯᠠᠭ᠎ᠠ ᠶᠢ ᠲᠡᠭᠰᠢᠯᠡᠬᠦ ᠮᠡᠷᠭᠡᠵᠢᠯ
ᠨᠡᠶᠢᠲᠡᠯᠡᠭᠰᠡᠨ ᠴᠠᠭ᠄
2024/3/27
      ᠠᠮᠲᠠᠲᠤ ᠬᠡᠮᠬᠡ ᠶᠢᠨ ᠰᠠᠯᠠᠭᠠᠯᠠᠬᠤ ᠴᠢᠨᠠᠷ ᠨᠢ ᠮᠠᠰᠢ ᠴᠢᠩᠭ᠎ᠠ᠂ ᠣᠯᠠᠩᠬᠢ ᠡᠭᠦᠯᠳᠡᠷ ᠨᠢ ᠦᠷᠡᠲᠦ ᠵᠡᠯ᠎ᠡ ᠪᠠ ᠣᠮᠪᠣᠯᠣ ᠵᠡᠯ᠎ᠡ ᠪᠠᠷ ᠭᠤᠣᠯᠯᠠᠳᠠᠭ᠂ ᠡᠶᠢᠮᠦ ᠠᠴᠠ ᠶᠡᠷᠦ ᠳᠡᠭᠡᠨ ᠦᠷ᠎ᠡ ᠶᠢᠨ ᠴᠢᠬᠢ ᠨᠢ 4-5 ᠬᠡᠰᠡᠭ ᠵᠢᠩᠬᠢᠨᠢ ᠨᠠᠪᠴᠢ ᠲᠠᠢ ᠪᠣᠯᠬᠤ ᠦᠶ᠎ᠡ ᠳᠤ ᠭᠤᠣᠯ ᠢ ᠨᠢ ᠠᠪᠴᠤ᠂ ᠬᠠᠵᠠᠭᠤ ᠶᠢᠨ ᠰᠠᠯᠠᠭ᠎ᠠ ᠶᠢᠨ ᠤᠷᠭᠤᠯᠲᠠ ᠶᠢ ᠠᠬᠢᠭᠤᠯᠳᠠᠭ᠃ ᠨᠢᠯᠬ᠎ᠠ ᠬᠡᠮᠬᠡ ᠰᠠᠭᠤᠭᠰᠠᠨ ᠤ ᠳᠠᠷᠠᠭ᠎ᠠ᠂ ᠳᠠᠬᠢᠨ ᠦᠷᠡᠲᠦ ᠵᠡᠯ᠎ᠡ ᠶᠢᠨ ᠭᠤᠣᠯ ᠢ ᠨᠢ ᠠᠪᠴᠤ᠂ ᠰᠢᠮ᠎ᠡ ᠲᠡᠵᠢᠭᠡᠯ ᠢ ᠨᠢ ᠨᠢᠯᠬ᠎ᠠ ᠬᠡᠮᠬᠡ ᠳᠤ ᠬᠦᠷᠭᠡᠵᠦ᠂ ᠨᠢᠯᠬ᠎ᠠ ᠬᠡᠮᠬᠡ ᠶᠢᠨ ᠲᠣᠮᠣᠷᠠᠬᠤ ᠶᠢ ᠠᠬᠢᠭᠤᠯᠳᠠᠭ᠃      ᠠᠳᠠᠯᠢ ᠪᠤᠰᠤ ᠡᠭᠦᠯᠳᠡᠷ ᠤᠨ ᠭᠤᠸᠠ ᠰᠠᠭᠤᠬᠤ ᠵᠠᠩᠰᠢᠯ ᠢ ᠦᠨᠳᠦᠰᠦᠯᠡᠨ ᠳᠠᠩ ᠵᠡᠯᠡᠲᠦ ᠰᠠᠯᠠᠭ᠎ᠠ ᠪᠠ ᠬᠤᠣᠰ ᠵᠡᠯᠡᠲᠦ ᠰᠠᠯᠠᠭ᠎ᠠ ᠶᠢ ᠲᠡᠭᠰᠢᠯᠡᠵᠦ᠂ ᠬᠥᠬᠡᠨᠠᠭᠤᠷ ᠮᠤᠵᠢ ᠶᠢᠨ ᠡᠩ ᠤᠨ ᠰᠠᠷᠠᠪᠴᠢᠨ ᠳᠤ ᠤᠷᠭᠤᠭᠤᠯᠤᠭᠰᠠᠨ ᠵᠤᠵᠠᠭᠠᠨ ᠬᠠᠯᠢᠰᠤᠲᠤ ᠠᠮᠲᠠᠲᠤ ᠬᠡᠮᠬᠡ ᠶᠢᠨ ᠣᠯᠠᠩᠬᠢ ᠨᠢ ᠳᠠᠩ ᠵᠡᠯᠡᠲᠦ ᠰᠠᠯᠠᠭ᠎ᠠ ᠶᠢ ᠲᠡᠭᠰᠢᠯᠡᠳᠡᠭ᠃ ᠳᠠᠩ ᠵᠡᠯᠡᠲᠦ ᠰᠠᠯᠠᠭ᠎ᠠ ᠶᠢ ᠲᠡᠭᠰᠢᠯᠡᠬᠦ ᠳᠤ ᠭᠤᠣᠯ ᠵᠡᠯᠡᠲᠦ 4-5 ᠬᠡᠰᠡᠭ ᠵᠢᠩᠬᠢᠨᠢ ᠨᠠᠪᠴᠢ ᠶᠢᠨ ᠭᠤᠣᠯ ᠢ ᠨᠢ ᠠᠪᠴᠤ᠂ ᠰᠠᠭᠤᠷᠢ ᠬᠡᠰᠡᠭ ᠲᠤᠨᠢ ᠨᠢᠭᠡ ᠢᠳᠡᠷᠬᠡᠭ ᠦᠷᠡᠲᠦ ᠵᠡᠯ᠎ᠡ ᠦᠯᠡᠳᠡᠭᠡᠵᠦ᠂ ᠪᠤᠰᠤᠳ ᠦᠷᠡᠲᠦ ᠵᠡᠯ᠎ᠡ ᠶᠢ ᠨᠢ ᠪᠦᠬᠦᠨ ᠢ ᠠᠪᠤᠨ᠎ᠠ᠃ ᠦᠷᠡᠲᠦ ᠵᠡᠯ᠎ᠡ ᠶᠢᠨ 7-11 ᠳ᠋ᠤᠭᠡᠷ ᠦᠶ᠎ᠡ ᠳᠤ ᠤᠷᠭᠤᠭᠰᠠᠨ ᠣᠮᠪᠣᠯᠣ ᠵᠡᠯ᠎ᠡ ᠨᠢ ᠭᠤᠸᠠ ᠰᠠᠭᠤᠭᠰᠠᠨ ᠤ ᠰᠡᠭᠦᠯᠡᠷ᠂ ᠭᠤᠸᠠ ᠶᠢᠨ ᠡᠮᠦᠨ᠎ᠡ ᠨᠢ 1-2 ᠬᠡᠰᠡᠭ ᠨᠠᠪᠴᠢ ᠶᠢ ᠦᠯᠡᠳᠡᠭᠡᠵᠦ ᠭᠤᠣᠯ ᠢ ᠨᠢ ᠠᠪᠤᠨ᠎ᠠ᠃ ᠦᠷᠡᠲᠦ ᠵᠡᠯ᠎ᠡ 25-30 ᠨᠠᠪᠴᠢ ᠤᠷᠭᠤᠭᠰᠠᠨ ᠤ ᠳᠠᠷᠠᠭ᠎ᠠ ᠭᠤᠣᠯ ᠢ ᠨᠢ ᠠᠪᠤᠭᠠᠳ᠂ ᠵᠢᠮᠢᠰ ᠰᠠᠭᠤᠬᠤ ᠦᠭᠡᠢ ᠣᠮᠪᠣᠯᠣ ᠵᠡᠯ᠎ᠡ ᠪᠦᠬᠦᠨ ᠢ ᠨᠢ ᠠᠪᠤᠨ᠎ᠠ᠃ ᠨᠢᠮᠭᠡᠨ ᠬᠠᠯᠢᠰᠤᠲᠤ ᠠᠮᠲᠠᠲᠤ ᠬᠡᠮᠬᠡ ᠶᠢᠨ ᠴᠢᠬᠢ ᠶᠡᠷᠦ ᠳᠡᠭᠡᠨ 5 ᠬᠡᠰᠡᠭ ᠵᠢᠩᠬᠢᠨᠢ ᠨᠠᠪᠴᠢ ᠤᠷᠭᠤᠭᠰᠠᠨ ᠤ ᠳᠠᠷᠠᠭ᠎ᠠ ᠭᠤᠣᠯ ᠢ ᠨᠢ ᠠᠪᠴᠤ᠂ ᠬᠠᠵᠠᠭᠤ ᠶᠢᠨ 4 ᠵᠡᠯ᠎ᠡ ᠶᠢ ᠦᠯᠡᠳᠡᠭᠡᠭᠡᠳ᠂ ᠣᠮᠪᠣᠯᠤ ᠵᠡᠯ᠎ᠡ ᠤᠷᠭᠤᠭᠰᠠᠨ ᠤ ᠳᠠᠷᠠᠭ᠎ᠠ᠂ ᠣᠮᠪᠣᠯᠤ ᠵᠡᠯ᠎ᠡ ᠳᠡᠭᠡᠷ᠎ᠡ ᠨᠢ ᠴᠡᠴᠡᠭ ᠭᠤᠸᠠ ᠦᠯᠡᠳᠡᠭᠡᠳᠡᠭ᠃ ᠣᠮᠪᠣᠯᠤ ᠵᠡᠯ᠎ᠡ ᠶᠢᠨ ᠭᠤᠸᠠ ᠶᠢᠨ ᠡᠮᠦᠨ᠎ᠡ 3-4 ᠨᠠᠪᠴᠢ ᠶᠢ ᠦᠯᠡᠳᠡᠭᠡᠵᠦ ᠭᠤᠣᠯ ᠢ ᠨᠢ ᠠᠪᠤᠨ᠎ᠠ᠃ ᠶᠡᠷᠦ ᠶᠢᠨ ᠪᠠᠶᠢᠳᠠᠯ ᠳᠤ ᠰᠠᠭᠤᠷᠢ ᠪᠦᠷᠢ ᠳᠤ 4-6 ᠭᠤᠸᠠ ᠦᠯᠡᠳᠡᠭᠡᠵᠦ᠂ ᠭᠤᠸᠠ ᠰᠠᠭᠤᠭᠰᠠᠨ ᠤ ᠳᠠᠷᠠᠭ᠎ᠠ ᠲᠡᠭᠦᠨ ᠤ ᠤᠷᠭᠤᠯᠲᠠ ᠶᠢ ᠳᠤᠷ᠎ᠠ ᠪᠠᠷ ᠨᠢ ᠲᠠᠯᠪᠢᠭᠠᠳ ᠰᠠᠯᠠᠭ᠎ᠠ ᠶᠢ ᠨᠢ ᠲᠡᠭᠰᠢᠯᠡᠬᠦ ᠪᠠᠨ ᠪᠣᠯᠢᠳᠠᠭ᠃
 
ᠢᠷᠡᠯᠲᠡ᠄ ᠪᠤᠭᠤᠲᠤ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号