ᠵᠣᠨ ᠤ ᠤᠯᠠᠷᠢᠯ ᠪᠣᠯ ᠲᠡᠵᠢᠭᠡᠯ ᠡᠪᠡᠰᠦᠨ ᠤ ᠦᠢᠯᠡᠳᠪᠦᠷᠢᠯᠡᠯ ᠤᠨ ᠬᠥᠭᠵᠢᠯᠲᠡᠢ ᠤᠯᠠᠷᠢᠯ᠂ ᠮᠥᠨ ᠴᠦ | ᠢᠮᠠᠭᠠᠨ ᠤ ᠥᠰᠦᠯᠲᠡ ᠦᠷᠡᠵᠢᠯᠳᠡ ᠶᠢᠨ ᠬᠥᠭᠵᠢᠯᠲᠡᠢ ᠤᠯᠠᠷᠢᠯ ᠮᠥᠨ᠃ ᠭᠡᠪᠡᠴᠦ ᠵᠣᠨ ᠤ ᠤᠯᠠᠷᠢᠯ ᠳᠤ ᠠᠭᠠᠷ ᠤᠨ | ᠳᠤᠯᠠᠭᠠᠨ ᠥᠨᠳᠥᠷ᠂ ᠴᠢᠭᠢᠭᠲᠦᠴᠡ ᠶᠡᠭᠡ᠂ ᠰᠢᠮᠠᠭᠤᠯ ᠬᠤᠷᠣᠬᠠᠢ ᠠᠷᠪᠢᠨ᠂ ᠸᠢᠷᠦ᠋ᠰ ᠪᠠᠺᠲ᠋ᠧᠷᠢ ᠶᠢᠨ ᠦᠷᠡᠵᠢᠯᠲᠡ | ᠲᠦᠷᠭᠡᠨ ᠪᠠᠶᠢᠳᠠᠭ᠃ ᠬᠡᠷᠪᠡ ᠬᠠᠮᠢᠶᠠᠷᠤᠯᠲᠠ ᠶᠢ ᠠᠩᠬᠠᠷᠬᠤ ᠦᠭᠡᠢ ᠪᠣᠯ ᠬᠤᠨᠢ ᠢᠮᠠᠭᠠᠨ ᠤ ᠡᠪᠡᠳᠴᠢᠨ ᠡᠮᠭᠡᠭ ᠢ | ᠠᠮᠠᠷᠬᠠᠨ ᠡᠭᠦᠰᠬᠡᠵᠦ᠂ ᠴᠢᠨᠠᠭᠰᠢᠯᠠᠪᠠᠯ ᠦᠬᠦᠵᠦ᠂ ᠬᠤᠨᠢ ᠢᠮᠠᠭᠠᠨ ᠤ ᠬᠥᠭᠵᠢᠯᠲᠡ ᠶᠢ ᠬᠦᠨᠳᠦ ᠨᠣᠴᠢᠲᠠᠢ | ᠬᠢᠵᠠᠭᠠᠷᠯᠠᠳᠠᠭ᠃ | ︽ᠴᠡᠭᠡᠷᠯᠡᠯ ᠨᠢᠭᠡ︾ ᠦᠳᠡ ᠳᠤ ᠮᠠᠯ ᠬᠠᠷᠢᠭᠤᠯᠬᠤ ᠶᠢ ᠴᠡᠭᠡᠷᠯᠡᠵᠦ᠂ ᠬᠤᠨᠢ ᠨᠠᠷᠠᠰᠢᠬᠤ ᠠᠴᠠ ᠰᠡᠷᠭᠡᠶᠢᠯᠡᠬᠦ | ᠬᠡᠷᠡᠭᠲᠡᠢ᠃ | ᠮᠠᠯ ᠬᠠᠷᠢᠭᠤᠯᠠᠬᠤ ᠳᠤ ᠦᠳᠡ ᠶᠢᠨ ᠡᠮᠦᠨ᠎ᠡ ᠪᠤᠶᠤ ᠦᠳᠡᠰᠢ ᠶᠢᠨ ᠦᠶ᠎ᠡ ᠪᠠᠷ ᠬᠠᠷᠢᠭᠤᠯᠠᠪᠠᠯ ᠵᠤᠬᠢᠰᠲᠠᠢ | ᠪᠠᠶᠢᠵᠤ᠂ ᠬᠡᠳᠤ ᠡᠷᠲᠡ ᠬᠠᠷᠢᠭᠤᠯᠠᠵᠤ ᠪᠣᠯᠬᠤ ᠦᠭᠡᠢ᠃ ᠬᠤᠨᠢ ᠢᠮᠠᠭ᠎ᠠ ᠰᠢᠭᠦᠳᠡᠷᠢ ᠶᠢᠨ ᠤᠰᠤ ᠲᠠᠢ ᠡᠪᠡᠰᠦ ᠶᠢ | ᠢᠳᠡᠪᠡᠯ ᠠᠮᠠᠷᠬᠠᠨ ᠠᠮᠠᠷᠠᠤᠳᠠᠳᠠᠭ︔ ᠬᠠᠷᠢᠭᠤᠯᠠᠬᠤ ᠴᠠᠭ ᠢ ᠡᠷᠲᠡ ᠪᠠᠷᠠᠭᠤᠨ ᠡᠮᠦᠨ᠎ᠡ ᠣᠷᠣᠢ ᠵᠡᠭᠦᠨ ᠬᠤᠶᠢᠲᠤ | ᠵᠦᠭ ᠲᠤ ᠳᠠᠷᠤᠢ ᠦᠳᠡ ᠶᠢᠨ ᠡᠮᠦᠨ᠎ᠡ ᠠᠭᠤᠯᠠᠨ ᠬᠥᠲᠥᠯ ᠤᠨ ᠪᠠᠷᠠᠭᠤᠨ ᠡᠮᠦᠨ᠎ᠡ ᠲᠠᠯ᠎ᠠ ᠳᠤ ᠲᠠᠯᠪᠢᠵᠤ᠂ | ᠦᠳᠡ ᠶᠢᠨ ᠬᠤᠶᠢᠨ᠎ᠠ ᠠᠭᠤᠯᠠᠨ ᠬᠥᠲᠥᠯ ᠤᠨ ᠵᠡᠭᠦᠨ ᠬᠤᠶᠢᠲᠤ ᠲᠠᠯ᠎ᠠ᠂ ᠨᠠᠷᠠᠨ ᠳᠤ ᠰᠢᠭᠤᠳ ᠰᠢᠷᠠᠭᠳᠠᠬᠤ ᠠᠴᠠ | ᠪᠣᠯᠭᠤᠮᠵᠢᠯᠠᠵᠤ᠂ ᠬᠤᠨᠢ ᠨᠠᠷᠠᠰᠢᠬᠤ ᠠᠴᠠ ᠰᠡᠷᠭᠡᠶᠢᠯᠡᠬᠦ ᠬᠡᠷᠡᠭᠲᠡᠢ᠃ | ︽ᠴᠡᠭᠡᠷᠯᠡᠯ ᠬᠤᠶᠠᠷ︾ ᠬᠤᠨᠢ ᠶᠢ ᠠᠷᠢᠭᠤᠳᠬᠠᠨ ᠬᠤᠷᠣᠬᠠᠢ ᠶᠢ ᠨᠢ ᠴᠣᠬᠢᠵᠤ᠂ ᠬᠤᠨᠢᠨ ᠤ ᠬᠤᠣᠷᠳᠠᠭᠳᠠᠬᠤ ᠶᠢ | ᠰᠡᠷᠭᠡᠶᠢᠯᠡᠬᠦ ᠬᠡᠷᠡᠭᠲᠡᠢ᠃ | ᠵᠣᠨ ᠤ ᠴᠠᠭ ᠪᠣᠯ ᠮᠦᠨᠴᠦ ᠪᠠᠺᠲ᠋ᠧᠷᠢ ᠶᠢᠨ ᠸᠢᠷᠦ᠋ᠰ᠂ ᠰᠢᠮᠡᠭᠦᠷ ᠬᠤᠷᠣᠬᠠᠢ ᠶᠢᠨ ᠦᠷᠡᠵᠢᠯ ᠤᠨ ᠬᠥᠭᠵᠢᠯᠲᠡᠢ | ᠤᠯᠠᠷᠢᠯ ᠪᠣᠯᠬᠤᠷ ᠮᠠᠰᠢ ᠣᠯᠠᠨ ᠲᠡᠵᠢᠭᠡᠨ ᠦᠷᠡᠵᠢᠭᠦᠯᠬᠦ ᠡᠷᠦᠬᠡ ᠨᠢ ᠲᠥᠬᠦᠮ ᠲᠦᠷᠭᠡᠨ᠂ ᠴᠠᠭ ᠢ ᠠᠷᠪᠢᠯᠠᠬᠤ ᠶᠢᠨ | ᠲᠥᠯᠥᠭᠡ ᠬᠤᠨᠢ ᠪᠠᠨ ᠠᠪᠴᠤ ᠠᠷᠢᠭᠤᠳᠬᠠᠨ᠂ ᠬᠤᠷᠣᠬᠠᠢ ᠠᠯᠠᠳᠠᠭ᠃ ᠭᠡᠶ᠎ᠡ ᠵᠣᠬᠢᠰᠲᠠᠢ ᠰᠢᠢᠳᠪᠦᠷᠢᠯᠡᠭᠰᠡᠨ | ᠦᠭᠡᠢ ᠪᠤᠯ ᠬᠤᠨᠢᠨ ᠤ ᠰᠦᠷᠦᠭ ᠲᠤ ᠬᠥᠩᠭᠡᠨ ᠬᠤᠣᠷᠳᠠᠭᠳᠠᠬᠤ ᠪᠤᠶᠤ ᠤᠳᠠᠭᠠᠨ ᠬᠤᠤᠷᠳᠠᠭᠳᠠᠬᠤ ᠪᠠᠶᠢᠳᠠᠯ | ᠢᠯᠡᠷᠡᠵᠦ᠂ ᠬᠤᠨᠢᠨ ᠤ ᠥᠰᠦᠯᠲᠡ ᠪᠤᠶᠢᠵᠢᠯᠲᠠ ᠶᠢ ᠨᠥᠯᠥᠭᠡᠯᠡᠳᠡᠭ᠃ | ︽ᠴᠡᠭᠡᠷᠯᠡᠯ ᠭᠤᠷᠪᠠ︾ ᠬᠤᠨᠢᠨ ᠤ ᠰᠠᠷᠠᠪᠴᠢ ᠪᠤᠵᠠᠷᠳᠤᠭᠰᠠᠨ ᠠᠴᠠ ᠪᠣᠯᠵᠤ ᠡᠪᠡᠳᠴᠢᠨ ᠡᠮᠭᠡᠭ ᠲᠤ | ᠨᠡᠷᠪᠡᠭᠳᠡᠬᠦ ᠠᠴᠠ ᠰᠡᠷᠭᠡᠶᠢᠯᠡᠬᠦ ᠬᠡᠷᠡᠭᠲᠡᠢ᠃ | ᠵᠤᠨ ᠤ ᠤᠯᠠᠷᠢᠯ ᠳᠤ ᠬᠤᠨᠢᠨ ᠤ ᠢᠯᠭᠠᠳᠠᠰᠤᠨ ᠤ ᠢᠰᠬᠡᠯᠲᠡ ᠲᠦᠷᠭᠡᠨ᠂ ᠰᠢᠪᠲᠦᠷ ᠤᠨ ᠬᠡᠢ ᠠᠷᠪᠢᠨ᠂ ᠡᠨᠡ | ᠨᠢ ᠬᠤᠨᠢᠨ ᠤ ᠨᠡᠶᠢᠯᠡᠮᠡᠯ ᠪᠦᠷᠬᠦᠪᠴᠢ ᠶᠢᠨ ᠡᠪᠡᠷᠯᠢᠭ ᠪᠦᠷᠬᠦᠪᠴᠢ ᠶᠢᠨ ᠦᠷᠪᠢᠰᠦᠯ ᠢ ᠠᠮᠠᠷᠬᠠᠨ ᠡᠭᠦᠰᠬᠡᠵᠦ᠂ ᠴᠠᠭᠠᠨ | ᠬᠠᠷᠠᠩ ᠢ ᠡᠭᠦᠰᠬᠡᠵᠦ᠂ ᠬᠦᠨᠳᠦ ᠨᠣᠴᠢᠲᠠᠢ ᠨᠢ ᠬᠠᠷᠠᠭ᠎ᠠ ᠠᠯᠳᠠᠵᠤ᠂ ᠬᠤᠨᠢᠨ ᠤ ᠢᠳᠡᠰᠢᠯᠡᠬᠦ ᠶᠢ ᠰᠢᠭᠤᠳ | ᠨᠥᠯᠥᠭᠡᠯᠡᠳᠡᠭ᠃ ᠪᠠᠰᠠ ᠠᠮᠢᠰᠬᠤᠯ ᠤᠨ ᠵᠠᠮ ᠵᠡᠷᠭᠡ ᠡᠪᠡᠳᠴᠢᠨ ᠢ ᠡᠭᠦᠰᠬᠡᠳᠡᠭ᠃ | ︽ᠴᠢᠩᠭᠠᠳᠬᠠᠯ ᠨᠢᠭᠡ︾ ᠬᠤᠨᠢᠨ ᠰᠦᠷᠦᠭ ᠤᠨ ᠬᠠᠮᠢᠶᠠᠷᠤᠯᠲᠠ ᠶᠢ ᠴᠢᠩᠭᠠᠳᠬᠠᠬᠤ ᠬᠡᠷᠡᠭᠲᠡᠢ᠃ | ᠨᠢᠭᠡ ᠳᠤ ᠨᠠᠷᠢᠯᠢᠭ ᠳᠠᠪᠤᠰᠤ ᠶᠢ ᠨᠥᠬᠦᠪᠦᠷᠢᠯᠡᠬᠦ ᠬᠡᠷᠡᠭᠲᠡᠢ᠃ ᠵᠤᠨ ᠤ ᠤᠯᠠᠷᠢᠯ ᠤᠨ ᠥᠨᠳᠥᠷ ᠬᠠᠯᠠᠭᠤᠨ ᠳᠤ | ᠬᠤᠨᠢᠨ ᠤ ᠰᠦᠷᠦᠭ ᠤᠨ ᠭᠦᠢᠴᠡᠳ ᠴᠡᠪᠡᠷ ᠤᠰᠤ ᠤᠮᠳᠠ ᠲᠠᠢ ᠪᠠᠶᠢᠯᠭᠠᠬᠤ ᠶᠢᠨ ᠬᠠᠮᠲᠤ ᠬᠤᠨᠢ ᠪᠦᠷᠢ ᠳᠤ 5—9 | ᠭᠷᠡᠮ ᠳᠠᠪᠤᠰᠤ ᠨᠥᠬᠦᠪᠦᠷᠢᠯᠡᠵᠦ᠂ ᠬᠤᠨᠢᠨ ᠤ ᠪᠡᠶ᠎ᠡ ᠶᠢᠨ ᠳᠣᠲᠣᠷᠠᠬᠢ ᠬᠦᠴᠢᠯ ᠱᠦᠯᠲᠦ ᠶᠢᠨ ᠲᠡᠩᠴᠡᠭᠦᠷᠢ ᠶᠢ | ᠲᠣᠬᠢᠷᠠᠭᠤᠯᠬᠤ ᠬᠡᠷᠡᠭᠲᠡᠢ᠃ ᠬᠤᠶᠠᠷ ᠲᠤ ᠬᠤᠨᠢᠨ ᠰᠦᠷᠦᠭ ᠢᠶᠠᠨ ᠨᠠᠷᠢᠨ ᠨᠢᠮᠪᠠᠢ ᠬᠠᠷᠠᠵᠤ ᠬᠠᠮᠢᠶᠠᠷᠬᠤ ᠬᠡᠷᠡᠭᠲᠡᠢ᠃ | ᠥᠷᠯᠥᠭᠡ ᠡᠷᠲᠡ᠂ ᠬᠠᠷᠢᠭᠤᠯᠵᠤ ᠪᠠᠶᠢᠬᠤ ᠦᠶ᠎ᠡ ᠳᠤ᠂ ᠰᠥᠨᠢ ᠳᠡᠭᠡᠨ ᠬᠤᠨᠢᠨ ᠤ ᠰᠦᠷᠦᠭ ᠤᠨ ᠬᠥᠳᠡᠯᠦᠯ ᠪᠠᠶᠢᠳᠠᠯ ᠢ | ᠨᠠᠷᠢᠨ ᠠᠵᠢᠭᠯᠠᠵᠤ᠂ ︽ᠨᠢᠭᠡ ᠰᠣᠨᠣᠰᠴᠤ ᠭᠤᠷᠪᠠ ᠠᠵᠢᠭᠯᠠᠬᠤ︾ ᠳᠠᠷᠤᠢ ᠠᠮᠢᠰᠬᠤᠯ ᠢ ᠰᠣᠨᠣᠰᠬᠤ ᠳᠤ ᠴᠡᠷ ᠲᠠᠢ | ᠬᠠᠨᠢᠶᠠᠵᠤ ᠪᠠᠶᠢᠬᠤ ᠡᠰᠡᠬᠦ᠂ ᠬᠤᠨᠢᠨ ᠤ ᠪᠡᠶ᠎ᠡ ᠶᠢᠨ ᠪᠠᠶᠢᠳᠠᠯ ᠬᠡᠪ ᠤᠨ ᠪᠠᠶᠢᠬᠤ ᠡᠰᠡᠬᠦ᠂ ᠪᠡᠶ᠎ᠡ ᠶᠢᠨ ᠭᠠᠳᠠᠨ᠎ᠠ ᠰᠢᠮᠡᠭᠦᠷ | ᠬᠤᠷᠣᠬᠠᠢ ᠪᠠᠶᠢᠬᠤ ᠡᠰᠡᠬᠦ᠂ ᠬᠤᠨᠢᠨ ᠤ ᠢᠳᠡᠰᠢ ᠠᠪᠬᠤ ᠪᠠ ᠢᠯᠭᠠᠳᠠᠰᠤ ᠪᠠᠷ ᠬᠡᠪ ᠤᠨ ᠪᠤᠰᠤ ᠪᠠᠶᠢᠬᠤ ᠡᠰᠡᠬᠦ ᠶᠢ | ᠠᠵᠢᠭᠯᠠᠵᠤ᠂ ᠬᠡᠪ ᠤᠨ ᠪᠤᠰᠤ ᠪᠠᠶᠢᠳᠠᠯ ᠭᠠᠷᠪᠠᠯ ᠴᠠᠭ ᠲᠤᠬᠠᠢ ᠳᠤᠨᠢ ᠡᠮᠨᠡᠭᠦᠯᠵᠦ᠂ ᠡᠷᠲᠡ ᠠᠴᠠ ᠮᠡᠳᠡᠵᠦ ᠡᠷᠲᠡ ᠠᠴᠠ | ᠡᠮᠨᠡᠨ ᠵᠠᠰᠠᠬᠤ ᠬᠡᠷᠡᠭᠲᠡᠢ᠃ ᠭᠤᠷᠪᠠ ᠳᠤ ᠥᠨᠳᠥᠷ ᠭᠠᠵᠠᠷ ᠲᠤ ᠮᠠᠯ ᠬᠠᠷᠢᠭᠤᠯᠬᠤ ᠬᠡᠷᠡᠭᠲᠡᠢ᠃ ᠨᠠᠮ ᠳᠣᠣᠷ᠎ᠠ | ᠴᠢᠭᠢᠭᠯᠢᠭ ᠭᠠᠵᠠᠷ ᠲᠤ ᠮᠠᠯ ᠬᠠᠷᠢᠭᠤᠯᠬᠤ ᠶᠢ ᠴᠡᠭᠡᠷᠯᠡᠵᠦ᠂ ᠭᠠᠵᠠᠷ ᠤᠨ ᠪᠠᠶᠢᠴᠠ ᠨᠢ ᠨᠡᠯᠢᠶᠡᠳ ᠥᠨᠳᠥᠷ᠂ ᠨᠥᠮᠥᠷᠢ | ᠲᠠᠢ᠂ ᠨᠠᠷᠠ ᠥᠭᠡᠳᠡ ᠬᠠᠨᠳᠤᠭᠰᠠᠨ᠂ ᠡᠪᠡᠰᠦᠨ ᠤ ᠤᠷᠭᠤᠯᠲᠠ ᠰᠠᠶᠢᠨ ᠭᠠᠵᠠᠷ ᠢ ᠰᠣᠩᠭᠤᠬᠤ ᠬᠡᠷᠡᠭᠲᠡᠢ᠃ | ︽ᠴᠢᠩᠭᠠᠳᠬᠠᠯ ᠬᠤᠶᠠᠷ︾ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠢ ᠴᠢᠩᠭᠠᠳᠬᠠᠬᠤ ᠬᠡᠷᠡᠭᠲᠡᠢ᠃ | ᠬᠤᠨᠢᠨ ᠤ ᠬᠠᠰᠢᠶ᠎ᠠ ᠰᠠᠷᠠᠪᠴᠢ ᠶᠢ ᠬᠠᠭᠤᠷᠠᠢ᠂ ᠠᠷᠢᠭᠤᠨ ᠴᠡᠪᠡᠷ᠂ ᠰᠠᠯᠬᠢ ᠨᠡᠪᠳᠡᠷᠡᠬᠦ ᠶᠢ ᠪᠠᠲᠤᠯᠠᠬᠤ | ᠬᠡᠷᠡᠭᠲᠡᠢ᠃ ᠬᠤᠨᠢᠨ ᠤ ᠰᠠᠷᠠᠪᠴᠢ᠂ ᠬᠦᠳᠡᠯᠭᠡᠭᠡᠨ ᠤ ᠲᠠᠯᠠᠪᠤᠷ ᠢ ᠡᠳᠦᠷ ᠪᠦᠷᠢ ᠨᠢᠭᠡ ᠤᠳᠠᠭ᠎ᠠ ᠴᠡᠪᠡᠷᠯᠡᠵᠦ᠂ ᠭᠠᠷᠠᠭ | ᠪᠦᠷᠢ ᠨᠢᠭᠡ ᠤᠳᠠᠭ᠎ᠠ ᠠᠷᠢᠭᠤᠳᠬᠠᠬᠤ ᠬᠡᠷᠡᠭᠲᠡᠢ᠃ ᠠᠷᠢᠭᠤᠳᠬᠠᠭᠴᠢ ᠡᠮ ᠢ ᠡᠭᠡᠯᠵᠢᠯᠡᠨ ᠬᠡᠷᠡᠭᠯᠡᠬᠦ ᠬᠡᠷᠡᠭᠲᠡᠢ᠃ | ︽ᠴᠢᠩᠭᠠᠳᠬᠠᠯ ᠭᠤᠷᠪᠠ︾ ᠬᠢᠵᠢᠭ ᠢ ᠰᠡᠷᠭᠡᠶᠢᠯᠡᠨ ᠬᠤᠷᠣᠬᠠᠢ ᠶᠢ ᠬᠥᠭᠡᠭᠡᠬᠦ ᠠᠵᠢᠯ ᠢ ᠴᠢᠩᠭᠠᠳᠬᠠᠬᠤ | ᠬᠡᠷᠡᠭᠲᠡᠢ᠃ | ᠬᠤᠨᠢ ᠢᠮᠠᠭᠠᠨ ᠤ ᠲᠠᠯᠠᠪᠤᠷ ᠭᠠᠵᠠᠷ ᠤᠨ ᠭᠠᠵᠠᠷ ᠣᠷᠣᠨ᠂ ᠣᠷᠴᠢᠨ ᠲᠣᠭᠤᠷᠢᠨ ᠵᠡᠷᠭᠡ ᠨᠥᠬᠦᠴᠡᠯ ᠢ | ᠦᠨᠳᠦᠰᠦᠯᠡᠨ ᠡᠪᠡᠳᠴᠢᠨ ᠡᠮᠭᠡᠭ ᠢ ᠥᠯᠥ ᠬᠠᠯᠳᠠᠭᠠᠬᠤ᠂ ᠬᠤᠷᠣᠬᠠᠢ ᠶᠢ ᠰᠡᠷᠭᠡᠶᠢᠯᠡᠬᠦ ᠰᠢᠨᠵᠢᠯᠡᠬᠦ ᠤᠬᠠᠭᠠᠨᠴᠢ ᠵᠦᠢ | ᠵᠣᠬᠢᠰᠲᠠᠢ ᠲᠠᠰ ᠳᠠᠷᠠᠭᠠᠯᠠᠯ ᠢ ᠲᠣᠭᠲᠠᠭᠠᠵᠤ᠂ ᠲᠠᠰ ᠳᠠᠷᠠᠭᠠᠯᠠᠯ ᠢ ᠦᠨᠳᠦᠰᠦᠯᠡᠨ ᠬᠤᠨᠢ ᠢᠮᠠᠭᠠᠨ ᠤ ᠰᠢᠯᠦᠬᠡᠢ | ᠡᠪᠡᠳᠴᠢᠨ᠂ ᠬᠤᠨᠢᠨ ᠤ ᠭᠤᠷᠪᠠ ᠶᠢ ᠬᠤᠯᠪᠣᠵᠤ ᠳᠥᠷᠪᠡ ᠶᠢ ᠰᠡᠷᠭᠡᠶᠢᠯᠡᠬᠦ᠂ ᠬᠤᠨᠢᠨ ᠤ ᠪᠤᠳᠤ᠂ ᠬᠤᠨᠢᠨ ᠤ | ᠬᠠᠯᠳᠠᠪᠤᠷᠢᠲᠤ ᠴᠢᠨᠠᠷᠲᠠᠢ ᠴᠡᠭᠡᠵᠢᠨ ᠪᠦᠷᠬᠦᠪᠴᠢ ᠶᠢᠨ ᠠᠭᠤᠰᠬᠢᠨ ᠤ ᠦᠷᠪᠢᠰᠦᠯ ᠢ ᠰᠡᠷᠭᠡᠶᠢᠯᠡᠬᠦ ᠵᠡᠷᠭᠡ ᠸᠠᠺᠼᠢᠨ ᠤ | ᠲᠠᠷᠢᠯᠭ᠎ᠠ ᠬᠢᠵᠦ᠂ ᠸᠠᠺᠼᠢᠨ ᠤ ᠲᠠᠷᠢᠯᠭ᠎ᠠ ᠶᠢ 7︱15 ᠡᠳᠦᠷ ᠬᠢᠬᠦ ᠶᠢᠨ ᠬᠠᠮᠲᠤ ᠰᠠᠶᠢᠲᠤᠷ ᠳᠡᠩᠰᠡᠯᠡᠨ | ᠲᠡᠮᠳᠡᠭᠯᠡᠵᠦ ᠂ ᠴᠠᠭ ᠲᠤᠬᠠᠢ ᠳᠤᠨᠢ ᠨᠥᠬᠦᠬᠦ ᠬᠡᠷᠡᠭᠲᠡᠢ᠃ ᠬᠡᠷᠪᠡ ᠬᠢᠵᠢᠭ ᠡᠪᠡᠳᠴᠢᠨ ᠡᠭᠦᠰᠪᠡᠯ ᠴᠠᠭ ᠲᠤᠬᠠᠢ ᠳᠤᠨᠢ | ᠲᠤᠰᠠᠭᠠᠷᠯᠠᠵᠤ ᠡᠮᠨᠡᠭᠦᠯᠬᠦ ᠬᠡᠷᠡᠭᠲᠡᠢ᠃ |