ᠤᠯᠠᠭᠠᠨᠬᠠᠳᠠ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠭᠠᠳᠠᠨ᠎ᠠ ᠠᠴᠠ ᠣᠷᠣᠵᠤ ᠢᠷᠡᠭᠰᠡᠨ ᠤᠷᠭᠤᠮᠠᠯ ᠢ ᠰᠡᠷᠭᠡᠶᠢᠯᠡᠨ ᠠᠷᠢᠯᠭᠠᠬᠤ ᠲᠤᠷᠰᠢᠯᠲᠠ ᠪᠠ ᠪᠠᠶᠢᠩᠭᠤᠵᠢᠭᠤᠯᠤᠨ ᠬᠢᠨᠠᠨ ᠬᠡᠮᠵᠢᠬᠦ ᠴᠡᠭ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠥᠷᠨᠢᠭᠦᠯᠪᠡ
ᠨᠡᠶᠢᠲᠡᠯᠡᠭᠰᠡᠨ ᠴᠠᠭ᠄
2024/6/11
      2024 ᠣᠨ ᠳᠤ ᠭᠠᠳᠠᠨ᠎ᠠ ᠠᠴᠠ ᠣᠷᠣᠵᠤ ᠢᠷᠡᠭᠰᠡᠨ ᠤᠷᠭᠤᠮᠠᠯ ᠤᠨ ᠼᠢ ᠧ ᠯᠦᠩ ᠺᠦᠢ ᠪᠠ ᠣᠷᠳᠣ ᠦᠷᠭᠡᠰᠦᠲᠦ ᠵᠠᠩᠭᠤᠤ ᠡᠪᠡᠰᠦ ᠶᠢ ᠪᠠᠶᠢᠩᠭᠤᠵᠢᠭᠤᠯᠤᠨ ᠬᠢᠨᠠᠨ ᠬᠡᠮᠵᠢᠬᠦ ᠪᠠ ᠬᠢᠮᠢ ᠶᠢᠨ ᠰᠡᠷᠭᠡᠶᠢᠯᠡᠯᠲᠡ ᠶᠢᠨ ᠲᠤᠷᠰᠢᠯᠲᠠ ᠶᠢ ᠤᠷᠤᠭᠰᠢᠲᠠᠢ ᠥᠷᠨᠢᠭᠦᠯᠬᠦ ᠶᠢ ᠦᠨᠡᠨ ᠬᠦ ᠪᠠᠲᠤᠯᠠᠬᠤ ᠶᠢᠨ ᠲᠥᠯᠥᠭᠡ᠂ 6 ᠰᠠᠷ᠎ᠠ ᠶᠢᠨ 3 ᠤ ᠡᠳᠦᠷ ᠠᠴᠠ 7 ᠤ ᠡᠳᠦᠷ ᠪᠣᠯᠲᠠᠯ᠎ᠠ᠂ ᠤᠯᠠᠭᠠᠨᠬᠠᠳᠠ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠲᠠᠷᠢᠶᠠᠯᠠᠩ ᠮᠠᠯ ᠠᠵᠤ ᠠᠬᠤᠢ ᠶᠢᠨ ᠠᠮᠢ ᠠᠬᠤᠢ ᠬᠢᠭᠡᠳ ᠡᠬᠢ ᠪᠠᠶᠠᠯᠢᠭ ᠤᠨ ᠬᠠᠮᠠᠭᠠᠯᠠᠯᠲᠠ ᠶᠢᠨ ᠰᠠᠯᠠᠭᠠᠨ ᠤ ᠮᠡᠷᠭᠡᠵᠢᠯᠲᠡᠨ ᠨᠠᠷ ᠲᠣᠰ ᠲᠣᠰ ᠪᠠᠭᠠᠷᠢᠨ ᠵᠡᠭᠦᠨ ᠬᠤᠰᠢᠭᠤᠨ ᠳᠤ ᠬᠦᠷᠴᠦ ᠼᠢ ᠧ ᠯᠦᠩ ᠺᠦᠢ ᠶᠢᠨ ᠬᠢᠮᠢ ᠶᠢᠨ ᠰᠡᠷᠭᠡᠶᠢᠯᠡᠯᠲᠡ ᠶᠢᠨ ᠲᠤᠷᠰᠢᠯᠲᠠ ᠶᠢᠨ ᠵᠢᠵᠢᠭ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢ ᠥᠷᠨᠢᠭᠦᠯᠵᠦ᠂ ᠠᠤᠬᠠᠨ ᠬᠤᠰᠢᠭᠤᠨ ᠳᠤ ᠬᠦᠷᠴᠦ ᠣᠷᠳᠣ ᠦᠷᠭᠡᠰᠦᠲᠦ ᠵᠠᠩᠭᠤᠤ ᠡᠪᠡᠰᠦ ᠶᠢ ᠪᠠᠶᠢᠩᠭᠤᠵᠢᠭᠤᠯᠤᠨ ᠬᠢᠨᠠᠨ ᠬᠡᠮᠵᠢᠬᠦ ᠪᠠ ᠬᠢᠮᠢ ᠶᠢᠨ ᠰᠡᠷᠭᠡᠶᠢᠯᠡᠯᠲᠡ ᠶᠢᠨ ᠲᠤᠷᠰᠢᠯᠲᠠ ᠶᠢᠨ ᠵᠢᠵᠢᠭ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠥᠷᠨᠢᠭᠦᠯᠪᠡ᠃ 
图片1.png
       6 ᠰᠠᠷ᠎ᠠ ᠶᠢᠨ 4 ᠤ ᠡᠳᠦᠷ᠂ ᠪᠠᠭᠠᠷᠢᠨ ᠵᠡᠭᠦᠨ ᠬᠤᠰᠢᠭᠤᠨ ᠤ ᠯᠦᠩ ᠴᠠᠩ ᠪᠠᠯᠭᠠᠰᠤᠨ ᠤ ᠱᠤᠸᠠᠩ ᠵᠢᠩ ᠲᠣᠰᠬᠤᠨ ᠳᠤ ᠼᠢ ᠧ ᠯᠦᠩ ᠺᠦᠢ ᠶᠢᠨ ᠬᠢᠮᠢ ᠶᠢᠨ ᠰᠡᠷᠭᠡᠶᠢᠯᠡᠯᠲᠡ ᠶᠢᠨ ᠲᠤᠷᠰᠢᠯᠲᠠ ᠶᠢᠨ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢᠨ ᠠᠵᠢᠯ ᠢ ᠥᠷᠨᠢᠭᠦᠯᠵᠦ᠂ ᠮᠡᠷᠭᠡᠵᠢᠯᠲᠡᠨ ᠪᠣᠯᠣᠨ ᠪᠠᠭᠠᠷᠢᠨ ᠵᠡᠭᠦᠨ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ ᠤᠨ ᠠᠵᠢᠯᠲᠠᠳ ᠲᠥᠰᠥᠯ ᠤᠨ ᠱᠠᠭᠠᠷᠳᠠᠯᠭ᠎ᠠ ᠶᠣᠰᠣᠭᠠᠷ ᠰᠡᠷᠭᠡᠶᠢᠯᠡᠯᠲᠡ ᠶᠢᠨ ᠲᠤᠷᠰᠢᠯᠲᠠ ᠶᠢᠨ ᠣᠷᠣᠨ ᠢ ᠵᠠᠭᠠᠭᠯᠠᠨ ᠲᠣᠭᠲᠠᠭᠠᠵᠤ᠂ ᠣᠶᠢᠷ᠎ᠠ ᠬᠠᠪᠢ ᠶᠢᠨ ᠲᠣᠰᠬᠤᠨ ᠤ ᠠᠷᠠᠳ ᠤᠨ ᠦᠬᠡᠷ ᠬᠤᠨᠢ ᠲᠤᠷᠰᠢᠯᠲᠠ ᠶᠢᠨ ᠣᠷᠣᠨ ᠳᠤ ᠣᠷᠣᠵᠤ ᠲᠠᠷᠢᠶᠠᠨ ᠡᠮ ᠰᠦᠷᠴᠢᠭᠰᠡᠨ ᠡᠪᠡᠰᠦ ᠶᠢ ᠠᠳᠡᠭᠦᠷᠡᠨ ᠢᠳᠡᠵᠦ ᠦᠬᠦᠬᠦ ᠠᠴᠠ ᠵᠠᠶᠢᠯᠠᠰᠬᠢᠬᠤ ᠶᠢᠨ ᠲᠦᠯᠦᠭᠡ᠂ ᠶᠡᠷᠦᠩᠬᠡᠢ ᠲᠠᠯᠠᠪᠠᠶ  ᠨᠢ 1275 ᠲᠡᠭᠰᠢ ᠳᠥᠷᠪᠡᠯᠵᠢᠨ ᠮᠧᠲᠷ᠂ ᠣᠷᠳᠣ ᠨᠢ 51 ᠮᠧᠲᠷ᠂ ᠥᠷᠭᠡᠨ ᠨᠢ 25 ᠮᠧᠲᠷ ᠲᠤᠷᠰᠢᠯᠲᠠ ᠶᠢᠨ ᠲᠠᠷᠢᠶᠠᠨ ᠤ ᠲᠣᠭᠤᠷᠢᠭ ᠤᠨ ᠭᠠᠳᠠᠭᠤᠷ ᠪᠢᠳᠡᠭᠦᠮᠵᠢᠯᠡᠪᠡ᠃ ᠲᠤᠷᠰᠢᠯᠲᠠ ᠶᠢᠨ ᠱᠠᠭᠠᠷᠳᠠᠯᠭ᠎ᠠ ᠶᠢ ᠦᠨᠳᠦᠰᠦᠯᠡᠨ᠂ ᠲᠤᠷᠰᠢᠯᠲᠠ ᠶᠢᠨ ᠲᠠᠷᠢᠶ᠎ᠠ ᠶᠢ 30 ᠺᠦᠸᠠᠳ᠋ ᠮᠧᠲᠷ ᠤᠨ ᠲᠠᠯᠠᠪᠠᠢ ᠲᠠᠢ 18 ᠲᠤᠷᠰᠢᠯᠲᠠ ᠶᠢᠨ ᠪᠠᠭ᠎ᠠ ᠲᠣᠭᠤᠷᠢᠭ ᠪᠣᠯᠭᠠᠪᠠ᠃ ᠡᠯ᠎ᠡ ᠪᠠᠭ᠎ᠠ ᠲᠣᠭᠤᠷᠢᠭ ᠤᠨ ᠬᠤᠭᠤᠷᠤᠨᠳᠤᠬᠢ ᠡᠮ ᠤᠨ ᠬᠠᠷᠢᠯᠴᠠᠨ ᠪᠤᠬᠢᠷᠳᠤᠭᠤᠯᠤᠯ ᠠᠴᠠ ᠵᠠᠶᠢᠯᠠᠰᠬᠢᠬᠦ ᠶᠢᠨ ᠲᠥᠯᠥᠭᠡ᠂ ᠬᠥᠨᠳᠡᠯᠡᠨ ᠴᠢᠭᠯᠡᠯ ᠢᠶᠠᠷ 3 ᠮᠧᠲᠷ ᠠᠯᠤᠰᠯᠠᠵᠤ᠂ ᠭᠤᠯᠳᠤ ᠪᠠᠷ 5 ᠮᠧᠲᠷ ᠤᠨ ᠬᠠᠮᠠᠭᠠᠯᠠᠯᠲᠠ ᠶᠢᠨ ᠣᠷᠣᠨ ᠢ ᠪᠠᠶᠢᠭᠤᠯᠪᠠ᠃ ᠲᠤᠷᠰᠢᠯᠲᠠ ᠬᠢᠵᠦ ᠰᠢᠢᠳᠪᠦᠷᠢᠯᠡᠬᠦ ᠳᠤ ᠲᠠᠰᠢᠷᠠᠮ ᠤᠨ ᠣᠷᠣᠨ ᠳᠤ ᠳᠤᠭᠤᠶᠢᠯᠠᠩ ᠤᠨ ᠵᠢᠭᠰᠠᠭᠠᠯᠲᠠ ᠶᠢ ᠬᠡᠷᠡᠭᠯᠡᠵᠦ᠂ ᠨᠡᠶᠢᠲᠡ 6 ᠰᠢᠢᠳᠪᠦᠷᠢᠯᠡᠯᠲᠡ ᠪᠠᠶᠢᠷᠢᠯᠠᠵᠤ᠂ ᠡᠭᠦᠨ ᠳᠤ ᠬᠤᠭᠤᠰᠤᠨ ᠬᠠᠷᠢᠴᠠᠯ ᠢ ᠬᠠᠷᠭᠤᠭᠤᠯᠬᠤ᠂ ᠰᠢᠢᠳᠪᠦᠷᠢᠯᠡᠯᠳᠡ ᠨᠢᠭᠡᠪᠦᠷᠢ ᠶᠢ 3 ᠤᠳᠠᠭ᠎ᠠ ᠳᠠᠬᠢᠨ ᠳᠠᠪᠲᠠᠪᠠ᠃ ᠼᠢ ᠧ ᠯᠦᠩ ᠺᠦᠢ ᠶᠢᠨ 3-5 ᠨᠠᠪᠴᠢ ᠶᠢᠨ ᠬᠤᠭᠤᠴᠠᠭᠠᠨ ᠳᠤ ᠡᠰᠢ ᠶᠢᠨ ᠨᠠᠪᠴᠢ ᠶᠢᠨ ᠰᠦᠷᠴᠢᠯᠲᠡ ᠶᠢᠨ ᠠᠷᠭ᠎ᠠ ᠪᠠᠷ 1 ᠤᠳᠠᠭ᠎ᠠ ᠡᠮ ᠲᠠᠯᠪᠢᠵᠠᠢ᠃ ᠪᠠᠭ᠎ᠠ ᠲᠣᠭᠤᠷᠢᠭ ᠨᠢᠭᠡᠪᠦᠷᠢ ᠳᠤ ᠲᠡᠷᠢᠭᠦᠯᠡᠭᠴᠢ ᠴᠡᠴᠡᠭ ᠤᠨ ᠬᠡᠯᠪᠡᠷᠢ ᠪᠠᠷ ᠲᠠᠪᠤᠨ 0.25 ᠲᠡᠭᠰᠢ ᠳᠥᠷᠪᠡᠯᠵᠢᠨ ᠦᠯᠢᠭᠡᠷ ᠲᠤ ᠬᠢᠨᠠᠨ ᠬᠡᠮᠵᠢᠵᠦ᠂ ᠲᠣᠰ ᠲᠣᠰ ᠡᠮ ᠣᠷᠤᠭᠤᠯᠬᠤ ᠠᠴᠠ ᠡᠮᠦᠨ᠎ᠡ ᠪᠠ ᠡᠮ ᠣᠷᠣᠭᠤᠯᠤᠭᠰᠠᠨ ᠤ ᠳᠠᠷᠠᠭ᠎ᠠ 3 ᠡᠳᠦᠷ᠂ 10 ᠡᠳᠦᠷ᠂ 30 ᠡᠳᠦᠷ ᠤᠨ ᠳᠣᠲᠣᠷ᠎ᠠ ᠥᠯᠢᠭᠡᠷ ᠡᠳ᠋ ᠤᠨ ᠳᠣᠲᠣᠷᠠᠬᠢ ᠼᠢ ᠧ ᠯᠦᠩ ᠺᠦᠢ ᠪᠠ ᠪᠤᠰᠤᠳ ᠡᠪᠡᠰᠦᠨ ᠦᠷ᠎ᠡ ᠶᠢᠨ ᠡᠰᠢ ᠶᠢᠨ ᠲᠤᠭ᠎ᠠ᠂ ᠡᠰᠢ ᠶᠢᠨ ᠦᠨᠳᠦᠷ ᠵᠡᠷᠭᠡ ᠲᠤᠭ᠎ᠠ ᠪᠠᠷᠢᠮᠲᠠ ᠶᠢ ᠪᠠᠶᠢᠴᠠᠭᠠᠪᠠ᠃      6 ᠰᠠᠷ᠎ᠠ ᠶᠢᠨ 5 ᠤ ᠡᠳᠦᠷ᠂ ᠠᠤᠬᠠᠨ ᠬᠤᠰᠢᠭᠤᠨ ᠤ ᠣᠷᠣᠢ ᠶᠢᠨ ᠰᠦᠮ᠎ᠡ ᠰᠤᠮᠤ ᠶᠢᠨ ᠣᠷᠣᠢ ᠶᠢᠨ ᠰᠦᠮ᠎ᠡ ᠭᠠᠴᠠᠭ᠎ᠠ ᠳᠤ ᠲᠣᠰ ᠲᠣᠰ ᠣᠶᠢᠲᠤ ᠭᠠᠵᠠᠷ᠂ ᠡᠪᠡᠰᠦᠲᠦ ᠭᠠᠵᠠᠷ᠂ ᠲᠠᠷᠢᠶᠠᠨ ᠭᠠᠵᠠᠷ ᠵᠡᠷᠭᠡ 3 ᠨᠡᠶᠢᠲᠡᠯᠢᠭ ᠠᠮᠢᠳᠤᠷᠠᠯ ᠤᠨ ᠣᠷᠴᠢᠨ ᠢ ᠰᠣᠩᠭᠤᠨ ᠣᠷᠳᠣ ᠥᠷᠭᠡᠰᠦᠲᠦ ᠵᠠᠩᠭᠤᠤ ᠡᠪᠡᠰᠦ ᠶᠢ ᠪᠠᠶᠢᠩᠭᠤᠵᠢᠭᠤᠯᠤᠨ ᠬᠢᠨᠠᠨ ᠬᠡᠮᠵᠢᠵᠦ᠂ ᠨᠢᠭᠡ ᠵᠦᠢᠯ ᠤᠨ ᠠᠮᠢᠳᠤᠷᠠᠯ ᠤᠨ ᠣᠷᠴᠢᠨ ᠪᠦᠷᠢ ᠳᠤ ᠬᠤᠷᠢᠨ 2 ᠲᠡᠭᠰᠢ ᠳᠥᠷᠪᠡᠯᠵᠢᠨ ᠮᠧᠲᠷ ᠥᠯᠢᠭᠡᠷ ᠳᠠᠭᠤᠷᠢᠶᠠᠯ ᠭᠠᠷᠭᠠᠵᠤ᠂ ᠲᠣᠰ ᠲᠣᠰ ᠨᠢᠯᠬ᠎ᠠ ᠴᠢᠬᠢ ᠶᠢᠨ ᠬᠤᠭᠤᠴᠠᠭ᠎ᠠ ᠪᠠ ᠴᠡᠴᠡᠭᠯᠡᠬᠦ ᠬᠤᠭᠤᠴᠠᠭᠠᠨ ᠳᠤ ᠥᠯᠢᠭᠡᠷ ᠡᠳ᠋ ᠤᠨ ᠳᠣᠲᠣᠷᠠᠬᠢ ᠣᠷᠳᠣ ᠥᠷᠭᠡᠰᠦᠲᠦ ᠵᠠᠩᠭᠤᠤ ᠡᠪᠡᠰᠦ ᠪᠠ ᠪᠤᠰᠤᠳ ᠡᠪᠡᠰᠦᠨ ᠦᠷ᠎ᠡ ᠶᠢᠨ ᠲᠤᠭ᠎ᠠ ᠬᠡᠮᠵᠢᠶ᠎ᠡ᠂ ᠡᠰᠢ ᠶᠢᠨ ᠦᠨᠳᠦᠷ ᠵᠡᠷᠭᠡ ᠶᠢᠨ ᠤᠷᠭᠤᠯᠲᠠ ᠶᠢᠨ ᠪᠠᠶᠢᠳᠠᠯ ᠢ ᠨᠠᠷᠢᠨ ᠲᠡᠮᠳᠡᠭᠯᠡᠪᠡ᠃
 
ᠢᠷᠡᠯᠲᠡ᠄ ᠤᠯᠠᠭᠠᠨᠬᠠᠳᠠ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号