ᠵᠡᠭᠦᠨ ᠬᠤᠶᠢᠲᠤ ᠣᠷᠣᠨ ᠳᠤ ᠦᠨᠢᠶ᠎ᠡ ᠪᠡᠯᠴᠢᠭᠡᠷᠯᠡᠭᠦᠯᠬᠦ ᠳᠤ ᠲᠡᠵᠢᠭᠡᠯ ᠨᠥᠬᠦᠪᠦᠷᠢᠯᠡᠬᠦ ᠮᠡᠷᠭᠡᠵᠢᠯ
ᠨᠡᠶᠢᠲᠡᠯᠡᠭᠰᠡᠨ ᠴᠠᠭ᠄
2024/6/19
      ᠪᠡᠯᠴᠢᠭᠡᠷᠯᠡᠭᠦᠯᠬᠦ ᠪᠣᠯ ᠬᠥᠮᠥᠨ ᠤ ᠬᠦᠴᠦ ᠪᠠᠷ ᠠᠷᠠᠴᠢᠯᠠᠵᠤ ᠳᠣᠳᠣᠮᠳᠠᠭᠰᠠᠨ ᠦᠬᠡᠷ ᠤᠨ ᠲᠠᠯ᠎ᠠ ᠨᠤᠲᠤᠭ ᠠᠴᠠ ᠲᠡᠵᠢᠭᠡᠯ ᠡᠪᠡᠰᠦ ᠢᠳᠡᠭᠦᠯᠬᠦ ᠶᠢᠨ ᠬᠠᠮᠲᠤ ᠮᠠᠯ ᠤᠨ ᠠᠰᠢᠭ ᠰᠢᠮ᠎ᠡ ᠪᠣᠯᠭᠠᠨ ᠬᠤᠪᠢᠷᠠᠭᠤᠯᠬᠤ ᠨᠢᠭᠡ ᠵᠦᠢᠯ ᠤᠨ ᠠᠷᠠᠴᠢᠯᠠᠭ᠎ᠠ ᠶᠢᠨ ᠠᠷᠭ᠎ᠠ ᠬᠡᠯᠪᠡᠷᠢ ᠪᠣᠯᠣᠨ᠎ᠠ᠃ ᠮᠠᠯ ᠬᠠᠷᠢᠭᠤᠯᠬᠤ ᠳᠠᠭᠠᠨ ︽ᠬᠤᠯᠠ ᠬᠥᠭᠡᠭᠡᠵᠦ ᠣᠶᠢᠷ᠎ᠠ ᠠᠴᠠ ᠢᠳᠡᠬᠦ︾ ᠵᠠᠷᠴᠢᠮ ᠢ ᠪᠠᠷᠢᠮᠲᠠᠯᠠᠬᠤ ᠬᠡᠷᠡᠭᠲᠡᠢ᠃ ᠪᠡᠯᠴᠢᠭᠡᠷᠯᠡᠭᠦᠯᠬᠦ ᠠᠷᠭ᠎ᠠ ᠮᠠᠶ᠋ᠢᠭ ᠢ ᠴᠢᠯᠦᠭᠡᠲᠡᠢ ᠪᠠᠷ ᠪᠡᠯᠴᠢᠭᠡᠷᠯᠡᠭᠦᠯᠬᠦ ᠪᠠ ᠲᠣᠭᠤᠷᠢᠭ ᠬᠤᠪᠢᠶᠠᠨ ᠰᠡᠯᠭᠦᠨ ᠮᠠᠯᠵᠢᠬᠤ ᠭᠡᠵᠦ ᠬᠤᠪᠢᠶᠠᠵᠤ ᠪᠣᠯᠣᠨ᠎ᠠ᠃ ᠴᠢᠯᠦᠭᠡᠲᠡᠢ ᠪᠠᠷ ᠪᠡᠯᠴᠢᠭᠡᠷᠯᠡᠭᠦᠯᠬᠦ ᠨᠢ ᠨᠤᠲᠤᠭ ᠪᠡᠯᠴᠢᠭᠡᠷ ᠤᠨ ᠣᠷᠣᠨ ᠵᠠᠢ ᠪᠠᠷ ᠶᠡᠭᠡ ᠮᠠᠯᠵᠢᠬᠤ ᠣᠷᠣᠨ ᠢ ᠰᠣᠩᠭᠤᠬᠤ ᠳᠤ ᠲᠣᠬᠢᠷᠠᠨ᠎ᠠ︔ ᠪᠡᠯᠴᠢᠭᠡᠷ ᠬᠤᠪᠢᠶᠠᠨ ᠰᠡᠯᠭᠦᠨ ᠮᠠᠯᠵᠢᠬᠤ ᠨᠢ ᠪᠡᠯᠴᠢᠭᠡᠷ ᠤᠨ ᠣᠷᠣᠨ ᠵᠠᠢ ᠪᠠᠷ ᠶᠡᠭᠡ ᠪᠢᠰᠢ ᠠᠭᠤᠯᠠᠨ ᠬᠦᠳᠦᠯ᠂ ᠤᠢ ᠰᠢᠭᠤᠢ᠂ ᠲᠠᠷᠢᠶᠠᠨ ᠭᠠᠵᠠᠷ ᠤᠨ ᠦᠵᠦᠭᠦᠷ ᠪᠠ ᠭᠤᠣᠯ ᠤᠨ ᠭᠤᠤ ᠶᠢᠨ ᠬᠠᠰᠢᠯᠭ᠎ᠠ ᠵᠡᠷᠭᠡ ᠲᠠᠷᠢᠶᠠᠯᠠᠬᠤ ᠣᠷᠣᠨ ᠪᠠ ᠠᠭᠤᠯᠠᠷᠬᠠᠭ ᠣᠷᠣᠨ ᠢ ᠰᠣᠩᠭᠤᠬᠤ ᠳᠤ ᠲᠣᠬᠢᠷᠠᠨ᠎ᠠ᠃ ᠵᠢᠯ ᠪᠦᠷᠢ ᠶᠢᠨ 5~10 ᠰᠠᠷ᠎ᠠ ᠶᠢ ᠪᠡᠯᠴᠢᠭᠡᠷᠯᠡᠭᠦᠯᠦᠨ ᠪᠣᠷᠳᠣᠵᠤ ᠲᠠᠷᠭᠤᠯᠠᠭᠤᠯᠬᠤ ᠬᠤᠭᠤᠴᠠᠭ᠎ᠠ ᠪᠣᠯᠭᠠᠵᠤ᠂ ᠪᠡᠯᠴᠢᠭᠡᠷ ᠤᠨ ᠡᠪᠡᠰᠦᠨ ᠤ ᠭᠠᠷᠤᠯᠲᠠ ᠪᠠ ᠦᠬᠡᠷ ᠤᠨ ᠰᠦᠷᠦᠭ ᠤᠨ ᠶᠡᠭᠡ ᠪᠠᠭ᠎ᠠ ᠶᠢ ᠦᠨᠳᠦᠰᠦᠯᠡᠵᠦ ᠡᠭᠡᠯᠵᠢᠯᠡᠨ ᠮᠠᠯᠵᠢᠬᠤ ᠣᠷᠣᠨ ᠤ ᠶᠡᠭᠡ ᠪᠠᠭ᠎ᠠ ᠶᠢ ᠲᠣᠭᠲᠠᠭᠠᠨ᠎ᠠ᠃ ᠡᠭᠦᠨ ᠤ ᠳᠣᠲᠣᠷ᠎ᠠ ᠰᠠᠶᠢᠨ ᠪᠡᠯᠴᠢᠭᠡᠷ ᠬᠠᠳᠤᠯᠠᠩ ᠳᠤ 18~20 ᠦᠬᠡᠷ ᠲᠡᠵᠢᠭᠡᠵᠦ ᠲᠠᠶᠢᠯᠤᠨ᠎ᠠ᠃ ᠳᠤᠮᠳᠠ ᠵᠡᠷᠭᠡ ᠶᠢᠨ ᠪᠡᠯᠴᠢᠭᠡᠷ ᠲᠤ ᠨᠢᠭᠡ ᠲᠡᠭᠰᠢ ᠳᠥᠷᠪᠡᠯᠵᠢᠨ ᠮᠧᠲᠷ ᠪᠦᠷᠢ ᠳᠤ 15 ᠦᠬᠡᠷ ᠲᠡᠵᠢᠭᠡᠵᠦ ᠪᠣᠯᠬᠤ ᠪᠥᠭᠡᠳ ᠪᠠᠷᠤᠭᠲᠠᠢ ᠪᠡᠯᠴᠢᠭᠡᠷ ᠲᠤ 3 ᠦᠬᠡᠷ ᠯᠡ ᠲᠡᠵᠢᠭᠡᠵᠦ ᠪᠣᠯᠣᠨ᠎ᠠ᠃ ᠳᠤᠭᠤᠷᠢᠭ ᠪᠦᠷᠢ ᠳᠤ 2~4 ᠤᠳᠠᠭ᠎ᠠ ᠡᠭᠡᠯᠵᠢᠯᠡᠨ ᠮᠠᠯᠵᠢᠵᠤ᠂ ᠪᠠᠷᠤᠭᠲᠠᠢ ᠪᠡᠯᠴᠢᠭᠡᠷ ᠲᠤ 2 ᠤᠳᠠᠭ᠎ᠠ ᠯᠠ ᠡᠭᠡᠯᠵᠢᠯᠡᠨ ᠮᠠᠯᠵᠢᠳᠠᠭ᠃ ᠪᠡᠯᠴᠢᠭᠡᠷᠯᠡᠭᠦᠯᠬᠦ ᠬᠠᠮᠤᠭ ᠤᠨ ᠰᠠᠶᠢᠨ ᠤᠯᠠᠷᠢᠯ ᠪᠣᠯ ᠡᠪᠡᠰᠦ ᠪᠡᠯᠴᠢᠭᠡᠷ ᠤᠨ ᠦᠷ᠎ᠡ ᠰᠠᠭᠤᠬᠤ ᠬᠤᠭᠤᠴᠠᠭ᠎ᠠ ᠪᠣᠯᠣᠨ᠎ᠠ᠂ ᠡᠳᠦᠷ ᠪᠦᠷᠢ 12 ᠴᠠᠭ ᠠᠴᠠ ᠳᠤᠲᠠᠭᠤ ᠦᠭᠡᠢ ᠪᠡᠯᠴᠢᠭᠡᠷᠯᠡᠭᠦᠯᠬᠦ ᠬᠡᠷᠡᠭᠲᠡᠢ᠂ ᠨᠠᠭᠠᠲᠤ ᠵᠠᠬ᠎ᠠ ᠳᠠᠭᠠᠨ ᠨᠢᠭᠡ ᠤᠳᠠᠭ᠎ᠠ ᠤᠰᠤ ᠨᠥᠬᠦᠪᠦᠷᠢᠯᠡᠬᠦ ᠶᠢᠨ ᠬᠠᠮᠲᠤ ᠳᠠᠪᠤᠰᠤ ᠨᠥᠬᠦᠪᠦᠷᠢᠯᠡᠬᠦ ᠶᠢ ᠠᠩᠬᠠᠷᠬᠤ ᠬᠡᠷᠡᠭᠲᠡᠢ᠃ ᠪᠡᠯᠴᠢᠭᠡᠷᠯᠡᠭᠦᠯᠬᠦ ᠬᠤᠭᠤᠴᠠᠭᠠᠨ ᠳᠤ ᠰᠥᠨᠢ ᠳᠡᠭᠡᠨ ᠬᠠᠮᠤᠭ ᠰᠠᠶᠢᠨ ᠨᠢ ᠵᠣᠬᠢᠬᠤ ᠬᠡᠮᠵᠢᠶᠡᠨ ᠤ ᠬᠤᠯᠢᠮᠠᠭ ᠨᠠᠷᠢᠯᠢᠭ ᠪᠣᠷᠳᠤᠭ᠎ᠠ ᠶᠢ ᠨᠥᠬᠦᠪᠦᠷᠢᠯᠡᠨ᠎ᠡ᠃ ᠡᠳᠦᠷ ᠪᠦᠷᠢ ᠶᠢᠨ ᠨᠠᠷᠢᠯᠢᠭ ᠪᠣᠷᠳᠣᠭᠠᠨ ᠤ ᠬᠠᠩᠭᠠᠯᠭ᠎ᠠ ᠶᠢᠨ ᠬᠡᠮᠵᠢᠶ᠎ᠡ ᠨᠢ ᠦᠨᠢᠶ᠎ᠡ ᠶᠢᠨ  ᠪᠡᠶ᠎ᠡ ᠶᠢᠨ ᠬᠦᠨᠳᠦ ᠶᠢᠨ 1% ᠪᠠᠶᠢᠵᠤ᠂ ᠲᠡᠵᠢᠭᠡᠯ ᠨᠥᠬᠦᠪᠦᠷᠢᠯᠡᠭᠰᠡᠨ ᠤ ᠲᠠᠷᠠᠭ᠎ᠠ ᠤᠰᠤ ᠤᠮᠳᠠ ᠶᠢ ᠨᠢ ᠪᠠᠲᠤᠯᠠᠬᠤ ᠬᠡᠷᠡᠭᠲᠡᠢ᠃      ᠨᠢᠭᠡ᠂ ᠲᠧᠭᠨᠢᠭ ᠮᠡᠷᠭᠡᠵᠢᠯ ᠤᠨ ᠭᠤᠣᠯᠳᠠᠯᠭ᠎ᠠ      ︵ᠨᠢᠭᠡ︶ ᠬᠡᠭᠡᠯ ᠲᠠᠢ ᠦᠨᠢᠶᠡᠨ ᠳᠤ ᠲᠡᠵᠢᠭᠡᠯ ᠨᠥᠬᠦᠪᠦᠷᠢᠯᠡᠬᠦ      ᠬᠡᠭᠡᠯ ᠲᠠᠢ ᠦᠨᠢᠶᠡᠨ ᠤ ᠲᠣᠰ ᠪᠡᠶ᠎ᠡ ᠶᠢᠨ ᠥᠰᠦᠯᠲᠡ ᠪᠤᠶᠢᠵᠢᠯᠲᠠ ᠳᠤ ᠰᠢᠮ᠎ᠡ ᠲᠡᠵᠢᠭᠡᠯ ᠱᠠᠭᠠᠷᠳᠠᠭᠳᠠᠬᠤ ᠪᠠᠷ ᠪᠠᠷᠠᠬᠤ ᠦᠭᠡᠢ᠂ ᠬᠡᠪᠡᠯᠢ ᠳᠠᠬᠢ ᠲᠤᠭᠤᠯ  ᠤᠨ ᠥᠰᠦᠯᠲᠡ ᠪᠤᠶᠢᠵᠢᠯᠲᠠ ᠶᠢᠨ ᠰᠢᠮ᠎ᠡ ᠲᠡᠵᠢᠭᠡᠯ ᠤᠨ ᠬᠡᠷᠡᠭᠴᠡᠭᠡ ᠶᠢ ᠬᠠᠩᠭᠠᠬᠤ ᠪᠠ ᠲᠤᠭᠤᠯᠯᠠᠭᠰᠠᠨ ᠤ ᠳᠠᠷᠠᠭᠠᠬᠢ ᠰᠦ ᠰᠢᠭᠦᠷᠡᠭᠦᠯᠬᠦ ᠳᠤ ᠰᠢᠮ᠎ᠡ ᠲᠡᠵᠢᠭᠡᠯ ᠨᠥᠭᠡᠴᠡᠯᠡᠬᠦ ᠬᠡᠷᠡᠭᠲᠡᠢ᠃ ᠪᠡᠯᠴᠢᠭᠡᠷᠯᠡᠭᠦᠯᠬᠦ ᠨᠥᠬᠦᠴᠡᠯ ᠳᠣᠣᠷ᠎ᠠ᠂ ᠬᠡᠭᠡᠯ ᠲᠠᠢ ᠪᠣᠯᠣᠭᠰᠠᠨ ᠡᠬᠢᠨ ᠤ ᠬᠤᠭᠤᠴᠠᠭᠠᠨ ᠤ ᠡᠬᠡ ᠮᠠᠯ ᠤᠨ ᠡᠪᠡᠰᠦ ᠪᠡᠯᠴᠢᠭᠡᠷ ᠤᠨ ᠤᠯᠠᠷᠢᠯ ᠳᠤ ᠪᠡᠯᠴᠢᠭᠡᠷᠯᠡᠭᠦᠯᠬᠦ ᠬᠤᠭᠤᠴᠠᠭ᠎ᠠ ᠶᠢ ᠠᠯᠢ ᠴᠢᠳᠠᠬᠤ ᠪᠠᠷ ᠤᠷᠲᠤᠳᠬᠠᠵᠤ᠂ ᠡᠩ ᠤᠨ ᠪᠠᠶᠢᠳᠠᠯ ᠳᠤ ᠲᠡᠵᠢᠭᠡᠯ ᠨᠥᠬᠦᠬᠦ ᠬᠡᠷᠡᠭ ᠦᠭᠡᠢ᠃ ᠬᠡᠭᠡᠯ ᠲᠠᠢ ᠪᠣᠯᠣᠭᠰᠠᠨ ᠳᠤᠮᠳᠠ ᠪᠠ ᠰᠡᠭᠦᠯᠴᠢ ᠶᠢᠨ ᠬᠤᠭᠤᠴᠠᠭᠠᠨ ᠤ ᠦᠬᠡᠷ ᠤᠨ ᠰᠢᠮ᠎ᠡ ᠲᠡᠵᠢᠭᠡᠯ ᠤᠨ ᠬᠡᠷᠡᠭᠴᠡᠭᠡ ᠪᠠ ᠲᠤᠭᠤᠯ ᠤᠨ ᠡᠷᠡᠭᠦᠯ ᠮᠡᠨᠳᠦ ᠶᠢ ᠪᠠᠲᠤᠯᠠᠬᠤ ᠶᠢᠨ ᠲᠥᠯᠥᠭᠡ᠂ ᠮᠠᠯ ᠬᠠᠷᠢᠭᠤᠯᠬᠤ ᠶᠠᠪᠤᠴᠠ ᠳᠠᠭᠠᠨ ᠵᠣᠬᠢᠬᠤ ᠬᠡᠮᠵᠢᠶ᠎ᠡ ᠪᠠᠷ ᠲᠡᠵᠢᠭᠡᠯ ᠨᠥᠬᠦᠪᠦᠷᠢᠯᠡᠪᠡᠯ ᠵᠣᠬᠢᠨ᠎ᠠ᠃ ᠬᠤᠪᠠᠭ᠋ᠠᠢ ᠡᠪᠡᠰᠦᠨ ᠤ ᠤᠯᠠᠷᠢᠯ ᠳᠤ ᠲᠡᠵᠢᠭᠡᠯ ᠡᠪᠡᠰᠦᠨ ᠤ ᠶᠠᠰᠤ ᠴᠢᠨᠠᠷ ᠪᠠ ᠦᠬᠡᠷ ᠤᠨ ᠰᠢᠮ᠎ᠡ ᠲᠡᠵᠢᠭᠡᠯ ᠤᠨ ᠬᠡᠷᠡᠭᠴᠡᠭᠡ ᠶᠢ ᠦᠨᠳᠦᠰᠦᠯᠡᠵᠦ ᠲᠡᠵᠢᠭᠡᠯ ᠡᠪᠡᠰᠦ ᠪᠣᠷᠳᠣᠭᠠᠨ ᠤ ᠲᠦᠷᠦᠯ ᠵᠦᠢᠯ ᠪᠠ ᠲᠤᠭ᠎ᠠ ᠬᠡᠮᠵᠢᠶ᠎ᠡ ᠶᠢ ᠲᠣᠭᠲᠠᠭᠠᠨ᠎ᠠ᠃ ᠬᠡᠭᠡᠯ ᠲᠠᠢ ᠪᠣᠯᠣᠭᠰᠠᠨ 5 ᠰᠠᠷ᠎ᠠ ᠠᠴᠠ ᠡᠬᠢᠯᠡᠨ ᠲᠡᠵᠢᠭᠡᠬᠦ ᠪᠠᠨ ᠴᠢᠩᠭᠠᠳᠬᠠᠵᠤ᠂ ᠳᠤᠮᠳᠠ ᠵᠡᠷᠭᠡ ᠶᠢᠨ ᠪᠡᠶ᠎ᠡ ᠶᠢᠨ ᠬᠦᠨᠳᠦ ᠲᠠᠢ ᠦᠨᠢᠶᠡᠨ ᠳᠤ ᠡᠩ ᠤᠨ ᠡᠳᠦᠷ ᠤᠨ ᠬᠦᠨᠡᠰᠦ ᠬᠠᠩᠭᠠᠬᠤ ᠠᠴᠠ ᠭᠠᠳᠠᠨ᠎ᠠ᠂ ᠡᠳᠦᠷ ᠪᠦᠷᠢ 1.5kg ᠤᠨ ᠨᠠᠷᠢᠯᠢᠭ ᠪᠣᠷᠳᠤᠭ᠎ᠠ ᠨᠥᠬᠦᠪᠦᠷᠢᠯᠡᠨ᠎ᠡ᠃ ᠬᠡᠭᠡᠯ ᠲᠠᠢ ᠪᠣᠯᠣᠭᠰᠠᠨ ᠰᠡᠭᠦᠯᠴᠢ ᠶᠢᠨ ᠬᠤᠶᠠᠷ ᠰᠠᠷ᠎ᠠ ᠳᠤ᠂ ᠡᠳᠦᠷ ᠪᠦᠷᠢ 2kg ᠤᠨ ᠨᠠᠷᠢᠯᠢᠭ ᠪᠣᠷᠳᠤᠭ᠎ᠠ ᠨᠥᠬᠦᠪᠦᠷᠢᠯᠡᠨ᠎ᠡ᠂ ᠭᠡᠬᠦ ᠳᠡᠭᠡᠨ ᠦᠨᠢᠶ᠎ᠡ ᠪᠠᠨ ᠬᠡᠲᠦᠷᠬᠡᠢ ᠲᠠᠷᠭᠤᠯᠠᠭᠤᠯᠵᠤ ᠪᠣᠯᠬᠤ ᠦᠭᠡᠢ᠂ ᠲᠤᠭᠤᠯᠯᠠᠬᠤ ᠶᠢ ᠨᠥᠯᠥᠭᠡᠯᠡᠬᠦ ᠠᠴᠠ ᠰᠡᠷᠭᠡᠶᠢᠯᠡᠨ᠎ᠡ ᠃      ︵ᠬᠤᠶᠠᠷ︶ ᠰᠠᠭᠠᠯᠢ ᠶᠢᠨ ᠦᠨᠢᠶᠡᠨ ᠳᠤ ᠲᠡᠵᠢᠭᠡᠯ ᠨᠥᠬᠦᠪᠦᠷᠢᠯᠡᠬᠦ      ᠡᠬᠡ ᠮᠠᠯ ᠤᠨ ᠰᠦ ᠰᠢᠭᠦᠷᠡᠭᠦᠯᠬᠦ ᠬᠤᠭᠤᠴᠠᠭᠠᠨ ᠳᠤ᠂ ᠪᠡᠶ᠎ᠡ ᠶᠢᠨ ᠳᠣᠲᠣᠷᠠᠬᠢ ᠰᠢᠮ᠎ᠡ ᠲᠡᠵᠢᠭᠡᠯᠲᠦ ᠪᠣᠳᠠᠰ ᠤᠨ ᠬᠡᠷᠡᠭᠴᠡᠭᠡ ᠨᠢ ᠡᠩ ᠤᠨ ᠦᠶ᠎ᠡ ᠶᠢᠨ ᠬᠢ ᠠᠴᠠ ᠠᠷᠪᠢᠨ ᠪᠠᠶᠢᠳᠠᠭ᠂ ᠬᠡᠷᠪᠡ ᠡᠳᠦᠷ ᠤᠨ ᠲᠡᠵᠢᠭᠡᠯ ᠤᠨ ᠰᠢᠮ᠎ᠡ ᠲᠡᠵᠢᠭᠡᠯᠲᠦ ᠪᠣᠳᠠᠰ ᠨᠢ ᠬᠦᠷᠦᠯᠴᠡᠬᠦ ᠦᠭᠡᠢ ᠪᠣᠯ ᠰᠢᠨ᠎ᠡ ᠬᠠᠭᠤᠴᠢᠨ ᠤ ᠰᠣᠯᠢᠯᠴᠠᠭ᠎ᠠ ᠳᠤ ᠰᠠᠮᠠᠭᠤᠷᠠᠯ ᠭᠠᠷᠴᠤ᠂ ᠹᠢᠽᠢᠣᠯᠣᠭᠢ ᠶᠢᠨ ᠠᠵᠢᠯᠯᠠᠭ᠎ᠠ ᠨᠢ ᠲᠡᠩᠴᠡᠭᠦᠷᠢ ᠪᠠᠨ ᠠᠯᠳᠠᠵᠤ᠂ ᠪᠡᠶ᠎ᠡ ᠶᠢᠨ ᠬᠦᠨᠳᠦ ᠨᠢ ᠪᠠᠭᠤᠷᠠᠵᠤ᠂ ᠰᠦ ᠭᠠᠷᠬᠤ ᠬᠡᠮᠵᠢᠶ᠎ᠡ ᠨᠢ ᠪᠠᠭᠤᠷᠠᠳᠠᠭ᠃ ᠡᠶᠢᠮᠦ ᠠᠴᠠ ᠦᠢᠯᠡᠳᠪᠦᠷᠢᠯᠡᠯ ᠤᠨ ᠶᠠᠪᠤᠴᠠ ᠳᠤ ᠰᠠᠭᠠᠯᠢ ᠶᠢᠨ ᠦᠨᠢᠶᠡᠨ ᠤ ᠪᠡᠶ᠎ᠡ ᠮᠠᠬᠠᠪᠤᠳ ᠤᠨ ᠡᠷᠡᠭᠦᠯ ᠴᠢᠭᠢᠷᠠᠭ᠂ ᠰᠦ ᠠᠷᠪᠢᠨ ᠭᠠᠷᠬᠤ ᠶᠢ ᠪᠠᠲᠤᠯᠠᠬᠤ ᠶᠢᠨ ᠲᠥᠯᠥᠭᠡ᠂ ᠪᠡᠯᠴᠢᠭᠡᠷᠯᠡᠭᠦᠯᠬᠦ ᠶᠠᠪᠤᠴᠠ ᠳᠤ ᠶᠡᠭᠡ ᠬᠡᠮᠵᠢᠶᠡᠨ ᠤ ᠡᠪᠡᠰᠦ ᠪᠣᠷᠳᠤᠭ᠎ᠠ ᠠᠪᠤᠭᠤᠯᠬᠤ ᠠᠴᠠ ᠭᠠᠳᠠᠨ᠎ᠠ ᠪᠠᠰᠠ ᠵᠣᠬᠢᠬᠤ ᠬᠡᠮᠵᠢᠶᠡᠨ ᠤ ᠨᠠᠷᠢᠯᠢᠭ ᠪᠣᠷᠳᠤᠭ᠎ᠠ ᠨᠥᠬᠦᠪᠦᠷᠢᠯᠡᠵᠦ᠂ ᠰᠠᠭᠠᠯᠢ ᠶᠢᠨ ᠦᠨᠢᠶ᠎ᠡ ᠶᠢᠨ ᠰᠢᠮ᠎ᠡ ᠲᠡᠵᠢᠭᠡᠯ ᠤᠨ ᠪᠣᠳᠠᠰ ᠤᠨ ᠬᠡᠷᠡᠭᠴᠡᠭᠡ ᠶᠢ ᠬᠠᠩᠭᠠᠬᠤ ᠬᠡᠷᠡᠭᠲᠡᠢ᠃ ᠲᠡᠵᠢᠭᠡᠯ ᠨᠥᠬᠦᠪᠦᠷᠢᠯᠡᠬᠦ ᠳᠡᠭᠡᠨ ᠦᠨᠢᠶᠡᠨ ᠤ ᠰᠦ ᠰᠢᠭᠦᠷᠡᠭᠦᠯᠬᠦ ᠠᠳᠠᠯᠢ ᠪᠤᠰᠤ ᠱᠠᠲᠤᠨ ᠤ ᠰᠢᠮ᠎ᠡ ᠲᠡᠵᠢᠭᠡᠯ ᠤᠨ ᠬᠡᠷᠡᠭᠴᠡᠭᠡ ᠬᠢᠭᠡᠳ ᠠᠳᠠᠯᠢ ᠪᠤᠰᠤ ᠤᠯᠠᠷᠢᠯ ᠤᠨ ᠲᠡᠵᠢᠭᠡᠯ ᠡᠪᠡᠰᠦᠨ ᠤ ᠰᠢᠮ᠎ᠡ ᠲᠡᠵᠢᠭᠡᠯ ᠤᠨ ᠬᠢᠷᠢ ᠬᠡᠮᠵᠢᠶ᠎ᠡ᠂ ᠪᠡᠯᠴᠢᠭᠡᠷ ᠤᠨ ᠶᠠᠰᠤ ᠴᠢᠨᠠᠷ ᠢ ᠦᠨᠳᠦᠰᠦᠯᠡᠵᠦ᠂ ᠲᠡᠵᠢᠭᠡᠯ ᠨᠥᠬᠦᠪᠦᠷᠢᠯᠡᠬᠦ ᠨᠠᠷᠢᠯᠢᠭ ᠪᠣᠷᠳᠣᠭᠠᠨ ᠤ ᠡᠨᠧᠷᠭᠢ ᠬᠢᠭᠡᠳ ᠤᠭᠤᠷᠠᠭ ᠤᠨ ᠬᠢᠷᠢ ᠬᠡᠮᠵᠢᠶ᠎ᠡ ᠶᠢ ᠴᠠᠭ ᠲᠤᠬᠠᠢ ᠳᠤᠨᠢ ᠲᠣᠬᠢᠷᠠᠭᠤᠯᠵᠤ᠂ ᠡᠷᠦᠳᠡᠰᠦ ᠶᠢᠨ ᠪᠣᠳᠠᠰ ᠬᠢᠭᠡᠳ ᠢᠳᠡᠰᠢᠨ ᠤ ᠳᠠᠪᠤᠰᠤᠨ ᠤ ᠰᠢᠩᠭᠡᠬᠡᠨ ᠠᠪᠬᠤ ᠬᠡᠮᠵᠢᠶ᠎ᠡ ᠶᠢ ᠪᠠᠲᠤᠯᠠᠬᠤ ᠬᠡᠷᠡᠭᠲᠡᠢ᠃ ᠡᠩ ᠤᠨ ᠨᠠᠷᠢᠯᠢᠭ ᠪᠣᠷᠳᠣᠭᠠᠨ ᠳᠤ 3kg ᠤᠨ ᠰᠦ ᠳᠤ 1kg ᠤᠨ ᠪᠣᠷᠳᠣᠭᠠᠨ ᠤ ᠠᠷᠭ᠎ᠠ ᠪᠠᠷ ᠪᠠᠷᠤᠭᠴᠠᠭᠠᠯᠠᠨ ᠪᠣᠳᠣᠵᠤ᠂ ᠲᠡᠵᠢᠭᠡᠯ ᠨᠥᠬᠦᠪᠦᠷᠢᠯᠡᠨ᠎ᠡ᠃      ᠬᠤᠶᠠᠷ᠂ ᠣᠨᠴᠠᠯᠢᠭ      ᠦᠨᠢᠶ᠎ᠡ ᠪᠡᠯᠴᠢᠭᠡᠷᠯᠡᠭᠦᠯᠬᠦ  ᠨᠢ ᠪᠡᠯᠴᠢᠭᠡᠷ ᠢ ᠭᠦᠢᠴᠡᠳ ᠠᠰᠢᠭᠯᠠᠵᠤ᠂ ᠡᠪᠡᠰᠦ ᠬᠠᠳᠤᠬᠤ ᠪᠠ ᠵᠥᠭᠡᠭᠡᠪᠦᠷᠢᠯᠡᠬᠦ ᠬᠥᠳᠡᠯᠮᠦᠷᠢ ᠬᠦᠴᠦ ᠶᠢ ᠠᠷᠪᠢᠯᠠᠵᠤ᠂ ᠬᠥᠬᠡ ᠡᠪᠡᠰᠦᠨ ᠤ ᠰᠢᠮ᠎ᠡ ᠲᠡᠵᠢᠭᠡᠯ ᠤᠨ ᠪᠣᠳᠠᠰ ᠢ ᠦᠬᠡᠷ ᠲᠤ ᠰᠢᠩᠭᠡᠭᠡᠬᠦ ᠳᠤ ᠠᠮᠠᠷᠬᠠᠨ ᠪᠠᠶᠢᠳᠠᠭ᠃ ᠮᠠᠯ ᠬᠠᠷᠢᠭᠤᠯᠬᠤ ᠨᠢ ᠦᠬᠡᠷ ᠲᠤ ᠴᠢᠨᠠᠷ ᠰᠠᠶᠢᠲᠠᠢ ᠲᠡᠵᠢᠭᠡᠯ ᠡᠪᠡᠰᠦ ᠢᠳᠡᠭᠦᠯᠵᠦ᠂ ᠢᠳᠡᠰᠢ ᠶᠢᠨ ᠬᠡᠮᠵᠢᠶ᠎ᠡ ᠶᠢ ᠨᠡᠮᠡᠭᠳᠡᠭᠦᠯᠦᠨ᠂ ᠰᠢᠮ᠎ᠡ ᠲᠡᠵᠢᠭᠡᠯ ᠤᠨ ᠬᠢᠷᠢ ᠬᠡᠮᠵᠢᠶ᠎ᠡ ᠶᠢ ᠳᠡᠭᠡᠭᠰᠢᠯᠡᠭᠦᠯᠵᠦ᠂ ᠠᠷᠠᠴᠢᠯᠠᠨ ᠲᠡᠵᠢᠭᠡᠬᠦ ᠥᠪᠡᠷ ᠤᠨ ᠥᠷᠲᠡᠭ ᠢ ᠪᠠᠭᠤᠷᠠᠭᠤᠯᠬᠤ ᠪᠠᠷ ᠪᠠᠷᠠᠬᠤ ᠦᠭᠡᠢ᠂ ᠦᠬᠡᠷ ᠴᠦ ᠭᠦᠢᠴᠡᠳ ᠬᠥᠳᠡᠯᠭᠡᠭᠡᠨ ᠬᠢᠬᠦ ᠶᠢᠨ ᠬᠠᠮᠲᠤ ᠰᠢᠨ᠎ᠡ ᠰᠣᠷᠭᠤᠭ ᠠᠭᠤᠷ ᠠᠮᠢᠰᠬᠤᠯ ᠢ ᠠᠮᠢᠰᠬᠤᠵᠤ ᠲᠠᠶᠢᠯᠤᠨ᠎ᠠ᠃ ᠡᠭᠦᠨ ᠤ ᠬᠠᠮᠲᠤ ᠰᠦᠨ ᠤ ᠭᠠᠷᠤᠯᠲᠠ ᠶᠢ ᠨᠡᠮᠡᠭᠳᠡᠭᠦᠯᠵᠦ᠂ ᠦᠷᠡᠵᠢᠯ ᠤᠨ ᠨᠤᠷᠮ᠎ᠠ ᠶᠢ ᠳᠡᠭᠡᠭᠰᠢᠯᠡᠭᠦᠯᠦᠨ᠎ᠡ᠃ ᠪᠡᠯᠴᠢᠭᠡᠷᠯᠡᠭᠦᠯᠬᠦ ᠶᠠᠪᠤᠴᠠ ᠳᠤ ᠡᠭᠦᠰᠦᠭᠰᠡᠨ ᠪᠠᠭᠠᠰᠤ ᠰᠢᠭᠡᠰᠦ ᠨᠢ ᠪᠡᠯᠴᠢᠭᠡᠷ ᠲᠤ ᠣᠷᠭᠠᠨᠢᠭ ᠪᠣᠷᠳᠣᠭᠤᠷ ᠪᠣᠯᠵᠤ᠂ ᠪᠡᠯᠴᠢᠭᠡᠷ ᠡᠪᠡᠰᠦᠨ ᠤ ᠤᠷᠭᠤᠯᠲᠠ ᠶᠢ ᠠᠬᠢᠭᠤᠯᠬᠤ ᠶᠢᠨ ᠬᠠᠮᠲᠤ ᠣᠷᠴᠢᠨ ᠲᠣᠭᠤᠷᠢᠨ ᠢ ᠬᠠᠮᠠᠭᠠᠯᠠᠬᠤ ᠳᠤ ᠠᠰᠢᠭᠲᠠᠢ ᠶᠤᠮ᠃      ᠭᠤᠷᠪᠠ᠂ ᠦᠷ᠎ᠡ ᠪᠦᠲᠦᠮᠵᠢ      ᠦᠨᠢᠶᠡᠨ ᠤ ᠰᠢᠮ᠎ᠡ ᠲᠡᠵᠢᠭᠡᠯ ᠤᠨ ᠢᠷᠡᠯᠲᠡ ᠨᠢ ᠲᠡᠵᠢᠭᠡᠯ ᠡᠪᠡᠰᠦ ᠪᠠᠷ ᠭᠤᠣᠯ ᠪᠣᠯᠭᠠᠵᠤ᠂ ᠬᠤᠪᠠᠭ᠋ᠠᠢ ᠡᠪᠡᠰᠦᠨ ᠤ ᠤᠯᠠᠷᠢᠯ ᠳᠤ ᠵᠣᠬᠢᠬᠤ ᠬᠡᠮᠵᠢᠶᠡᠨ ᠤ ᠨᠠᠷᠢᠯᠢᠭ ᠪᠣᠷᠳᠤᠭ᠎ᠠ ᠨᠦᠬᠦᠪᠦᠷᠢᠯᠡᠪᠡᠯ᠂ ᠠᠷᠠᠴᠢᠯᠠᠨ ᠲᠡᠵᠢᠭᠡᠬᠦ ᠥᠪᠡᠷ ᠤᠨ ᠥᠷᠲᠡᠭ ᠨᠢ ᠳᠣᠣᠷ᠎ᠠ᠂ ᠬᠥᠳᠡᠯᠮᠦᠷᠢ ᠬᠦᠴᠦᠨ ᠤ ᠬᠤᠷᠣᠭᠳᠠᠯ ᠢᠶᠠᠷ ᠪᠠᠭ᠎ᠠ ᠲᠤᠯᠠ ᠪᠠᠭᠠᠰᠤ ᠰᠢᠭᠡᠰᠦᠨ ᠤ ᠪᠣᠬᠢᠷᠲᠤᠯ ᠢ ᠪᠣᠳᠣᠯᠬᠢᠯᠠᠬᠤ ᠴᠢᠬᠤᠯᠠ ᠦᠭᠡᠢ᠃ ᠪᠡᠯᠴᠢᠭᠡᠷᠯᠡᠭᠦᠯᠦᠨ ᠠᠷᠠᠴᠢᠯᠠᠬᠤ ᠳᠤ ᠣᠷᠣᠭᠤᠯᠤᠯᠲᠠ ᠨᠢ ᠬᠠᠷᠢᠴᠠᠩᠭᠤᠢ ᠪᠠᠭ᠎ᠠ ᠤᠴᠢᠷ ᠠᠴᠠ ᠬᠡᠪᠴᠢᠶᠡᠵᠢᠭᠦᠯᠦᠨ ᠠᠷᠠᠴᠢᠯᠠᠪᠠᠯ ᠲᠡᠵᠢᠭᠡᠯ ᠪᠣᠷᠳᠤᠭ᠎ᠠ ᠶᠢ ᠬᠤᠪᠢᠷᠠᠭᠤᠯᠬᠤ ᠨᠤᠷᠮ᠎ᠠ ᠶᠢ ᠳᠡᠭᠡᠭᠰᠢᠯᠡᠭᠦᠯᠵᠦ᠂ ᠬᠠᠮᠢᠶᠠᠷᠤᠯᠲᠠ ᠶᠢ ᠨᠡᠩ ᠰᠢᠨᠵᠢᠯᠡᠬᠦ ᠤᠬᠠᠭᠠᠨᠴᠢ ᠪᠣᠯᠭᠠᠵᠤ᠂ ᠠᠵᠤ ᠠᠬᠤᠢ ᠶᠢᠨ ᠦᠷ᠎ᠡ ᠠᠰᠢᠭ ᠢ ᠨᠡᠯᠢᠶᠡᠳ ᠥᠨᠳᠥᠷ ᠪᠣᠯᠭᠠᠵᠤ ᠴᠢᠳᠠᠨ᠎ᠠ᠃
 
ᠢᠷᠡᠯᠲᠡ᠄ ᠥᠪᠥᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠶᠢᠨ ᠮᠡᠷᠭᠡᠵᠢᠯ ᠳᠡᠯᠭᠡᠷᠡᠭᠦᠯᠬᠦ ᠲᠥᠪ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号