ᠨᠢᠭᠡ᠂ ᠬᠥᠬᠡ ᠬᠠᠭᠤᠷᠠᠢ ᠡᠪᠡᠰᠦ ᠶᠢ ᠡᠭᠡᠭᠡᠵᠦ ᠬᠠᠳᠠᠭᠠᠬᠤ | ᠬᠠᠳᠤᠭᠰᠠᠨ ᠬᠥᠬᠡ ᠡᠪᠡᠰᠦ ᠪᠠᠨ ᠲᠤᠬᠠᠢ ᠶᠢᠨ ᠭᠠᠵᠠᠷ ᠲᠤᠨᠢ 1-2d ᠳᠡᠯᠭᠡᠵᠦ᠂ ᠳᠤᠮᠳᠠ ᠨᠢ ᠨᠢᠭᠡ | ᠤᠳᠠᠭ᠎ᠠ ᠤᠷᠪᠠᠭᠤᠯᠵᠤ᠂ ᠰᠠᠯᠠᠭ᠎ᠠ ᠨᠠᠮᠠᠭ᠎ᠠ ᠶᠢᠨ ᠤᠰᠤᠨ ᠤ ᠬᠡᠮᠵᠢᠶ᠎ᠡ ᠨᠢ 23% ᠣᠷᠴᠢᠮ ᠪᠣᠯᠬᠤ ᠦᠶ᠎ᠡ ᠳᠤ | ᠪᠣᠭᠤᠵᠢᠯᠠᠵᠤ᠂ ᠲᠠᠷᠢᠶᠠᠨ ᠳᠤ ᠲᠠᠯᠪᠢᠵᠤ᠂ ᠪᠦᠷᠢᠮᠦᠰᠦᠨ ᠬᠠᠳᠠᠭᠰᠠᠨ ᠤ ᠳᠠᠷᠠᠭ᠎ᠠ ᠲᠡᠭᠡᠭᠡᠪᠦᠷᠢᠯᠡᠨ ᠠᠪᠴᠢᠷᠠᠵᠤ | ᠬᠠᠳᠠᠭᠠᠯᠠᠨ᠎ᠠ᠃ ᠪᠠᠰᠠ ᠨᠡᠷᠡᠨ ᠳᠤ ᠡᠭᠡᠭᠡᠬᠦ ᠭᠠᠵᠠᠷ ᠲᠤ ᠳᠠᠬᠢᠨ ᠡᠭᠡᠭᠡᠵᠦ ᠬᠠᠲᠠᠭᠠᠭᠰᠠᠨ ᠤ ᠳᠠᠷᠠᠭ᠎ᠠ ᠴᠠᠭ ᠲᠤᠬᠠᠢ | ᠳᠤᠨᠢ ᠬᠠᠳᠠᠭᠠᠯᠠᠵᠤ ᠪᠣᠯᠣᠨ᠎ᠠ᠂ ᠨᠡᠷᠡᠨ ᠳᠤ ᠡᠭᠡᠭᠡᠭᠰᠡᠨ ᠬᠥᠬᠡ ᠬᠠᠭᠤᠷᠠᠢ ᠡᠪᠡᠰᠦᠨ ᠤ ᠤᠰᠤᠨ ᠤ ᠠᠭᠤᠯᠤᠭᠳᠠᠴᠠ ᠶᠢ | 14% ᠠᠴᠠ ᠳᠣᠷᠣᠭᠰᠢ ᠪᠠᠶᠢᠯᠭᠠᠬᠤ ᠶᠢ ᠪᠠᠲᠤᠯᠠᠨ᠎ᠠ᠃ | ᠡᠪᠡᠰᠦ ᠬᠤᠷᠢᠶᠠᠬᠤ ᠶᠠᠰᠤ ᠴᠢᠨᠠᠷ ᠤᠨ ᠱᠠᠭᠠᠷᠳᠠᠯᠭ᠎ᠠ᠄ ᠡᠷᠬᠡᠪᠰᠢ ᠠᠰ ᠰᠢᠯᠤᠭᠤᠨ ᠢᠶᠠᠷ ᠳᠠᠯᠠᠩᠳᠠᠬᠤ ᠬᠡᠷᠡᠭᠲᠡᠢ᠂ | ᠰᠢᠷᠣᠢ ᠪᠣᠯᠣᠨ ᠪᠤᠰᠤᠳ ᠶᠠᠭᠤᠮ᠎ᠠ ᠬᠡᠦᠮ᠎ᠡ ᠶᠢ ᠡᠪᠡᠰᠦᠨ ᠣᠪᠣᠭᠠᠨ ᠳᠤ ᠣᠷᠤᠭᠤᠯᠵᠤ ᠪᠣᠯᠬᠤ ᠦᠭᠡᠢ᠃ ᠳᠠᠬᠢᠨ | ᠳᠠᠪᠲᠠᠨ ᠡᠪᠡᠰᠦ ᠬᠤᠷᠢᠶᠠᠬᠤ ᠪᠤᠶᠤ ᠭᠤᠭᠤᠵᠢᠭᠤᠯᠵᠤ ᠪᠣᠯᠬᠤ ᠦᠭᠡᠢ᠂ ᠬᠤᠷᠢᠶᠠᠵᠤ ᠪᠠᠷᠠᠭᠰᠠᠨ ᠤ ᠳᠠᠷᠠᠭᠠᠬᠢ | ᠡᠪᠡᠰᠦᠨ ᠣᠪᠣᠭᠠᠨ ᠤ ᠬᠡᠮᠵᠢᠶ᠎ᠡ ᠨᠢ ᠵᠢᠭᠳᠡ ᠪᠥᠭᠡᠳ ᠪᠣᠭᠤᠵᠢᠯᠠᠬᠤ ᠮᠠᠰᠢᠨ ᠤ ᠮᠠᠲ᠋ᠧᠷᠢᠶᠠᠯ ᠣᠷᠣᠭᠤᠯᠬᠤ | ᠱᠠᠭᠠᠷᠳᠠᠯᠭ᠎ᠠ ᠳᠤ ᠨᠡᠶᠢᠴᠡᠭᠰᠡᠨ ᠪᠠᠶᠢᠬᠤ ᠬᠡᠷᠡᠭᠲᠡᠢ᠃ | ᠪᠣᠭᠤᠵᠢᠯᠠᠬᠤ ᠴᠢᠨᠠᠷ ᠤᠨ ᠱᠠᠭᠠᠷᠳᠠᠯᠭ᠎ᠠ᠄ ᠨᠣᠬᠠᠢ ᠶᠢᠨ ᠬᠤᠰᠢᠭᠤ ᠶᠢᠨ ᠤᠰᠤ ᠶᠢᠨ ᠬᠡᠮᠵᠢᠶ᠎ᠡ ᠶᠢ | 10%-14% ᠳᠤ ᠬᠢᠵᠠᠭᠠᠷᠯᠠᠵᠤ᠂ ᠪᠣᠭᠤᠵᠢᠯᠠᠬᠤ ᠨᠢᠭᠲᠠᠴᠠ ᠶᠢ 260-270kg/m3 ᠳᠤ ᠬᠢᠵᠠᠭᠠᠷᠯᠠᠬᠤ | ᠬᠡᠷᠡᠭᠲᠡᠢ᠃ | ᠬᠤᠶᠠᠷ᠂ ᠨᠣᠬᠠᠢ ᠶᠢᠨ ᠬᠤᠰᠢᠭᠤ ᠶᠢ ᠳᠠᠷᠤᠰᠢᠭᠤᠯᠬᠤ | ᠨᠣᠬᠠᠢ ᠶᠢᠨ ᠬᠤᠰᠢᠭᠤ ᠶᠢ ᠳᠠᠷᠤᠰᠢᠭᠤᠯᠬᠤ ᠨᠢ ᠡᠷᠳᠡᠨᠢ ᠰᠢᠰᠢ ᠶᠢ ᠳᠠᠷᠤᠰᠢᠭᠤᠯᠬᠤ ᠲᠠᠢ ᠠᠳᠠᠯᠢᠪᠲᠤᠷ᠂ | ᠨᠣᠬᠠᠢ ᠶᠢᠨ ᠬᠤᠰᠢᠭᠤ ᠨᠢ ᠳᠠᠷᠤᠰᠢᠭᠤᠯᠬᠤ ᠵᠣᠭᠤᠷᠢ ᠶᠢᠨ ᠬᠡᠯᠪᠡᠷᠢ ᠶᠢ ᠬᠡᠷᠡᠭᠯᠡᠵᠦ᠂ ᠤᠰᠤ ᠶᠢᠨ ᠬᠡᠮᠵᠢᠶ᠎ᠡ ᠶᠢ ᠨᠢ | 55%-65% ᠳᠤ ᠬᠢᠵᠠᠭᠠᠷᠯᠠᠵᠤ᠂ ᠬᠡᠷᠴᠢᠬᠦ ᠣᠷᠳᠣ ᠨᠢ ᠶᠡᠷᠦ ᠳᠡᠭᠡᠨ 2-3cm ᠪᠠᠶᠢᠯᠭᠠᠨ᠎ᠠ᠃ ᠬᠡᠷᠪᠡ ᠤᠰᠤᠨ ᠤ | ᠬᠡᠮᠵᠢᠶ᠎ᠡ ᠨᠢ 55% ᠠᠴᠠ ᠳᠣᠣᠷ᠎ᠠ ᠪᠠᠶᠢᠪᠠᠯ᠂ ᠭᠡᠷᠴᠢᠬᠦ ᠤᠷᠲᠤ ᠶᠢᠨ ᠬᠡᠮᠵᠢᠶ᠎ᠡ ᠶᠢ1cm ᠳᠣᠷᠤᠭᠰᠢᠯᠠᠭᠤᠯᠪᠠᠯ | ᠲᠠᠷᠤᠰᠢᠭᠤᠯᠵᠦ ᠪᠤᠯᠤᠩᠨᠠᠬᠤ᠃ ᠳᠠᠷᠤᠯᠲᠠ ᠶᠢ 750kg/m3 ᠪᠠᠶᠢᠯᠭᠠᠨ᠎ᠠ︔ ᠥᠷᠭᠡᠨ ᠳᠤᠭᠤᠶᠢᠯᠠᠪᠤᠷᠢ ᠪᠠᠷ | ᠪᠠᠭᠲᠠᠭᠠᠮᠵᠢ ᠶᠢ ᠳᠠᠷᠤᠵᠤ᠂ ᠶᠡᠭᠡ ᠪᠠᠭ᠎ᠠ ᠲᠷᠠᠺᠲ᠋ᠣᠷ ᠢ ᠬᠠᠪᠰᠤᠷᠭᠠᠨ ᠬᠡᠷᠡᠭᠯᠡᠵᠦ᠂ ᠬᠡᠷᠪᠡ 1d ᠳᠤ ᠳᠠᠷᠤᠵᠤ ᠪᠠᠷᠠᠬᠤ | ᠦᠭᠡᠢ ᠪᠣᠯ ᠪᠦᠲᠡᠭᠡᠬᠦ ᠬᠡᠷᠡᠭᠲᠡᠢ᠃ ᠬᠦᠬᠡ ᠳᠠᠷᠤᠰᠢ ᠪᠣᠭᠤᠵᠢᠯᠠᠵᠤ ᠳᠠᠷᠤᠰᠢᠭᠤᠯᠬᠤ ᠮᠠᠰᠢᠨ ᠲᠥᠬᠦᠭᠡᠷᠦᠮᠵᠢ ᠪᠠᠷ | ᠬᠦᠬᠡ ᠳᠠᠷᠤᠰᠢ ᠪᠣᠭᠤᠵᠢᠯᠠᠵᠤ ᠳᠠᠷᠤᠰᠢᠭᠤᠯᠤᠨ᠂ ᠳᠡᠵᠢᠭᠡᠯ ᠡᠪᠡᠰᠦ ᠪᠣᠷᠳᠣᠭᠠᠨ ᠤ ᠤᠰᠤᠨ ᠤ ᠠᠭᠤᠯᠤᠭᠳᠠᠴᠠ ᠶᠢ | 60%-65% ᠳᠤ ᠬᠢᠵᠠᠭᠠᠷᠯᠠᠬᠤ ᠬᠡᠷᠡᠭᠲᠡᠢ᠃ |