ᠮᠠᠨ ᠤ ᠣᠷᠣᠨ ᠪᠣᠷᠣ ᠴᠠᠷᠭᠠᠰᠤ ᠡᠷᠳᠡᠨᠢ ᠰᠢᠰᠢ ᠶᠢ ᠠᠯᠠᠭᠯᠠᠨ ᠳᠠᠷᠢᠬᠤ ᠰᠢᠨ᠎ᠡ ᠵᠠᠭᠪᠤᠷ ᠢ ᠳᠡᠯᠭᠡᠷᠡᠭᠦᠯᠵᠦ ᠡᠬᠢᠯᠡᠪᠡ
ᠨᠡᠶᠢᠲᠡᠯᠡᠭᠰᠡᠨ ᠴᠠᠭ᠄
2024/9/2
      ᠠᠮᠤ ᠪᠤᠳᠠᠭᠠᠨ ᠤ ᠠᠮᠤᠷ ᠲᠦᠪᠰᠢᠨ ᠢ ᠪᠦᠲᠦᠮᠵᠢᠲᠡᠶ ᠪᠠᠲᠤᠯᠠᠬᠤ ᠶᠢᠨ ᠬᠠᠮᠲᠤ ᠲᠠᠷᠢᠶᠠᠯᠠᠩ ᠤᠨ ᠦᠷᠭᠦᠯᠵᠢᠯᠡᠬᠦ ᠬᠥᠭᠵᠢᠯᠲᠡ ᠶᠢᠨ ᠵᠠᠭᠪᠤᠷ ᠢ ᠪᠡᠶᠡᠯᠡᠭᠦᠯᠬᠦ ᠶᠢᠨ ᠲᠥᠯᠥᠭᠡ᠂ ᠤᠯᠤᠰ ᠤᠨ ᠲᠡᠵᠢᠭᠡᠯ ᠡᠪᠡᠰᠦᠨ ᠤ ᠠᠵᠤ ᠦᠢᠯᠡᠰ ᠤᠨ ᠮᠡᠷᠭᠡᠵᠢᠯ ᠤᠨ ᠰᠢᠰᠲ᠋ᠧᠮ ᠤᠨ ᠬᠢᠨ ᠪᠣᠷᠣ ᠴᠠᠷᠭᠠᠰᠤ ᠡᠷᠳᠡᠨᠢ ᠰᠢᠰᠢ ᠶᠢ ᠠᠯᠠᠭᠯᠠᠨ ᠳᠠᠷᠢᠬᠤ ᠥᠨᠳᠥᠷ ᠪᠦᠲᠦᠮᠵᠢᠲᠡᠶ ᠦᠢᠯᠡᠳᠪᠦᠷᠢᠯᠡᠯ ᠤᠨ ᠮᠡᠷᠭᠡᠵᠢᠯ ᠢ ᠰᠤᠳᠤᠯᠤᠨ ᠨᠡᠭᠡᠭᠡᠵᠦ᠂ ᠠᠯᠠᠭᠯᠠᠨ ᠲᠠᠷᠢᠬᠤ ᠰᠢᠨ᠎ᠡ ᠵᠠᠭᠪᠤᠷ ᠢ ᠳᠡᠯᠭᠡᠷᠡᠭᠦᠯᠵᠦ ᠡᠬᠢᠯᠡᠪᠡ᠃      ᠪᠣᠷᠣ ᠴᠠᠷᠭᠠᠰᠤ ᠡᠷᠳᠡᠨᠢ ᠰᠢᠰᠢ ᠶᠢ ᠠᠯᠠᠭᠯᠠᠨ ᠳᠠᠷᠢᠬᠤ ᠮᠡᠷᠭᠡᠵᠢᠯ ᠨᠢ 2021 ᠣᠨ ᠤ ᠬᠥᠳᠡᠭᠡ ᠠᠵᠤ ᠠᠬᠤᠢ ᠬᠥᠳᠡᠭᠡ ᠲᠣᠰᠬᠤᠨ ᠤ ᠶᠠᠮᠤᠨ ᠤ ᠴᠢᠬᠤᠯᠠ ᠶᠡᠭᠡ ᠬᠥᠲᠥᠯᠥᠨ ᠳᠠᠭᠠᠭᠤᠯᠬᠤ ᠴᠢᠨᠠᠷᠲᠠᠢ ᠮᠡᠷᠭᠡᠵᠢᠯ - ︽ᠪᠣᠷᠣ ᠴᠠᠷᠭᠠᠰᠤ ᠬᠥᠬᠡ ᠳᠠᠷᠤᠰᠢ ᠶᠢᠨ ᠡᠷᠳᠡᠨᠢ ᠰᠢᠰᠢ ᠶᠢ ᠠᠯᠠᠭᠯᠠᠨ ᠲᠠᠷᠢᠬᠤ ᠮᠡᠷᠭᠡᠵᠢᠯ︾ ᠤᠨ ᠰᠠᠭᠤᠷᠢᠨ ᠳᠡᠭᠡᠷ᠎ᠡ᠂ ᠤᠯᠤᠰ  ᠤᠨ ᠲᠡᠵᠢᠭᠡᠯ ᠡᠪᠡᠰᠦᠨ ᠤ ᠠᠵᠤ ᠦᠢᠯᠡᠰ ᠤᠨ ᠮᠡᠷᠭᠡᠵᠢᠯ ᠤᠨ ᠰᠢᠰᠲ᠋ᠧᠮ ᠤᠨ ᠬᠢᠨ ᠪᠦᠭᠦ ᠠᠵᠤ ᠦᠢᠯᠡᠰ ᠤᠨ ᠬᠡᠯᠬᠢᠶ᠎ᠡ ᠶᠢᠨ ᠰᠤᠳᠤᠯᠤᠨ ᠨᠡᠭᠡᠭᠡᠬᠦ ᠳᠠᠪᠠᠭᠤᠯᠢᠭ ᠲᠤ ᠲᠦᠰᠢᠭᠯᠡᠨ᠂ ᠳᠠᠷᠢᠬᠤ ᠵᠠᠭᠪᠤᠷ᠂ ᠡᠪᠡᠳᠴᠢᠨ ᠬᠤᠷᠣᠬᠠᠢ ᠡᠪᠡᠰᠦᠨ ᠤ ᠬᠥᠨᠥᠭᠡᠯ ᠢ ᠰᠡᠷᠭᠡᠶᠢᠯᠡᠨ ᠡᠵᠡᠮᠳᠡᠬᠦ᠂ ᠤᠰᠤ ᠪᠣᠷᠳᠣᠭᠤᠷ ᠤᠨ ᠬᠠᠮᠢᠶᠠᠷᠤᠯᠲᠠ᠂ ᠮᠠᠰᠢᠨ ᠮᠧᠬᠠᠨᠢᠭ ᠤᠨ ᠬᠡᠷᠡᠭᠯᠡᠯᠲᠡ ᠵᠢᠴᠢ ᠡᠳ᠋ᠰᠢᠭᠦᠯᠦᠨ ᠪᠤᠯᠪᠠᠰᠤᠷᠠᠭᠤᠯᠵᠤ ᠠᠰᠢᠭᠯᠠᠬᠤ ᠵᠡᠷᠭᠡ ᠣᠯᠠᠨ ᠲᠠᠯ᠎ᠠ ᠪᠠᠷ ᠮᠡᠷᠭᠡᠵᠢᠯ ᠤᠨ ᠰᠢᠨ᠎ᠡ ᠰᠢᠪᠲᠤᠯᠤᠯᠲᠠ ᠶᠢ ᠪᠡᠶᠡᠯᠡᠭᠦᠯᠪᠡ᠃      ᠣᠶᠢᠯᠠᠭᠠᠭᠰᠠᠨ ᠢᠶᠠᠷ᠂ ᠪᠣᠷᠣ ᠴᠠᠷᠭᠠᠰᠤ ᠡᠷᠳᠡᠨᠢ ᠰᠢᠰᠢ ᠶᠢ ᠠᠯᠠᠭᠯᠠᠨ ᠲᠠᠷᠢᠬᠤ ᠵᠠᠭᠪᠤᠷ ᠨᠢ ᠡᠷᠳᠡᠨᠢ ᠰᠢᠰᠢ ᠶᠢ ᠨᠢᠭᠲᠠ ᠲᠠᠷᠢᠬᠤ ᠪᠠᠷ ᠳᠠᠮᠵᠢᠨ᠂ ᠡᠷᠳᠡᠨᠢ ᠰᠢᠰᠢ ᠶᠢᠨ ᠤᠨᠠᠯᠲᠠ ᠶᠢ ᠪᠦᠲᠦᠮᠵᠢᠲᠡᠢ ᠨᠡᠮᠡᠭᠳᠡᠭᠦᠯᠦᠨ᠎ᠡ᠃ ᠡᠭᠦᠨ ᠤ ᠬᠠᠮᠲᠤ᠂ ᠪᠣᠷᠣ ᠴᠠᠷᠭᠠᠰᠤ ᠶᠢ ᠲᠠᠷᠢᠮᠠᠯ ᠤᠨ ᠡᠰᠢ ᠰᠦᠷᠡᠯ ᠲᠠᠢ ᠵᠡᠷᠭᠡ ᠪᠠᠷ ᠬᠤᠷᠢᠶᠠᠵᠤ ᠬᠥᠬᠡ ᠳᠠᠷᠤᠰᠢ ᠪᠤᠯᠭᠠᠬᠤ ᠠᠷᠭ᠎ᠠ ᠶᠢ ᠰᠢᠨ᠎ᠡ ᠶᠢ ᠡᠭᠦᠳᠬᠦ ᠴᠢᠨᠠᠷᠲᠠᠢ ᠳᠤᠷᠠᠳᠴᠤ᠂ ᠮᠠᠨ ᠤ ᠣᠷᠣᠨ ᠤ ᠪᠣᠷᠣᠭᠠᠨ ᠤ ᠤᠯᠠᠷᠢᠯ ᠳᠤ ᠪᠣᠷᠣ ᠴᠠᠷᠭᠠᠰᠤ ᠶᠢ ᠬᠤᠷᠢᠶᠠᠵᠤ ᠠᠪᠬᠤ ᠳᠤ ᠲᠤᠯᠭᠠᠷᠠᠬᠤ ᠬᠦᠴᠢᠷ ᠠᠰᠠᠭᠤᠳᠠᠯ ᠢ ᠰᠢᠢᠳᠪᠦᠷᠢᠯᠡᠬᠦ ᠳᠤ ᠪᠦᠲᠦᠮᠵᠢᠲᠡᠢ ᠲᠥᠰᠥᠯ ᠬᠠᠩᠭᠠᠪᠠ᠃ ᠬᠢᠨᠠᠨ ᠬᠡᠮᠵᠢᠭᠰᠡᠨ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠪᠣᠷᠣ ᠴᠠᠷᠭᠠᠰᠤ ᠡᠷᠳᠡᠨᠢ ᠰᠢᠰᠢ ᠶᠢ ᠠᠯᠠᠭᠯᠠᠨ ᠳᠠᠷᠢᠬᠤ ᠪᠠᠷ ᠳᠡᠮᠵᠢᠨ᠂ ᠭᠠᠵᠠᠷ ᠰᠢᠷᠣᠢ ᠠᠰᠢᠭᠯᠠᠬᠤ ᠦᠷ᠎ᠡ ᠪᠦᠲᠦᠮᠵᠢ ᠬᠤᠶᠠᠭᠤᠯᠠ ᠶᠢ ᠲᠤᠰᠠᠭᠠᠷ ᠳᠠᠷᠢᠬᠤ ᠠᠴᠠ 30% ᠪᠠᠷ ᠳᠡᠭᠡᠭᠰᠢᠯᠡᠵᠦ᠂ ᠲᠤᠬᠠᠢ ᠶᠢᠨ ᠵᠢᠯ ᠤᠨ ᠲᠠᠷᠢᠮᠠᠯ ᠤᠨ ᠬᠠᠭᠤᠷᠠᠢ ᠪᠦᠲᠦᠭᠡᠭᠳᠡᠬᠦᠨ ᠤ ᠶᠡᠷᠦᠩᠬᠡᠢ ᠭᠠᠷᠤᠯᠲᠠ ᠨᠢ ᠳᠤᠮᠳᠠᠴᠢ ᠪᠠᠷ 30.83 ᠲᠣᠨ/ᠾᠧᠺᠲ᠋ᠠᠷ ᠲᠤ ᠬᠦᠷᠬᠦ ᠪᠣᠯᠣᠨ᠎ᠠ᠃ ᠲᠣᠰ ᠮᠡᠷᠭᠡᠵᠢᠯ ᠨᠢ ᠵᠣᠨ ᠤ ᠤᠯᠠᠷᠢᠯ ᠤᠨ ᠭᠡᠷᠡᠯ ᠪᠣᠷᠣᠭᠠᠨ ᠢᠯᠴᠢ ᠶᠢᠨ ᠡᠬᠢ ᠪᠠᠶᠠᠯᠢᠭ ᠢ ᠪᠦᠲᠦᠮᠵᠢᠲᠡᠶ ᠠᠰᠢᠭᠯᠠᠵᠤ᠂ ᠬᠤᠶᠠᠷ ᠵᠦᠢᠯ ᠤᠨ ᠲᠠᠷᠢᠮᠠᠯ ᠤᠨ ᠳᠠᠪᠠᠭᠤᠯᠢᠭ ᠢᠶᠠᠨ ᠬᠠᠷᠢᠯᠴᠠᠨ ᠨᠥᠬᠦᠪᠦᠷᠢᠯᠡᠬᠦ᠂ ᠤᠨᠠᠯᠲᠠ ᠶᠢ ᠳᠡᠭᠡᠭᠰᠢᠯᠡᠭᠦᠯᠭᠦ ᠪᠠ ᠭᠠᠵᠠᠷ ᠰᠢᠷᠣᠢ ᠶᠢᠨ ᠠᠰᠢᠭᠯᠠᠮᠵᠢ ᠶᠢ ᠢᠯᠡᠳᠲᠡ ᠳᠡᠭᠡᠭᠰᠢᠯᠡᠭᠦᠯᠭᠦ ᠶᠢ ᠪᠡᠶᠡᠯᠡᠭᠦᠯᠵᠦ᠂ ᠡᠬᠢ ᠪᠠᠶᠠᠯᠢᠭ ᠤᠨ ᠬᠤᠷᠣᠭᠳᠠᠯ ᠵᠢᠴᠢ ᠣᠷᠴᠢᠨ ᠲᠣᠭᠤᠷᠢᠨ ᠤ ᠳᠠᠷᠤᠯᠲᠠ ᠶᠢ ᠨᠠᠮᠳᠠᠭᠤᠯᠵᠤ᠂ ᠠᠵᠤ ᠠᠬᠤᠢ ᠪᠠ ᠠᠮᠢ ᠠᠬᠤᠢ ᠶᠢᠨ ᠬᠤᠣᠰ ᠦᠷ᠎ᠡ ᠠᠰᠢᠭ ᠪᠡᠶᠡᠯᠡᠭᠦᠯᠦᠭᠰᠡᠨ ᠶᠤᠮ᠃ᠣᠳᠣᠬᠠᠨ ᠳᠤ᠂ ᠤᠯᠤᠰ ᠤᠨ ᠲᠡᠵᠢᠭᠡᠯ ᠡᠪᠡᠰᠦᠨ ᠤ ᠠᠵᠤ ᠦᠢᠯᠡᠰ ᠤᠨ ᠮᠡᠷᠭᠡᠵᠢᠯ ᠤᠨ ᠰᠢᠰᠲ᠋ᠧᠮ ᠳᠤ ᠲᠦᠰᠢᠭᠯᠡᠨ ᠪᠣᠷᠣ ᠴᠠᠷᠭᠠᠰᠤ ᠡᠷᠳᠡᠨᠢ ᠰᠢᠰᠢ ᠶᠢ ᠠᠯᠠᠭᠯᠠᠨ ᠳᠠᠷᠢᠬᠤ ᠰᠢᠨ᠎ᠡ ᠵᠠᠭᠪᠤᠷ ᠢ ᠮᠠᠨ ᠤ ᠣᠷᠣᠨ ᠤ ᠣᠯᠠᠨ ᠭᠠᠵᠠᠷ ᠲᠤ ᠵᠢᠱᠢᠶ᠎ᠡ ᠦᠵᠡᠭᠦᠯᠦᠨ ᠳᠡᠯᠭᠡᠷᠡᠭᠦᠯᠵᠦ ᠡᠬᠢᠯᠡᠭᠰᠡᠨ ᠪᠠᠶᠢᠨ᠎ᠠ᠃
 
ᠢᠷᠡᠯᠲᠡ᠄ ᠳᠤᠮᠳᠠᠲᠦ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号